ᠶᠧᠷᠧᠮᠢᠶ᠎ᠠ ᠳᠥᠷᠪᠡ
1 《ᠡᠷᠭᠢᠶ᠎ᠡ ᠭᠡᠪᠡᠯ ᠢᠰᠷᠧᠯ ᠡ᠂ ᠨᠠᠳᠠ ᠤᠷᠤᠭᠤ ᠢᠷ᠎ᠡ ᠶᠣᠬᠣᠸᠠ ᠪᠢ ᠠᠢᠯᠠᠳᠴᠤ ᠪᠠᠢᠨ᠎ᠠ ᠥᠪᠡᠷ ᠦᠨ ᠮᠢᠨᠢ ᠣᠷᠣᠰᠢᠬᠤᠢ ᠠᠴᠠ ᠵᠢᠭᠰᠢᠭᠦᠷᠢᠲᠦ ᠵᠦᠢᠯᠡᠰ ᠢᠶᠡᠨ ᠵᠠᠢᠯᠠᠭᠤᠯᠵᠤ ᠲᠡᠨᠦᠬᠦ ᠪᠡᠨ ᠪᠣᠯᠢᠵᠤ
2 ᠦᠨᠡᠨ᠂ ᠰᠢᠳᠤᠷᠭᠤ᠂ ᠵᠥᠪ ᠢᠶᠡᠷ ᠠᠮᠢᠳᠤ ᠶᠣᠬᠣᠸᠠ ᠶᠢᠨ ᠨᠡᠷ᠎ᠡ ᠪᠡᠷ ᠲᠠᠩ᠋ᠭᠠᠷᠢᠭᠯᠠᠪᠠᠯ ᠦᠨᠳᠦᠰᠦᠲᠡᠨ ᠨᠦᠭᠦᠳ ᠴᠤ ᠶᠣᠬᠣᠸᠠ ᠳᠤ ᠢᠪᠡᠭᠡᠭᠳᠡᠵᠦ ᠲᠡᠭᠦᠨ ᠢ ᠠᠯᠳᠠᠷᠰᠢᠭᠤᠯᠬᠤ ᠪᠣᠯᠣᠨ᠎ᠠ
3 ᠶᠦᠳᠠ ᠪᠣᠯᠣᠨ ᠶᠧᠷᠦ᠋ᠰᠠᠯᠧᠮ ᠤᠨ ᠬᠥᠮᠦᠰ ᠲᠦ ᠶᠣᠬᠣᠸᠠ ᠢᠩᠭᠢᠵᠦ ᠠᠢᠯᠠᠳᠴᠤ ᠪᠠᠢᠨ᠎ᠠ᠄ 《ᠬᠠᠭᠠᠯᠤᠭ᠎ᠠ ᠦᠭᠡᠢ ᠭᠠᠵᠠᠷ ᠢᠶᠠᠨ ᠬᠠᠭᠠᠯ ᠥᠷᠭᠡᠰᠦᠨ ᠳᠤᠮᠳᠠ ᠦᠷ᠎ᠡ ᠪᠦᠦ ᠲᠠᠷᠢ
4 ᠶᠦᠳᠠ ᠶᠢᠨ ᠬᠥᠮᠦᠰ ᠪᠣᠯᠣᠨ ᠶᠧᠷᠦ᠋ᠰᠠᠯᠧᠮ ᠤᠨ ᠰᠠᠭᠤᠭᠠᠯᠢᠴᠢᠳ ᠡ ᠶᠣᠬᠣᠸᠠ ᠶᠢᠨ ᠡᠮᠦᠨ᠎ᠡ ᠥᠪᠡᠷᠰᠡᠳ ᠲᠡᠭᠡᠨ ᠬᠥᠪᠴᠢᠷᠬᠡᠢ ᠬᠥᠨᠳᠡᠭᠦᠯ ᠵᠢᠷᠦᠬᠡᠨ ᠳᠡᠭᠡᠨ ᠬᠥᠪᠴᠢᠷᠬᠡᠢ ᠬᠥᠨᠳᠡᠭᠦᠯ ᠡᠰᠡ ᠲᠡᠭᠡᠪᠡᠯ ᠥᠭᠡᠳᠡ ᠦᠭᠡᠢ ᠶᠠᠪᠤᠳᠠᠯ ᠠᠴᠠ ᠴᠢᠨᠢ ᠪᠣᠯᠵᠤ ᠠᠭᠤᠷ ᠬᠢᠯᠢᠩ ᠮᠢᠨᠢ ᠭᠠᠯ ᠮᠡᠲᠦ ᠳᠦᠷᠡᠯᠵᠡᠵᠦ ᠤᠨᠲᠠᠷᠠᠰᠢ ᠦᠭᠡᠢ ᠰᠢᠲᠠᠨ᠎ᠠ᠃》
ᠤᠮᠠᠷᠠᠲᠤ ᠠᠴᠠ ᠢᠷᠡᠬᠦ ᠭᠠᠮᠰᠢᠭ
5 ᠶᠦᠳᠠ ᠳᠤ ᠵᠠᠷᠯᠠᠨ᠂ ᠶᠧᠷᠦ᠋ᠰᠠᠯᠧᠮ ᠳᠤ ᠰᠣᠨᠣᠰᠬᠠᠵᠤ 《ᠡᠪᠡᠷ ᠪᠦᠷᠢᠶ᠎ᠡ ᠶᠢ ᠨᠤᠲᠤᠭ ᠳᠠᠶᠠᠭᠠᠷ ᠦᠯᠢᠶᠡᠭᠲᠦᠨ ᠭᠡᠵᠦ ᠬᠡᠯᠡ᠂ ᠴᠢᠩᠭ᠍᠎ᠠ ᠳᠠᠭᠤ ᠪᠠᠷ 〈ᠴᠤᠭᠯᠠᠷᠠᠵᠠᠭᠠ᠂ ᠪᠡᠬᠢᠯᠡᠯᠲᠡᠲᠦ ᠬᠣᠲᠠ ᠤᠷᠤᠭᠤ ᠵᠢᠭᠤᠲᠠᠶ᠎ᠠ〉 ᠭᠡᠵᠦ ᠬᠡᠯᠡ
6 ᠽᠢᠶᠣᠨ ᠲᠡᠰᠢ ᠲᠤᠭ ᠢᠶᠠᠨ ᠡᠷᠭᠦ︕ ᠬᠣᠷᠭᠣᠳᠠᠬᠤ ᠭᠠᠵᠠᠷ ᠬᠠᠢᠵᠤ ᠵᠢᠭᠤᠲᠠ᠂ ᠪᠦᠦ ᠵᠣᠭᠰᠣ ᠬᠣᠢᠲᠤ ᠵᠦᠭ ᠡᠴᠡ ᠪᠢ ᠭᠠᠢ ᠭᠠᠮᠰᠢᠭ ᠪᠣᠯᠣᠨ ᠠᠶᠤᠮᠰᠢᠭᠲᠤ ᠰᠦᠢᠷᠡᠯ ᠢ ᠠᠪᠴᠢᠷᠠᠵᠤ ᠪᠠᠢᠨ᠎ᠠ᠃
7 ᠠᠷᠰᠯᠠᠨ ᠣᠢ ᠰᠢᠭᠤᠢ ᠠᠴᠠ ᠪᠠᠨ ᠥᠨᠳᠡᠢᠨ ᠦᠨᠳᠦᠰᠦᠲᠡᠨ ᠨᠦᠭᠦᠳ ᠢ ᠤᠰᠠᠳᠬᠠᠭᠴᠢ ᠬᠥᠳᠡᠯᠪᠡ ᠣᠷᠣᠨ ᠨᠤᠲᠤᠭ ᠢ ᠴᠢᠨᠢ ᠤᠰᠠᠳᠬᠠᠬᠤ ᠪᠠᠷ ᠥᠪᠡᠷ ᠦᠨ ᠢᠶᠠᠨ ᠭᠠᠵᠠᠷ ᠠᠴᠠ ᠭᠠᠷᠪᠠ ᠬᠣᠲᠠ ᠲᠣᠰᠬᠣᠳ ᠴᠢᠨᠢ ᠰᠠᠭᠤᠭᠠᠯᠢᠴᠢᠳ ᠦᠭᠡᠢ ᠪᠠᠯᠭᠠᠰᠤ ᠪᠣᠯᠣᠨ᠎ᠠ᠂
8 ᠡᠢᠮᠦ ᠡᠴᠡ ᠲᠠ ᠨᠠᠷ 〈ᠶᠣᠬᠣᠸᠠ ᠶᠢᠨ ᠳᠣᠭᠰᠢᠨ ᠬᠢᠯᠢᠩ ᠪᠢᠳᠡᠨ ᠡᠴᠡ ᠡᠷᠭᠢᠵᠦ ᠪᠤᠴᠠᠭ᠎ᠠ ᠦᠭᠡᠢ〉 ᠭᠡᠵᠦ ᠲᠠᠭᠠᠷ ᠡᠮᠦᠰᠴᠦ ᠭᠠᠰᠢᠭᠤᠳᠠᠨ ᠤᠬᠢᠯᠠ᠃
9 《ᠲᠡᠷᠡ ᠡᠳᠦᠷ ᠬᠠᠭᠠᠨ ᠪᠠ ᠨᠣᠶᠠᠳ ᠵᠢᠷᠦᠬᠡ ᠠᠯᠳᠠᠵᠤ᠂ ᠲᠠᠬᠢᠯᠴᠢᠳ ᠰᠦᠷᠳᠡᠨ᠂ ᠡᠰᠢ ᠦᠵᠡᠭᠦᠯᠦᠭᠴᠢᠳ ᠰᠣᠴᠢᠨ᠎ᠠ》 ᠭᠡᠵᠦ ᠶᠣᠬᠣᠸᠠ ᠠᠢᠯᠠᠳᠴᠤ ᠪᠠᠢᠨ᠎ᠠ᠃ 10 ᠲᠡᠭᠡᠬᠦ ᠳᠦ ᠪᠢ᠄ 《ᠥ᠂ ᠡᠵᠡᠨ ᠶᠣᠬᠣᠸᠠ︕ ᠲᠠ ᠡᠨᠡ ᠠᠷᠠᠳ ᠲᠦᠮᠡᠨ ᠪᠣᠯᠣᠨ ᠶᠧᠷᠦ᠋ᠰᠠᠯᠧᠮ ᠢ ᠦᠨᠡᠬᠡᠷ ᠬᠠᠭᠤᠷᠴᠠᠢ᠃ ᠲᠠ ᠨᠠᠷ ᠲᠤ ᠠᠮᠤᠷ ᠠᠮᠤᠭᠤᠯᠠᠩ ᠪᠠᠢᠬᠤ ᠪᠣᠯᠣᠨ᠎ᠠ ᠭᠡᠵᠦ ᠲᠠ ᠬᠡᠯᠡᠭᠰᠡᠨ ᠪᠣᠯᠪᠠᠴᠤ ᠢᠯᠳᠦ ᠪᠢᠳᠡᠨ ᠦ ᠬᠣᠭᠣᠯᠠᠢ ᠳᠤ ᠲᠤᠯᠤᠭᠰᠠᠨ ᠪᠠᠢᠨ᠎ᠠ》 ᠭᠡᠵᠦ ᠬᠡᠯᠡᠪᠡ᠃
11 ᠲᠡᠷᠡ ᠦᠶ᠎ᠡ ᠳᠦ ᠡᠨᠡ ᠠᠷᠠᠳ ᠲᠦᠮᠡᠨ ᠪᠣᠯᠣᠨ ᠶᠧᠷᠦ᠋ᠰᠠᠯᠧᠮ ᠳᠤ ᠡᠢᠨ ᠬᠦ ᠳᠤᠭᠤᠯᠳᠠᠨ᠎ᠠ᠄ 《ᠪᠦᠭᠴᠢᠮ᠎ᠡ ᠬᠠᠯᠠᠭᠤᠨ ᠰᠠᠯᠬᠢ ᠴᠥᠯ ᠦᠨ ᠨᠢᠴᠦᠭᠦᠨ ᠳᠣᠪᠣ ᠲᠣᠯᠣᠭᠠᠳ ᠠᠴᠠ ᠬᠥᠭᠡᠷᠦᠬᠦᠢ 2 ᠠᠷᠠᠳ ᠲᠦᠮᠡᠨ ᠢ ᠮᠢᠨᠢ ᠴᠢᠭᠯᠡᠨ ᠰᠢᠭᠰᠢᠬᠦ ᠪᠡᠷ ᠴᠤ ᠪᠢᠰᠢ᠂ ᠴᠡᠪᠡᠷᠯᠡᠬᠦ ᠪᠡᠷ ᠴᠤ ᠪᠢᠰᠢ᠂ 12 ᠮᠢᠨᠦ ᠲᠤᠰᠢᠶᠠᠯ ᠢᠶᠠᠷ ᠬᠦᠴᠦᠲᠡᠢ ᠰᠢᠷᠦᠭᠦᠨ ᠢᠷᠡᠵᠦ ᠪᠠᠢᠨ᠎ᠠ᠃ ᠡᠳᠦᠭᠡ ᠪᠢ ᠥᠪᠡᠷ ᠢᠶᠡᠨ ᠲᠡᠳᠡᠨ ᠳᠦ ᠶᠠᠯ᠎ᠠ ᠲᠤᠯᠭᠠᠨ᠎ᠠ᠃》
13 ᠦᠵᠡᠭᠲᠦᠨ᠂ ᠲᠡᠷᠡ ᠪᠡᠷ ᠡᠭᠦᠯᠡ ᠮᠡᠲᠦ ᠥᠭᠰᠥᠵᠦ ᠪᠠᠢᠨ᠎ᠠ ᠬᠥᠰᠬᠡ ᠲᠡᠷᠭᠡ ᠨᠢ ᠬᠤᠢ ᠮᠡᠲᠦ ᠢᠷᠡᠵᠦ ᠪᠠᠢᠨ᠎ᠠ ᠤᠨᠤᠭ᠎ᠠ ᠮᠣᠷᠢ ᠨᠢ ᠪᠦᠷᠭᠦᠳ ᠡᠴᠡ ᠴᠤ ᠬᠤᠷᠳᠤᠨ ᠭᠠᠰᠠᠯᠠᠩᠲᠠᠶ᠎ᠠ᠂ ᠪᠢᠳᠡ ᠰᠦᠢᠷᠡᠬᠦ ᠨᠢ ᠡ︕
14 ᠠᠪᠤᠷᠠᠯ ᠳᠤ ᠬᠦᠷᠦᠶ᠎ᠡ ᠭᠡᠪᠡᠯ ᠵᠢᠷᠦᠬᠡᠨ ᠦ ᠪᠠᠨ ᠪᠤᠵᠠᠷ ᠢ ᠤᠬᠢᠶᠠ᠂ ᠶᠧᠷᠦ᠋ᠰᠠᠯᠧᠮ ᠡ᠂ ᠬᠡᠳᠦᠢ ᠪᠣᠯᠲᠠᠯ᠎ᠠ ᠬᠣᠷᠣᠨ ᠮᠠᠭᠤ ᠰᠠᠨᠠᠭ᠎ᠠ ᠪᠠᠨ ᠡᠪᠦᠷᠯᠡᠬᠦ ᠶᠤᠮ ᠪᠤᠢ︖
15 ᠳ᠋ᠠᠨ ᠠᠴᠠ ᠨᠢᠭᠡᠨ ᠳᠠᠭᠤ ᠴᠤᠤᠷᠢᠶᠠᠲᠤᠵᠤ ᠪᠠᠢᠨ᠎ᠠ ᠡᠹᠷᠠᠢᠮ ᠤᠨ ᠠᠭᠤᠯᠠᠨ ᠠᠴᠠ ᠭᠠᠢ ᠵᠣᠪᠠᠯᠠᠩ ᠤᠨ ᠮᠡᠳᠡᠭᠡ ᠰᠣᠨᠣᠰᠳᠠᠵᠤ ᠪᠠᠢᠨ᠎ᠠ
16 《ᠦᠨᠳᠦᠰᠦᠲᠡᠨ ᠨᠦᠭᠦᠳ ᠲᠦ ᠰᠠᠨᠠᠭᠤᠯᠵᠤ ᠶᠧᠷᠦ᠋ᠰᠠᠯᠧᠮ ᠳᠤ ᠮᠡᠳᠡᠭᠦᠯ 〈ᠶᠡᠬᠡ ᠬᠣᠯᠠ ᠶᠢᠨ ᠣᠷᠣᠨ ᠠᠴᠠ ᠪᠦᠰᠡᠯᠡᠭᠴᠢᠳ ᠢᠷᠡᠵᠦ ᠶᠦᠳᠠ ᠶᠢᠨ ᠬᠣᠲᠠ ᠨᠤᠭᠤᠳ ᠤᠷᠤᠭᠤ ᠤᠤᠬᠠᠢ ᠬᠠᠲᠠᠭᠠᠵᠤ
17 ᠶᠧᠷᠦ᠋ᠰᠠᠯᠧᠮ ᠢ ᠲᠠᠯᠠᠪᠠᠢ ᠶᠢᠨ ᠮᠠᠨᠠᠭᠠᠴᠢ ᠮᠡᠲᠦ ᠪᠦᠰᠡᠯᠡᠵᠦ ᠪᠠᠢᠨ᠎ᠠ ᠶᠠᠭᠠᠬᠢᠭᠠᠳ ᠭᠡᠪᠡᠯ᠂ ᠲᠡᠷᠡ ᠪᠡᠷ ᠨᠠᠳᠠ ᠠᠴᠠ ᠤᠷᠪᠠᠭᠰᠠᠨ ᠪᠢᠯᠡ〉》 ᠶᠣᠬᠣᠸᠠ ᠪᠢ ᠠᠢᠯᠠᠳᠴᠤ ᠪᠠᠢᠨ᠎ᠠ᠃
18 《ᠦᠢᠯᠡᠰ ᠮᠥᠷ ᠴᠢᠨᠢ ᠴᠢᠮ᠎ᠠ ᠳᠤ ᠡᠳᠡᠭᠡᠷ ᠢ ᠠᠪᠴᠢᠷᠠᠵᠠᠢ ᠥᠪᠡᠷ ᠦᠨ ᠴᠢᠨᠢ ᠬᠦᠯᠢᠶᠡᠬᠦ ᠰᠢᠳᠬᠡᠯ ᠨᠢ ᠡᠨᠡ ᠪᠠᠢᠵᠠᠢ ᠡᠪᠡᠳᠴᠢᠨ ᠵᠣᠪᠠᠯᠠᠩ ᠴᠢᠨᠢ ᠭᠠᠰᠢᠭᠤᠨ ᠪᠠᠢᠵᠤ ᠥᠷᠥ ᠵᠢᠷᠦᠬᠡᠨ ᠳᠦ ᠴᠢᠨᠢ ᠬᠦᠷᠴᠦ ᠢᠷᠡᠯ᠎ᠡ᠂
19 ᠰᠡᠳᠬᠢᠯ ᠮᠢᠨᠢ᠂ ᠰᠡᠳᠬᠢᠯ ᠮᠢᠨᠢ︕ ᠪᠢ ᠲᠠᠷᠴᠢᠯᠠᠵᠤ ᠪᠠᠢᠨ᠎ᠠ ᠥ᠂ ᠵᠢᠷᠦᠬᠡᠨ ᠦ ᠮᠢᠨᠢ ᠡᠪᠡᠳᠦᠯᠲᠡ︕ ᠵᠢᠷᠦᠬᠡ ᠮᠢᠨᠢ ᠴᠣᠬᠢᠯᠠᠵᠤ ᠪᠠᠢᠨ᠎ᠠ ᠪᠢ ᠴᠢᠮᠡᠭᠡ ᠦᠭᠡᠢ ᠪᠠᠢᠵᠤ ᠴᠢᠳᠠᠬᠤ ᠦᠭᠡᠢ ᠤᠴᠢᠷ ᠨᠢ ᠮᠢᠨᠦ ᠰᠦᠨᠡᠰᠦ ᠪᠦᠷᠢᠶᠡᠨ ᠳᠠᠭᠤ᠂ ᠪᠠᠢᠯᠳᠤᠭᠠᠨ ᠤ ᠤᠤᠬᠠᠢ ᠶᠢ ᠰᠣᠨᠣᠰᠣᠯ᠎ᠠ᠃
20 ᠭᠠᠮᠰᠢᠭ ᠤᠨ ᠳᠡᠭᠡᠷ᠎ᠡ ᠭᠠᠮᠰᠢᠭ ᠪᠣᠯᠵᠤ ᠭᠠᠵᠠᠷ ᠨᠤᠲᠤᠭ ᠪᠦᠭᠦᠳᠡᠭᠡᠷ ᠰᠦᠢᠳᠬᠡᠭᠳᠡᠵᠡᠢ ᠬᠣᠷᠣᠮᠬᠠᠨ᠎ᠠ ᠮᠠᠢᠬᠠᠨ ᠨᠤᠭᠤᠳ ᠮᠢᠨᠢ ᠬᠣᠭᠣᠰᠣᠷᠠᠵᠤ ᠬᠥᠰᠢᠭᠡ ᠨᠦᠭᠦᠳ ᠴᠤ ᠭᠱᠠᠨ ᠵᠠᠭᠤᠷ᠎ᠠ ᠠᠯᠠᠭ᠎ᠠ ᠪᠣᠯᠵᠠᠢ᠂
21 ᠬᠡᠳᠦᠢ ᠪᠣᠯᠲᠠᠯ᠎ᠠ ᠪᠢ ᠲᠤᠭ ᠬᠠᠷᠠᠵᠤ᠂ ᠪᠦᠷᠢᠶᠡᠨ ᠳᠠᠭᠤ ᠰᠣᠨᠣᠰᠣᠭᠠᠳ ᠪᠠᠢᠬᠤ ᠶᠣᠰᠣᠲᠠᠢ ᠶᠤᠮ ᠪᠤᠢ︖
22 《ᠠᠷᠠᠳ ᠲᠦᠮᠡᠨ ᠮᠢᠨᠢ ᠦᠨᠡᠬᠡᠷ ᠮᠤᠩ᠋ᠬᠠᠭ ᠨᠠᠮᠠᠶᠢ ᠮᠡᠳᠡᠳᠡᠭ ᠦᠭᠡᠢ ᠲᠡᠳᠡ ᠲᠡᠨᠡᠭ ᠬᠡᠦᠬᠡᠳ ᠤᠳ᠂ ᠲᠡᠳᠡ ᠤᠬᠠᠭᠠᠨ ᠦᠭᠡᠢ ᠲᠡᠳᠡ ᠰᠠᠭᠠᠷ ᠢ ᠦᠢᠯᠡᠳᠬᠦ ᠳᠡᠭᠡᠨ ᠮᠡᠷᠭᠡᠨ᠂ ᠬᠠᠷᠢᠨ ᠰᠠᠢᠨ ᠢ ᠦᠢᠯᠡᠳᠬᠦ ᠶᠢ ᠮᠡᠳᠡᠳᠡᠭ ᠦᠭᠡᠢ᠂》
23 ᠭᠠᠵᠠᠷ ᠢ ᠬᠠᠷᠠᠬᠤ ᠳᠤ ᠬᠡᠯᠪᠡᠷᠢ ᠦᠭᠡᠢ ᠬᠣᠭᠣᠰᠣᠨ ᠲᠩᠷᠢ ᠶᠢ ᠬᠠᠷᠠᠬᠤ ᠳᠤ ᠭᠡᠷᠡᠯ ᠦᠭᠡᠢ
24 ᠠᠭᠤᠯᠠᠰ ᠢ ᠬᠠᠷᠠᠬᠤ ᠳᠤ ᠲᠡᠳᠡ ᠴᠡᠴᠡᠷᠡᠵᠦ ᠠᠯᠢᠪᠠ ᠲᠣᠯᠣᠭᠠᠳ ᠴᠤ ᠭᠠᠩ᠋ᠬᠤᠵᠤ ᠪᠠᠢᠯ᠎ᠠ
25 ᠠᠮᠢᠲᠠᠨ ᠬᠥᠮᠦᠨ ᠲᠡᠨᠳᠡ ᠪᠠᠢᠭ᠎ᠠ ᠨᠢ ᠬᠠᠷᠠᠭᠳᠠᠭ᠎ᠠ ᠦᠭᠡᠢ ᠣᠭᠲᠠᠷᠭᠤᠢ ᠶᠢᠨ ᠰᠢᠪᠠᠭᠤᠳ ᠪᠦᠭᠦᠳᠡᠭᠡᠷ ᠨᠢᠰᠴᠦ ᠣᠳᠴᠠᠢ
26 ᠥᠭᠭᠥᠭᠡᠵᠢ ᠲᠠᠢ ᠭᠠᠵᠠᠷ ᠴᠥᠯ ᠪᠣᠯᠣᠭᠰᠠᠨ ᠨᠢ ᠬᠠᠷᠠᠭᠳᠠᠪᠠ ᠠᠯᠢᠪᠠ ᠬᠣᠲᠠ ᠲᠣᠰᠬᠣᠨ ᠨᠢ ᠶᠣᠬᠣᠸᠠ ᠶᠢᠨ ᠡᠮᠦᠨ᠎ᠡ ᠳᠣᠭᠰᠢᠨ ᠬᠢᠯᠢᠩ ᠤᠨ ᠬᠢᠨᠢ ᠤᠯᠠᠮ ᠢᠶᠠᠷ ᠨᠤᠷᠠᠩᠬᠠᠢ ᠪᠣᠯᠣᠭᠰᠠᠨ ᠨᠢ ᠬᠠᠷᠠᠭᠳᠠᠪᠠ᠃
27 ᠶᠣᠬᠣᠸᠠ ᠪᠢ ᠡᠢᠨ ᠬᠦ ᠠᠢᠯᠠᠳᠴᠤ ᠪᠠᠢᠨ᠎ᠠ᠄ 《ᠪᠢ ᠪᠦᠷᠢᠮᠦᠰᠦᠨ ᠰᠥᠨᠥᠭᠡᠬᠦ ᠦᠭᠡᠢ ᠴᠤ ᠪᠦᠬᠦᠯᠢ ᠨᠤᠲᠤᠭ ᠡᠵᠡᠭᠦᠢᠷᠡᠬᠦ ᠪᠣᠯᠣᠨ᠎ᠠ
28 ᠳᠡᠯᠡᠬᠡᠢ ᠡᠭᠦᠨ ᠦ ᠤᠯᠠᠮ ᠢᠶᠠᠷ ᠭᠠᠰᠢᠭᠤᠳᠠᠵᠤ ᠳᠡᠭᠡᠷ᠎ᠡ ᠪᠤᠢ ᠲᠩᠷᠢ ᠬᠠᠷᠠᠩ᠋ᠭᠤᠢ ᠪᠣᠯᠣᠨ᠎ᠠ ᠠᠢᠯᠠᠳᠤᠭᠰᠠᠨ ᠠᠴᠠ ᠪᠠᠨ ᠪᠢ ᠡᠷᠭᠢᠬᠦ ᠦᠭᠡᠢ ᠲᠥᠯᠥᠪᠯᠡᠭᠰᠡᠨ ᠡᠴᠡ ᠪᠡᠨ ᠪᠢ ᠪᠤᠴᠠᠬᠤ ᠦᠭᠡᠢ᠂》
29 ᠬᠠᠷᠪᠤᠭᠠᠴᠢᠳ ᠬᠢᠭᠡᠳ ᠮᠣᠷᠢᠲᠠᠳ ᠤᠨ ᠳᠠᠭᠤᠨ ᠢᠶᠠᠷ ᠬᠠᠮᠤᠭ ᠬᠣᠲᠠ ᠶᠢᠨ ᠬᠢᠨ ᠵᠢᠭᠤᠲᠠᠵᠤ ᠪᠠᠢᠨ᠎ᠠ ᠲᠡᠳᠡ ᠰᠢᠭᠤᠢ ᠳᠤ ᠣᠷᠣᠵᠤ᠂ ᠬᠠᠳᠠᠨ ᠳᠤ ᠠᠪᠠᠷᠢᠳᠠᠭ ᠪᠦᠬᠦᠯᠢ ᠬᠣᠲᠠ ᠣᠷᠬᠢᠭᠳᠠᠵᠤ᠂ ᠲᠡᠨᠳᠡ ᠰᠠᠭᠤᠬᠤ ᠬᠥᠮᠦᠨ ᠠᠯᠠᠭ᠎ᠠ᠂
30 ᠶᠠᠭᠤ ᠬᠢᠭᠡ ᠨᠢ ᠡᠨᠡ ᠪᠤᠢ︖ ᠰᠦᠢᠷᠡᠯ ᠦᠨ ᠴᠠᠭ ᠢᠶᠠᠷ ᠶᠠᠭᠠᠬᠢᠭᠠᠳ ᠴᠢᠰ ᠤᠯᠠᠭᠠᠨ ᠢ ᠡᠮᠦᠰᠴᠦ᠂ ᠠᠯᠲᠠᠨ ᠴᠢᠮᠡᠭ ᠵᠡᠭᠦᠵᠦ ᠶᠠᠩᠵᠤᠯᠠᠵᠤ᠂ ᠪᠠᠰᠠ ᠨᠢᠳᠦ ᠪᠡᠨ ᠪᠣᠳᠣᠵᠤ ᠭᠣᠶᠣᠯᠠᠨ ᠶᠠᠮᠠᠷ ᠴᠤ ᠤᠳᠬ᠎ᠠ ᠦᠭᠡᠢ ᠵᠦᠢᠯ ᠢ ᠬᠢᠨ᠎ᠡ ᠪᠤᠢ︖ ᠠᠮᠢ ᠶᠢ ᠴᠢᠨᠢ ᠬᠠᠢᠵᠤ ᠪᠠᠢᠭ᠎ᠠ ᠠᠮᠠᠷᠠᠭ ᠤᠳ ᠴᠢᠨᠢ ᠴᠢᠮᠠᠶᠢ ᠳᠣᠭᠣᠭᠢᠯᠠᠨ᠎ᠠ ᠪᠤᠢ᠂
31 ᠨᠢᠷᠠᠢᠯᠠᠬᠤ ᠪᠠᠷ ᠡᠪᠡᠳᠴᠦ ᠪᠤᠢ ᠪᠦᠰᠡᠭᠦᠢ ᠶᠢᠨ ᠬᠢ ᠰᠢᠭ ᠠᠩ᠋ᠬᠠᠨ ᠤ ᠬᠡᠦᠬᠡᠳ ᠢᠶᠡᠨ ᠲᠥᠷᠥᠭᠦᠯᠬᠦ ᠪᠡᠷ ᠶᠣᠣᠯᠠᠵᠤ ᠪᠤᠢ ᠪᠦᠰᠡᠭᠦᠢ ᠶᠢᠨ ᠬᠢ ᠰᠢᠭ ᠠᠮᠢᠰᠬᠤᠭ᠎ᠠ ᠳᠠᠪᠴᠢᠳᠠᠵᠤ ᠪᠤᠢ ᠽᠢᠶᠣᠨ ᠤ 《ᠠ᠂ ᠭᠠᠰᠠᠯᠠᠩᠲᠠᠶ᠎ᠠ︕ ᠠᠮᠢ ᠮᠢᠨᠢ ᠶᠠᠷᠭᠠᠴᠢᠳ ᠤᠨ ᠳᠣᠣᠷ᠎ᠠ ᠲᠠᠰᠤᠷᠠᠵᠤ ᠪᠠᠢᠨ᠎ᠠ》 ᠭᠡᠵᠦ ᠭᠠᠷ ᠢᠶᠠᠨ ᠰᠠᠷᠪᠠᠯᠵᠠᠭᠤᠯᠤᠨ ᠬᠠᠰᠬᠢᠷᠬᠤ ᠶᠢ ᠪᠢ ᠰᠣᠨᠣᠰᠴᠠᠢ᠃