1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52


ᠶᠧᠷᠧᠮᠢᠶ᠎ᠠ ᠬᠣᠶᠠᠷ
 ᠢᠰᠷᠧᠯ ᠪᠤᠷᠬᠠᠨ ᠢ ᠣᠭᠣᠷᠪᠠ

1 ᠶᠣᠬᠣᠸᠠ ᠶᠢᠨ ᠦᠭᠡ ᠨᠠᠳᠠ ᠳᠤ ᠢᠷᠡᠵᠦ᠄
2 《ᠴᠢ ᠶᠠᠪᠤᠵᠤ᠂ ᠶᠧᠷᠦ᠋ᠰᠠᠯᠧᠮ ᠤᠨ ᠬᠢᠨ ᠤ ᠴᠢᠬᠢᠨ ᠳᠤ ᠬᠠᠰᠬᠢᠷᠤᠨ ᠶᠠᠷᠢ᠄ 〈ᠶᠣᠬᠣᠸᠠ ᠡᠢᠨ ᠬᠦ ᠠᠢᠯᠠᠳᠴᠤ ᠪᠠᠢᠨ᠎ᠠ᠃ ᠵᠠᠯᠠᠭᠤ ᠨᠠᠰᠤᠨ ᠤ ᠦᠨᠡᠨᠴᠢ ᠬᠠᠢᠷ᠎ᠠ ᠪᠠᠷ ᠰᠦᠢᠲᠦ ᠪᠦᠰᠡᠭᠦᠢ ᠶᠢᠨ ᠬᠠᠢᠷ᠎ᠠ ᠪᠠᠷ ᠦᠷ᠎ᠡ ᠲᠠᠷᠢᠭ᠎ᠠ ᠦᠭᠡᠢ ᠭᠠᠵᠠᠷ ᠢᠶᠠᠷ ᠴᠥᠯ ᠳᠤ ᠨᠠᠮᠠᠶᠢ ᠳᠠᠭᠠᠭᠰᠠᠨ ᠴᠢᠮᠠᠶᠢ ᠪᠢ ᠰᠠᠨᠠᠵᠤ ᠪᠠᠢᠨ᠎ᠠ᠃
3 ᠢᠰᠷᠧᠯ ᠪᠣᠯ ᠶᠣᠬᠣᠸᠠ ᠳᠤ ᠠᠷᠢᠭᠤᠨ ᠤᠷᠭᠤᠴᠠ ᠶᠢᠨ ᠬᠢᠨᠢ ᠳᠡᠭᠡᠵᠢ ᠪᠠᠢᠭᠰᠠᠨ ᠲᠡᠭᠦᠨ ᠢ ᠢᠳᠡᠭᠰᠡᠨ ᠪᠦᠭᠦᠳᠡ ᠪᠤᠷᠤᠭᠤᠲᠠᠨ ᠪᠣᠯᠵᠤ ᠬᠥᠨᠥᠭᠡᠯ ᠲᠡᠳᠡᠨ ᠦ ᠳᠡᠭᠡᠷ᠎ᠡ ᠪᠠᠭᠤᠭᠰᠠᠨ ᠪᠢᠯᠡ᠂〉 ᠶᠣᠬᠣᠸᠠ ᠪᠢ ᠠᠢᠯᠠᠳᠴᠤ ᠪᠠᠢᠨ᠎ᠠ》 ᠭᠡᠪᠡ᠃
4 ᠶᠠᠺᠣᠪ ᠤᠨ ᠭᠡᠷ ᠡ᠂ ᠢᠰᠷᠧᠯ ᠤᠨ ᠭᠡᠷ ᠦᠨ ᠪᠦᠬᠦ ᠤᠷᠤᠭ ᠡ᠂ ᠶᠣᠬᠣᠸᠠ ᠶᠢᠨ ᠦᠭᠡ ᠶᠢ ᠰᠣᠨᠣᠰᠴᠠᠭ᠎ᠠ᠃
5 ᠶᠣᠬᠣᠸᠠ ᠡᠢᠨ ᠬᠦ ᠠᠢᠯᠠᠳᠴᠤ ᠪᠠᠢᠨ᠎ᠠ᠄ 《ᠡᠴᠢᠭᠡ ᠡᠪᠦᠭᠡᠳ ᠲᠠᠨᠢ ᠨᠠᠳᠠ ᠠᠴᠠ ᠶᠠᠮᠠᠷ ᠪᠤᠷᠤᠭᠤ ᠶᠢ ᠣᠯᠴᠢᠬᠠᠭᠠᠳ ᠨᠠᠳᠠ ᠠᠴᠠ ᠬᠣᠯᠠᠳᠠᠨ᠂ ᠬᠣᠭᠣᠰᠣᠨ ᠤ ᠠᠷᠤ ᠠᠴᠠ ᠶᠠᠪᠤᠵᠤ᠂ ᠬᠣᠭᠣᠰᠣᠨ ᠪᠣᠯᠪᠠ︖
6 ᠲᠡᠳᠡ᠄ 〈ᠶᠧᠵᠢᠫᠲ ᠨᠤᠲᠤᠭ ᠠᠴᠠ ᠭᠠᠷᠭᠠᠵᠤ ᠭᠠᠩ᠋ᠭ᠎ᠠ ᠵᠢᠯᠠᠭ᠎ᠠ ᠪᠦᠬᠦᠢ ᠡᠵᠡᠭᠦᠢ ᠴᠥᠯ ᠭᠠᠩ ᠭᠠᠴᠢᠭ ᠪᠦᠬᠦᠢ ᠭᠦᠨ ᠬᠠᠷᠠᠩ᠋ᠭᠤᠢ ᠣᠷᠣᠨ ᠢᠶᠠᠷ ᠬᠥᠮᠦᠨ ᠠᠮᠢᠳᠤᠷᠠᠵᠤ᠂ ᠬᠥᠨᠳᠡᠯᠡᠨ ᠳᠤᠭᠤᠯᠵᠤ ᠦᠵᠡᠭᠡ ᠦᠭᠡᠢ ᠭᠠᠵᠠᠷ ᠢᠶᠠᠷ ᠬᠥᠲᠥᠯᠵᠦ ᠪᠢᠳᠡᠨ ᠢ ᠤᠳᠤᠷᠢᠳᠤᠭᠰᠠᠨ ᠶᠣᠬᠣᠸᠠ ᠮᠢᠨᠢ ᠬᠠᠮᠢᠭ᠎ᠠ ᠪᠠᠢᠨ᠎ᠠ ᠪᠤᠢ︖〉 ᠭᠡᠵᠦ ᠠᠰᠠᠭᠤᠭ᠎ᠠ ᠴᠤ ᠦᠭᠡᠢ᠃
7 ᠥᠩ ᠰᠢᠮᠡᠯᠢᠭ ᠭᠠᠵᠠᠷ ᠲᠤ ᠪᠢ ᠲᠠ ᠨᠠᠷ ᠢ ᠠᠪᠴᠢᠷᠠᠵᠤ ᠦᠷ᠎ᠡ ᠵᠢᠮᠢᠰ᠂ ᠣᠬᠢ ᠰᠠᠢᠨ ᠢ ᠨᠢ ᠢᠳᠡᠭᠦᠯᠬᠦ ᠭᠡᠰᠡᠨ ᠬᠠᠷᠢᠨ ᠲᠠ ᠨᠠᠷ ᠢᠷᠡᠵᠦ᠂ ᠮᠢᠨᠦ ᠭᠠᠵᠠᠷ ᠢ ᠪᠤᠵᠠᠷᠯᠠᠨ ᠥᠪᠡᠷ ᠦᠨ ᠮᠢᠨᠢ ᠥᠮᠴᠢ ᠶᠢ ᠵᠢᠭᠰᠢᠭᠦᠷᠢᠲᠦ ᠵᠦᠢᠯ ᠪᠣᠯᠭᠠᠭᠰᠠᠨ᠃
8 ᠲᠠᠬᠢᠯᠴᠢᠳ ᠨᠢ 〈ᠶᠣᠬᠣᠸᠠ ᠬᠠᠮᠢᠭ᠎ᠠ ᠪᠠᠢᠨ᠎ᠠ ᠪᠤᠢ︖〉 ᠭᠡᠵᠦ ᠡᠰᠡ ᠠᠰᠠᠭᠤᠨ ᠰᠤᠷᠭᠠᠯ ᠵᠢᠭᠠᠭᠴᠢᠳ ᠨᠢ ᠨᠠᠮᠠᠶᠢ ᠦᠯᠦ ᠮᠡᠳᠡᠨ ᠵᠠᠬᠢᠷᠤᠭᠴᠢᠳ ᠨᠢ ᠮᠢᠨᠦ ᠡᠰᠡᠷᠭᠦ ᠪᠣᠰᠴᠤ ᠡᠰᠢ ᠦᠵᠡᠭᠦᠯᠦᠭᠴᠢᠳ ᠨᠢ ᠪᠠᠯ ᠢᠶᠠᠷ ᠡᠰᠢ ᠦᠵᠡᠭᠦᠯᠵᠦ ᠠᠰᠢᠭ ᠦᠭᠡᠢ ᠬᠣᠭᠣᠰᠣᠨ ᠤ ᠠᠷᠤ ᠠᠴᠠ ᠶᠠᠪᠤᠭᠰᠠᠨ᠃
9 ᠲᠡᠢᠮᠦ ᠡᠴᠡ ᠪᠢ ᠲᠠ ᠨᠠᠷ ᠲᠠᠢ ᠮᠡᠳᠬᠡᠯᠴᠡᠵᠦ ᠬᠡᠦᠬᠡᠳ ᠤᠳ ᠤᠨ ᠴᠢᠨᠢ ᠬᠡᠦᠬᠡᠳ ᠲᠡᠢ ᠴᠤ ᠮᠡᠳᠬᠡᠯᠴᠡᠭᠰᠡᠭᠡᠷ ᠪᠠᠢᠬᠤ ᠪᠣᠯᠣᠨ᠎ᠠ᠃ ᠶᠣᠬᠣᠸᠠ ᠪᠢ ᠠᠢᠯᠠᠳᠴᠤ ᠪᠠᠢᠨ᠎ᠠ》 ᠭᠡᠪᠡ᠃
10 ᠰᠠᠢᠫᠷᠦ᠋ᠰ ᠤᠨ ᠠᠷᠠᠯ ᠤᠷᠤᠭᠤ ᠭᠠᠲᠤᠯᠤᠨ ᠣᠴᠢᠭᠠᠳ ᠠᠵᠢᠭᠯᠠ ᠺᠧᠳᠠᠷ ᠤᠷᠤᠭᠤ ᠬᠥᠮᠦᠨ ᠢᠯᠡᠭᠡᠵᠦ ᠯᠠᠪᠯᠠ ᠡᠢᠮᠦᠷᠬᠦ ᠵᠦᠢᠯ ᠪᠣᠯᠵᠤ ᠪᠠᠢᠭᠰᠠᠨ ᠤᠤ︖ ᠬᠠᠷᠠ᠂
11 ᠥᠪᠡᠷ ᠦᠨ ᠢᠶᠠᠨ ᠪᠤᠷᠬᠠᠳ ᠢ ᠰᠣᠯᠢᠭᠰᠠᠨ ᠦᠨᠳᠦᠰᠦᠲᠡᠨ ᠪᠠᠢᠨ᠎ᠠ ᠤᠤ︖ (ᠦᠨᠡᠨ ᠳᠡᠭᠡᠨ ᠲᠡᠳᠡᠨ ᠦ ᠪᠤᠷᠬᠠᠳ ᠪᠤᠷᠬᠠᠨ ᠪᠢᠰᠢ) ᠠᠷᠠᠳ ᠲᠦᠮᠡᠨ ᠮᠢᠨᠢ ᠬᠠᠷᠢᠨ ᠠᠯᠳᠠᠷ ᠬᠦᠨᠳᠦ ᠪᠡᠨ ᠠᠰᠢᠭ ᠦᠭᠡᠢ ᠬᠣᠭᠣᠰᠣᠨ ᠵᠦᠢᠯ ᠢᠶᠠᠷ ᠰᠣᠯᠢᠵᠠᠢ᠃
12 ᠲᠩᠷᠢ ᠨᠦᠭᠦᠳ ᠡ᠂ ᠰᠣᠴᠢᠭᠲᠤᠨ︕ ᠴᠡᠴᠡᠷᠡᠨ ᠪᠠᠯᠮᠠᠭᠳᠠᠭᠲᠤᠨ》 ᠭᠡᠵᠦ ᠶᠣᠬᠣᠸᠠ ᠪᠢ ᠠᠢᠯᠠᠳᠴᠤ ᠪᠠᠢᠨ᠎ᠠ᠃
13 ᠮᠢᠨᠦ ᠠᠷᠠᠳ ᠲᠦᠮᠡᠨ ᠬᠣᠶᠠᠷ ᠮᠠᠭᠤ ᠶᠢ ᠦᠢᠯᠡᠳᠦᠭᠰᠡᠨ ᠪᠢᠯᠡ ᠠᠮᠢ ᠶᠢᠨ ᠤᠰᠤᠨ ᠤ ᠤᠨᠳᠤᠷᠤᠭ᠎ᠠ ᠪᠣᠯᠬᠤ ᠨᠠᠮᠠᠶᠢ ᠲᠡᠳᠡ ᠣᠭᠣᠷᠴᠤ ᠤᠰᠤ ᠲᠣᠭᠲᠠᠭᠠᠬᠤ ᠦᠭᠡᠢ ᠡᠪᠳᠡᠷᠬᠡᠢ ᠨᠥᠭᠡᠴᠡᠯᠡᠭᠦᠷ ᠢ ᠥᠪᠡᠷᠰᠡᠳ ᠲᠡᠭᠡᠨ ᠤᠬᠤᠭᠰᠠᠨ ᠶᠤᠮ᠃
14 ᠢᠰᠷᠧᠯ ᠨᠢ ᠪᠣᠭᠣᠯ ᠶᠤᠮ ᠤᠤ︖ ᠡᠰᠡᠪᠡᠯ ᠲᠥᠷᠥᠯᠬᠢ ᠶᠢᠨ ᠵᠠᠷᠤᠴᠠ ᠶᠤᠮ ᠤᠤ︖ ᠶᠠᠭᠠᠬᠢᠭᠠᠳ ᠲᠡᠷᠡ ᠪᠤᠰᠤᠳ ᠤᠨ ᠣᠯᠵᠠ ᠪᠣᠯᠪᠠ︖
15 ᠵᠠᠯᠠᠭᠤ ᠠᠷᠰᠯᠠᠨ ᠨᠤᠭᠤᠳ ᠲᠡᠭᠦᠨ ᠤᠷᠤᠭᠤ ᠴᠢᠩᠭ᠍᠎ᠠ ᠳᠠᠭᠤ ᠪᠠᠷ ᠠᠷᠬᠢᠷᠠᠪᠠ᠂ ᠭᠠᠵᠠᠷ ᠨᠤᠲᠤᠭ ᠨᠢ ᠲᠡᠳᠡᠨ ᠡᠴᠡ ᠪᠣᠯᠵᠤ ᠵᠡᠯᠢᠭᠦᠳ ᠬᠣᠭᠣᠰᠣᠨ ᠪᠣᠯᠣᠭᠠᠳ ᠬᠣᠲᠠ ᠲᠣᠰᠬᠣᠳ ᠨᠢ ᠰᠢᠲᠠᠵᠤ ᠰᠠᠭᠤᠭᠠᠯᠢᠴᠢᠳ ᠦᠭᠡᠢ ᠪᠣᠯᠵᠠᠢ᠃
16 ᠮᠧᠮᠹᠢᠰ ᠪᠣᠯᠣᠨ ᠲᠠᠫᠠᠨᠾᠧᠰ ᠤᠨ ᠡᠷᠡᠴᠦᠳ ᠴᠤ ᠲᠣᠯᠣᠭᠠᠢ ᠶᠢᠨ ᠲᠢᠲᠢᠮ ᠢ ᠴᠢᠨᠢ ᠡᠪᠳᠡᠵᠡᠢ᠃
17 ᠥᠪᠡᠷ ᠢ ᠴᠢᠨᠢ ᠵᠠᠮᠴᠢᠯᠠᠵᠤ ᠪᠠᠢᠬᠤ ᠳᠤ ᠪᠤᠷᠬᠠᠨ ᠶᠣᠬᠣᠸᠠ ᠪᠠᠨ ᠣᠷᠬᠢᠭᠰᠠᠨ ᠢᠶᠠᠷ ᠡᠨᠡ ᠪᠦᠭᠦᠳᠡ ᠶᠢ ᠴᠢ ᠥᠪᠡᠷ ᠳᠡᠭᠡᠷ᠎ᠡ ᠪᠡᠨ ᠠᠪᠴᠢᠷᠠᠵᠠᠢ᠃
18 ᠡᠳᠦᠭᠡ ᠴᠢ ᠨᠢᠯ ᠮᠥᠷᠡᠨ ᠡᠴᠡ ᠤᠤᠭᠤᠬᠤ ᠭᠡᠵᠦ ᠶᠧᠵᠢᠫᠲ ᠲᠤ ᠣᠴᠢᠭᠰᠠᠨ ᠴᠤ ᠶᠠᠭᠠᠬᠢᠬᠤ ᠪᠤᠢ︖ ᠡᠶᠦ᠋ᠹᠷᠠᠲ᠋ᠧᠰ ᠮᠥᠷᠡᠨ ᠡᠴᠡ ᠤᠤᠭᠤᠬᠤ ᠭᠡᠵᠦ ᠠᠰᠢᠷᠢᠶ᠎ᠠ ᠳᠤ ᠣᠴᠢᠭᠰᠠᠨ ᠴᠤ ᠶᠠᠭᠠᠬᠢᠬᠤ ᠪᠤᠢ︖
19 ᠥᠪᠡᠷ ᠦᠨ ᠴᠢᠨᠢ ᠥᠭᠡᠳᠡ ᠦᠭᠡᠢ ᠶᠠᠪᠤᠳᠠᠯ ᠴᠢᠮᠠᠶᠢ ᠰᠢᠳᠬᠡᠵᠦ ᠥᠪᠡᠷ ᠦᠨ ᠴᠢᠨᠢ ᠤᠷᠪᠠᠯᠲᠠ ᠴᠢᠮᠠᠶᠢ ᠰᠢᠭᠦᠨ᠎ᠡ᠂ ᠲᠡᠢᠨ ᠬᠦ ᠴᠢ ᠶᠣᠬᠣᠸᠠ ᠪᠤᠷᠬᠠᠨ ᠢᠶᠠᠨ ᠣᠷᠬᠢᠵᠤ᠂ ᠨᠠᠮᠠᠶᠢ ᠦᠯᠦ ᠬᠦᠨᠳᠦᠯᠡᠬᠦ ᠨᠢ ᠭᠠᠰᠢᠭᠤᠨ ᠪᠡᠷᠬᠡ ᠪᠣᠯᠬᠤ ᠶᠢ ᠬᠠᠷᠠᠵᠤ᠂ ᠮᠡᠳᠡᠨ᠎ᠡ᠃ ᠠᠤᠭ᠎ᠠ ᠬᠦᠴᠦᠲᠦ ᠡᠵᠡᠨ ᠶᠣᠬᠣᠸᠠ ᠠᠢᠯᠠᠳᠴᠤ ᠪᠠᠢᠨ᠎ᠠ᠃》
20 ᠥᠨᠢ ᠡᠷᠳᠡᠨ ᠡᠴᠡ ᠴᠢ ᠪᠣᠭᠤᠯᠠᠭ᠎ᠠ ᠪᠠᠨ ᠬᠤᠭᠤᠯᠵᠤ ᠥᠪᠡᠷ ᠲᠦ ᠮᠠᠨᠢ ᠦᠢᠯᠡᠴᠢᠯᠡᠬᠦ ᠦᠭᠡᠢ ᠭᠡᠳ ᠤᠶᠠᠭ᠎ᠠ ᠪᠠᠨ ᠬᠠᠶᠠᠭᠰᠠᠨ ᠥᠨᠳᠥᠷ ᠲᠣᠯᠣᠭᠠᠳ ᠬᠢᠭᠡᠳ ᠱᠠᠩᠰᠢ ᠮᠣᠳᠣ ᠪᠦᠷᠢ ᠶᠢᠨ ᠳᠣᠣᠷ᠎ᠠ ᠶᠠᠩ᠋ᠬᠠᠨ ᠮᠡᠲᠦ ᠬᠡᠪᠲᠡᠭᠰᠡᠨ᠃
21 ᠪᠢ ᠴᠢᠮᠠᠶᠢ ᠰᠢᠯᠢᠮᠡᠯ ᠦᠵᠦᠮ᠂ ᠵᠢᠩᠬᠢᠨᠢ ᠰᠠᠢᠨ ᠦᠷ᠎ᠡ ᠪᠣᠯᠭᠠᠨ ᠲᠠᠷᠢᠭᠰᠠᠨ ᠬᠠᠷᠢᠨ ᠴᠢ ᠶᠠᠭᠠᠬᠢᠭᠠᠳ ᠮᠢᠨᠦ ᠡᠮᠦᠨ᠎ᠡ ᠥᠭᠡᠷᠡᠴᠢᠯᠡᠭᠳᠡᠵᠦ ᠬᠠᠷᠢ ᠶᠢᠨ ᠦᠵᠦᠮ ᠦᠨ ᠭᠠᠵᠢ ᠨᠠᠬᠢᠶ᠎ᠠ ᠪᠣᠯᠪᠠ︖
22 ᠡᠵᠡᠨ ᠶᠣᠬᠣᠸᠠ ᠠᠢᠯᠠᠳᠴᠤ ᠪᠠᠢᠨ᠎ᠠ᠃ ᠪᠡᠶ᠎ᠡ ᠪᠡᠨ ᠬᠤᠵᠢᠷ ᠢᠶᠠᠷ ᠤᠬᠢᠶᠠᠵᠤ᠂ ᠰᠠᠪᠤᠩ ᠶᠡᠬᠡ ᠬᠡᠷᠡᠭᠯᠡᠭᠰᠡᠨ ᠴᠤ ᠭᠡᠮ ᠪᠤᠷᠤᠭᠤ ᠶᠢᠨ ᠴᠢᠨᠢ ᠲᠣᠯᠪᠣ ᠮᠢᠨᠦ ᠡᠮᠦᠨ᠎ᠡ ᠪᠠᠢᠭᠰᠠᠭᠠᠷ ᠪᠠᠢᠨ᠎ᠠ᠃
23 《ᠪᠢ ᠪᠡᠶ᠎ᠡ ᠪᠡᠨ ᠪᠤᠵᠠᠷᠯᠠᠭ᠎ᠠ ᠦᠭᠡᠢ ᠪᠠᠯ ᠤᠨ ᠬᠣᠢᠨ᠎ᠠ ᠠᠴᠠ ᠶᠠᠪᠤᠭ᠎ᠠ ᠦᠭᠡᠢ》 ᠭᠡᠵᠦ ᠬᠡᠯᠡᠵᠦ ᠶᠠᠭᠠᠬᠢᠨ ᠴᠢᠳᠠᠨ᠎ᠠ ᠪᠤᠢ︖ ᠴᠢ ᠬᠥᠨᠳᠡᠢ ᠳᠦ ᠪᠠᠢᠭ᠎ᠠ ᠮᠥᠷ ᠢᠶᠡᠨ ᠬᠠᠷᠠᠭᠠᠴᠢ︕ ᠬᠡᠷᠬᠢᠨ ᠬᠢᠭᠰᠡᠨ ᠦᠢᠯᠡ ᠪᠡᠨ ᠰᠠᠨᠠᠭᠠᠴᠢ︕ ᠴᠢ ᠪᠣᠯ ᠡᠰᠢ ᠲᠡᠰᠢ ᠭᠦᠶᠦᠳᠡᠭ ᠣᠷᠣᠭ᠎ᠠ ᠢᠩᠭᠡ
24 ᠴᠥᠯ ᠳᠤ ᠳᠠᠰᠤᠨ᠂ ᠰᠠᠯᠬᠢ ᠦᠨᠦᠷᠯᠡᠨ ᠲᠠᠴᠢᠶᠠᠳᠠᠭ ᠵᠡᠷᠯᠢᠭ ᠡᠮ᠎ᠡ ᠡᠯᠵᠢᠭᠡ᠂ ᠣᠷᠣᠭ᠎ᠠ ᠣᠷᠣᠬᠤ ᠳᠤᠨᠢ ᠲᠡᠭᠦᠨ ᠢ ᠬᠡᠨ ᠡᠷᠭᠢᠬᠦᠯᠵᠦ ᠴᠢᠳᠠᠬᠤ ᠪᠤᠢ︖ ᠡᠷ᠎ᠡ ᠡᠯᠵᠢᠭᠡ ᠨᠦᠭᠦᠳ ᠲᠡᠭᠦᠨ ᠢ ᠬᠠᠢᠬᠤ ᠪᠠᠷ ᠵᠦᠳᠡᠷᠡᠬᠦ ᠬᠡᠷᠡᠭ ᠠᠯᠠᠭ᠎ᠠ ᠣᠷᠣᠭ᠎ᠠ ᠶᠢᠨ ᠰᠠᠷ᠎ᠠ ᠳᠠᠭᠠᠨ ᠲᠡᠷᠡ ᠣᠯᠳᠠᠬᠤ ᠯᠠ ᠪᠣᠯᠣᠨ᠎ᠠ᠃
25 ᠬᠣᠭᠣᠯᠠᠢ ᠴᠢᠨᠢ ᠬᠠᠲᠠᠬᠤ ᠪᠣᠯᠣᠭᠤᠵᠠᠢ ᠬᠥᠯ ᠴᠢᠨᠢ ᠭᠦᠶᠦᠭᠡᠳ ᠨᠢᠴᠦᠭᠦᠷᠡᠬᠦ ᠪᠣᠯᠣᠭᠤᠵᠠᠢ᠂ ᠬᠠᠷᠢᠨ ᠴᠢ᠄ 《ᠬᠡᠷᠡᠭ ᠦᠭᠡᠢ︕ ᠪᠢ ᠬᠠᠷᠢ ᠶᠢᠨ ᠪᠤᠷᠬᠠᠳ ᠲᠤ ᠬᠠᠢᠷᠠᠲᠠᠢ᠂ ᠪᠢ ᠲᠡᠳᠡᠨ ᠢ ᠳᠠᠭᠠᠨ᠎ᠠ》 ᠭᠡᠳᠡᠭ᠃
26 ᠬᠤᠯᠠᠭᠠᠢᠴᠢ ᠪᠠᠷᠢᠭᠳᠠᠬᠤ ᠪᠠᠷ ᠢᠶᠠᠨ ᠰᠢᠪᠰᠢᠭ ᠪᠣᠯᠳᠠᠭ ᠤᠨ ᠠᠳᠠᠯᠢ ᠢᠰᠷᠧᠯ ᠤᠨ ᠭᠡᠷ ᠦᠨ ᠬᠢᠨ ᠰᠢᠪᠰᠢᠭ ᠪᠣᠯᠣᠨ᠎ᠠ᠃ ᠲᠡᠳᠡᠨ ᠦ ᠬᠠᠭᠠᠳ᠂ ᠲᠦᠰᠢᠮᠡᠳ᠂ ᠲᠠᠬᠢᠯᠴᠢᠳ᠂ ᠮᠥᠨ ᠲᠡᠳᠡᠨ ᠦ ᠡᠰᠢ ᠦᠵᠡᠭᠦᠯᠦᠭᠴᠢᠳ ᠴᠤ
27 ᠮᠣᠳᠣᠨ ᠳᠤ᠄ 《ᠲᠠ ᠪᠣᠯ ᠮᠢᠨᠦ ᠡᠴᠢᠭᠡ》 ᠭᠡᠵᠦ ᠴᠢᠯᠠᠭᠤᠨ ᠳᠤ᠄ 《ᠲᠠ ᠨᠠᠮᠠᠶᠢ ᠲᠥᠷᠥᠭᠦᠯᠦᠭᠰᠡᠨ》 ᠭᠡᠵᠦ ᠪᠠᠢᠨ᠎ᠠ ᠨᠠᠳᠠ ᠤᠷᠤᠭᠤ ᠲᠡᠳᠡ ᠨᠢᠭᠤᠷ ᠢᠶᠠᠨ ᠪᠤᠰᠤ᠂ ᠨᠢᠷᠤᠭᠤ ᠪᠠᠨ ᠬᠠᠷᠠᠭᠤᠯᠪᠠ᠂ ᠬᠠᠷᠢᠨ ᠲᠡᠳᠡ ᠵᠣᠪᠠᠯᠠᠩ ᠤᠨ ᠦᠶ᠎ᠡ ᠳᠡᠭᠡᠨ᠄ 《ᠪᠣᠰᠴᠤ᠂ ᠪᠢᠳᠡᠨ ᠢ ᠠᠪᠤᠷᠠᠭᠠᠴᠢ》 ᠭᠡᠬᠦ ᠪᠣᠯᠣᠨ᠎ᠠ᠃
28 ᠥᠪᠡᠷᠰᠡᠳ ᠦᠨ ᠢᠶᠠᠨ ᠲᠥᠯᠥᠭᠡ ᠪᠦᠲᠦᠭᠡᠭᠰᠡᠨ ᠪᠤᠷᠬᠠᠳ ᠴᠢᠨᠢ ᠬᠠᠮᠢᠭ᠎ᠠ ᠪᠠᠢᠨ᠎ᠠ ᠪᠤᠢ︖ ᠵᠣᠪᠠᠯᠠᠩ ᠤᠨ ᠦᠶ᠎ᠡ ᠲᠤ ᠴᠢᠨᠢ ᠠᠪᠤᠷᠠᠬᠤ ᠴᠢᠳᠠᠯ ᠲᠠᠢ ᠪᠣᠯ ᠲᠡᠳᠡ ᠪᠣᠰᠣᠭᠠᠳ ᠠᠪᠤᠷᠠᠭ ᠥ᠂ ᠶᠦᠳᠠ᠂ ᠴᠢ ᠬᠣᠲᠠ ᠨᠤᠭᠤᠳ ᠤᠨ ᠢᠶᠠᠨ ᠲᠣᠭ᠎ᠠ ᠪᠠᠷ ᠪᠤᠷᠬᠠᠳ ᠲᠠᠢ ᠪᠠᠢᠨ᠎ᠠ᠃
29 ᠲᠠ ᠨᠠᠷ ᠪᠦᠭᠦᠳᠡ ᠨᠠᠳᠠ ᠠᠴᠠ ᠲᠡᠷᠰᠯᠡᠴᠢᠬᠡᠭᠡᠳ ᠶᠠᠭᠠᠬᠢᠭᠠᠳ ᠨᠠᠳᠠ ᠳᠤ ᠭᠣᠮᠣᠳᠠᠯ ᠲᠣᠭᠠᠴᠢᠨ᠎ᠠ ᠪᠤᠢ︖ ᠶᠣᠬᠣᠸᠠ ᠠᠢᠯᠠᠳᠴᠤ ᠪᠠᠢᠨ᠎ᠠ᠄
30 《ᠬᠡᠳᠦᠢᠪᠡᠷ ᠪᠢ ᠬᠥᠪᠡᠭᠦᠳ ᠢ ᠴᠢᠨᠢ ᠵᠢᠮᠡᠯᠡᠭᠰᠡᠨ ᠴᠤ ᠨᠡᠮᠡᠷᠢ ᠦᠭᠡᠢ ᠪᠠᠢᠪᠠ ᠭᠡᠰᠬᠡᠯᠲᠡ ᠶᠢ ᠮᠢᠨᠢ ᠲᠡᠳᠡ ᠬᠦᠯᠢᠶᠡᠨ ᠠᠪᠤᠭ᠎ᠠ ᠦᠭᠡᠢ ᠢᠯᠳᠦ ᠴᠢᠨᠢ ᠬᠥᠨᠥᠭᠡᠯᠲᠦ ᠠᠷᠰᠯᠠᠨ ᠮᠡᠲᠦ ᠡᠰᠢ ᠦᠵᠡᠭᠦᠯᠦᠭᠴᠢᠳ ᠢ ᠵᠠᠯᠭᠢᠪᠠ᠃
31 ᠡᠨᠡ ᠦᠶ᠎ᠡ ᠶᠢᠨ ᠬᠢᠨ ᠡ᠂ ᠶᠣᠬᠣᠸᠠ ᠶᠢᠨ ᠦᠭᠡ ᠶᠢ ᠠᠩ᠋ᠬᠠᠷ ᠪᠢ ᠢᠰᠷᠧᠯ ᠤᠨ ᠬᠤᠪᠢ ᠳᠤ ᠴᠥᠯ᠂ ᠡᠰᠡᠪᠡᠯ ᠬᠠᠷᠠᠩ᠋ᠭᠤᠢ ᠶᠢᠨ ᠣᠷᠣᠨ ᠪᠠᠢᠪᠠ ᠤᠤ︖ ᠶᠠᠭᠠᠬᠢᠭᠠᠳ ᠮᠢᠨᠦ ᠠᠷᠠᠳ ᠲᠦᠮᠡᠨ᠄ 〈ᠪᠢᠳᠡ ᠴᠢᠯᠥᠭᠡᠯᠡᠭᠳᠡᠯ᠎ᠡ᠂ ᠳᠠᠬᠢᠵᠤ ᠲᠠᠨ ᠤᠷᠤᠭᠤ ᠣᠴᠢᠬᠤ ᠦᠭᠡᠢ〉 ᠭᠡᠵᠦ ᠬᠡᠯᠡᠨ᠎ᠡ ᠪᠤᠢ︖
32 ᠣᠩ᠋ᠭᠣᠨ ᠥᠬᠢᠨ ᠭᠣᠶᠣᠯ ᠴᠢᠮᠡᠭᠯᠡᠯ ᠢᠶᠡᠨ᠂ ᠰᠢᠨ᠎ᠡ ᠪᠡᠷᠢ ᠬᠤᠷᠢᠮ ᠤᠨ ᠬᠤᠪᠴᠠᠰᠤ ᠪᠠᠨ ᠮᠠᠷᠲᠠᠨ᠎ᠠ ᠭᠡᠵᠢ ᠤᠤ︖ ᠬᠠᠷᠢᠨ ᠮᠢᠨᠦ ᠠᠷᠠᠳ ᠲᠦᠮᠡᠨ ᠨᠠᠮᠠᠶᠢ ᠲᠣᠢᠮᠣ ᠦᠭᠡᠢ ᠣᠯᠠᠨ ᠡᠳᠦᠷ ᠮᠠᠷᠲᠠᠵᠠᠢ᠂
33 ᠠᠮᠠᠷᠠᠭ ᠣᠯᠬᠤ ᠳᠠᠭᠠᠨ ᠴᠢ ᠶᠠᠮᠠᠷ ᠶᠡᠬᠡ ᠠᠷᠭ᠎ᠠ ᠲᠠᠢ ᠪᠤᠢ︕ ᠶᠠᠩ᠋ᠬᠠᠨ ᠬᠦᠷᠲᠡᠯ᠎ᠡ ᠴᠢᠮ᠎ᠠ ᠠᠴᠠ ᠠᠷᠭ᠎ᠠ ᠰᠤᠷᠬᠤ ᠪᠣᠯᠵᠠᠢ᠂
34 ᠬᠣᠷᠮᠣᠢ ᠴᠢᠨᠢ ᠦᠯᠦ ᠬᠤᠯᠠᠭᠠᠢᠯᠠᠬᠤ ᠪᠠᠷ ᠢᠷᠡᠭᠰᠡᠨ ᠭᠡᠮ ᠦᠭᠡᠢ ᠶᠠᠳᠠᠭᠤᠰ ᠤᠨ ᠠᠮᠢ ᠶᠢᠨ ᠴᠢᠰᠤ ᠲᠠᠢ᠃ ᠡᠳᠡᠭᠡᠷ ᠪᠦᠬᠦᠨ ᠦ ᠳᠡᠭᠡᠷ᠎ᠡ᠂
35 ᠴᠢ᠄ 〈ᠪᠢ ᠭᠡᠮ ᠦᠭᠡᠢ᠃ ᠲᠡᠭᠦᠨ ᠦ ᠠᠭᠤᠷ ᠨᠠᠳᠠ ᠠᠴᠠ ᠡᠷᠭᠢᠯ᠎ᠡ〉 ᠭᠡᠳᠡᠭ᠂ ᠬᠠᠷᠠ᠂ ᠴᠢ᠄ 〈ᠨᠢᠭᠦᠯ ᠦᠢᠯᠡᠳᠦᠭᠡ ᠦᠭᠡᠢ〉 ᠭᠡᠰᠡᠨ ᠲᠤᠯᠠ ᠪᠢ ᠴᠢᠮ᠎ᠠ ᠳᠤ ᠶᠠᠯ᠎ᠠ ᠤᠨᠤᠭᠠᠨ᠎ᠠ᠃
36 ᠴᠢ ᠶᠠᠭᠤᠨ ᠳᠤ ᠵᠦᠭ ᠴᠢᠭ ᠦᠭᠡᠢ ᠶᠠᠪᠤᠨ ᠵᠠᠮ ᠢᠶᠠᠨ ᠥᠭᠡᠷᠡᠴᠢᠯᠡᠭᠰᠡᠭᠡᠷ ᠪᠠᠢᠨ᠎ᠠ ᠪᠤᠢ︖ ᠠᠰᠢᠷᠢᠶ᠎ᠠ ᠴᠢᠮᠠᠶᠢ ᠰᠢᠪᠰᠢᠭ ᠪᠣᠯᠭᠠᠭᠰᠠᠨ ᠲᠠᠢ ᠠᠳᠠᠯᠢ ᠶᠧᠵᠢᠫᠲ ᠴᠤ ᠴᠢᠮᠠᠶᠢ ᠰᠢᠪᠰᠢᠭ ᠪᠣᠯᠭᠠᠬᠤ ᠪᠥᠭᠡᠳ
37 ᠲᠡᠨᠳᠡ ᠡᠴᠡ ᠴᠤ ᠴᠢ ᠭᠠᠷ ᠢᠶᠠᠷ ᠢᠶᠠᠨ ᠨᠢᠭᠤᠷ ᠢᠶᠠᠨ ᠪᠦᠲᠡᠭᠡᠨ ᠭᠠᠷᠬᠤ ᠪᠣᠯᠣᠨ᠎ᠠ ᠨᠠᠢᠳᠠᠭᠰᠠᠨ ᠬᠣᠯᠪᠣᠭᠠᠲᠠᠳ ᠢ ᠴᠢᠨᠢ ᠶᠣᠬᠣᠸᠠ ᠣᠭᠣᠷᠣᠭᠰᠠᠨ᠂ ᠲᠡᠳᠡ ᠴᠢᠮ᠎ᠠ ᠳᠤ ᠨᠡᠮᠡᠷᠢ ᠪᠣᠯᠬᠤ ᠦᠭᠡᠢ》 ᠭᠡᠪᠡ᠃