1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52


ᠶᠧᠷᠧᠮᠢᠶ᠎ᠠ ᠲᠠᠪᠤ
 ᠦᠨᠡᠨᠴᠢ ᠰᠢᠳᠤᠷᠭᠤ ᠬᠥᠮᠦᠨ ᠦᠭᠡᠢ ᠪᠣᠯᠪᠠ
1 ᠲᠠ ᠨᠠᠷ ᠶᠧᠷᠦ᠋ᠰᠠᠯᠧᠮ ᠤᠨ ᠭᠤᠳᠤᠮᠵᠢ ᠪᠠᠷ ᠶᠠᠪᠤᠵᠤ ᠦᠵᠡᠭᠡᠳ ᠣᠢᠯᠠᠭᠠᠭᠲᠤᠨ᠂ ᠲᠠᠯᠠᠪᠠᠢ ᠪᠠᠷ ᠨᠡᠩᠵᠢᠭᠡᠳ᠂ ᠲᠡᠨᠳᠡ ᠰᠢᠳᠤᠷᠭᠤ ᠶᠢ ᠦᠢᠯᠡᠳᠳᠡᠭ ᠦᠨᠡᠨ ᠢ ᠬᠠᠢᠳᠠᠭ ᠬᠥᠮᠦᠨ ᠢ ᠣᠯᠵᠤ ᠴᠢᠳᠠᠬᠤ ᠶᠤᠮ ᠪᠣᠯ᠂ ᠪᠢ ᠲᠡᠷᠡ ᠬᠣᠲᠠ ᠶᠢ ᠥᠷᠥᠰᠢᠶᠡᠨ᠎ᠡ᠃
2 ᠲᠡᠳᠡ ᠬᠡᠳᠦᠢᠪᠡᠷ᠄ 《ᠶᠣᠬᠣᠸᠠ ᠶᠢᠨ ᠠᠮᠢᠳᠤ ᠪᠤᠢ ᠪᠠᠷ》 ᠬᠡᠮᠡᠨ ᠶᠠᠷᠢᠳᠠᠭ ᠴᠤ ᠦᠨᠡᠨ ᠳᠡᠭᠡᠨ ᠬᠠᠭᠤᠷᠮᠠᠴᠢ ᠪᠠᠷ ᠲᠠᠩ᠋ᠭᠠᠷᠢᠭᠯᠠᠳᠠᠭ ᠶᠤᠮ᠃
3 ᠶᠣᠬᠣᠸᠠ᠂ ᠲᠠᠨ ᠤ ᠮᠡᠯᠮᠡᠢ ᠦᠨᠡᠨ ᠢ ᠬᠠᠢᠳᠠᠭ ᠪᠤᠰᠤ ᠤᠤ︖ ᠬᠠᠷᠢᠨ ᠲᠠ ᠲᠡᠳᠡᠨ ᠢ ᠴᠣᠬᠢᠭᠰᠠᠨ ᠴᠤ ᠲᠡᠳᠡ ᠡᠪᠡᠳᠬᠦ ᠶᠢ ᠮᠡᠳᠡᠬᠦ ᠦᠭᠡᠢ ᠰᠦᠢᠷᠡᠭᠦᠯᠦᠭᠰᠡᠨ ᠴᠤ ᠭᠡᠰᠬᠡᠯᠲᠡ ᠶᠢ ᠬᠦᠯᠢᠶᠡᠨ ᠠᠪᠤᠯ ᠦᠭᠡᠢ ᠴᠢᠷᠠᠢ ᠪᠠᠨ ᠬᠠᠳᠠᠨ ᠠᠴᠠ ᠢᠯᠡᠭᠦᠦ ᠬᠠᠲᠠᠭᠤᠷᠠᠭᠤᠯᠪᠠ ᠲᠡᠳᠡ ᠡᠷᠭᠢᠬᠦ ᠡᠴᠡ ᠲᠠᠲᠠᠭᠠᠯᠵᠠᠪᠠ᠃
4 ᠲᠡᠢᠮᠦ ᠡᠴᠡ ᠪᠢ᠄ 《ᠲᠡᠳᠡ ᠦᠨᠡᠬᠡᠷ ᠦᠭᠡᠭᠦᠦ ᠮᠤᠩ᠋ᠬᠠᠭ ᠬᠥᠮᠦᠰ︕ ᠲᠡᠳᠡ ᠶᠣᠬᠣᠸᠠ ᠶᠢᠨ ᠵᠠᠮ᠂ ᠥᠪᠡᠷᠰᠡᠳ ᠦᠨ ᠢᠶᠠᠨ ᠪᠤᠷᠬᠠᠨ ᠤ ᠵᠢᠷᠤᠮ ᠢ ᠮᠡᠳᠡᠳᠡᠭ ᠦᠭᠡᠢ᠃
5 ᠡᠢᠮᠦ ᠡᠴᠡ ᠪᠢ ᠶᠡᠬᠡᠰ ᠨᠣᠶᠠᠳ ᠳᠡᠭᠡᠷ᠎ᠡ ᠣᠴᠢᠵᠤ᠂ ᠲᠡᠳᠡᠨ ᠲᠡᠢ ᠶᠠᠷᠢᠶ᠎ᠠ ᠲᠡᠳᠡ ᠶᠣᠬᠣᠸᠠ ᠶᠢᠨ ᠵᠠᠮ᠂ ᠥᠪᠡᠷᠰᠡᠳ ᠦᠨ ᠪᠤᠷᠬᠠᠨ ᠤ ᠵᠢᠷᠤᠮ ᠢ ᠮᠡᠳᠡᠳᠡᠭ ᠪᠠᠢᠬ᠎ᠠ》 ᠭᠡᠰᠡᠨ ᠪᠣᠯᠪᠠᠴᠤ ᠲᠡᠳᠡ ᠮᠥᠨ ᠠᠳᠠᠯᠢ ᠪᠤᠭᠤᠯᠠᠭ᠎ᠠ ᠪᠠᠨ ᠡᠪᠳᠡᠵᠦ᠂ ᠤᠶᠠᠭ᠎ᠠ ᠪᠠᠨ ᠲᠠᠰᠤᠯᠤᠭᠰᠠᠨ ᠪᠠᠢᠪᠠ᠃
6 ᠲᠡᠢᠮᠦ ᠡᠴᠡ ᠣᠢ ᠶᠢᠨ ᠠᠷᠰᠯᠠᠨ ᠲᠡᠳᠡᠨ ᠢ ᠠᠯᠠᠵᠤ ᠴᠥᠯ ᠦᠨ ᠴᠢᠨᠣ᠎ᠠ ᠲᠡᠳᠡᠨ ᠢ ᠤᠰᠠᠳᠬᠠᠨ᠎ᠠ ᠢᠷᠪᠢᠰ ᠬᠣᠲᠠ ᠨᠤᠭᠤᠳ ᠢ ᠨᠢ ᠭᠡᠲᠡᠭᠰᠡᠭᠡᠷ ᠪᠠᠢᠵᠤ ᠬᠣᠲᠠ ᠠᠴᠠ ᠭᠠᠷᠬᠤ ᠪᠣᠯᠭᠠᠨ ᠢ ᠨᠢ ᠲᠠᠰᠤᠳᠠᠨ᠎ᠠ᠂ ᠤᠴᠢᠷ ᠨᠢ ᠲᠡᠳᠡᠨ ᠦ ᠨᠢᠭᠦᠯ ᠣᠯᠠᠰᠢᠷᠠᠵᠤ ᠲᠡᠳᠡᠨ ᠦ ᠤᠷᠪᠠᠯᠲᠠ ᠶᠡᠬᠡᠰᠦᠭᠰᠡᠨ ᠶᠤᠮ᠃
7 ᠪᠢ ᠶᠠᠭᠠᠬᠢᠭᠠᠳ ᠴᠢᠮᠠᠶᠢ ᠠᠭᠤᠴᠢᠯᠠᠬᠤ ᠶᠣᠰᠣᠲᠠᠢ ᠪᠢᠯᠡ︖ ᠬᠥᠪᠡᠭᠦᠳ ᠴᠢᠨᠢ ᠴᠤ ᠨᠠᠮᠠᠶᠢ ᠣᠷᠬᠢᠵᠤ ᠪᠤᠷᠬᠠᠳ ᠪᠢᠰᠢ ᠵᠦᠢᠯᠡᠰ ᠢᠶᠡᠷ ᠲᠠᠩ᠋ᠭᠠᠷᠢᠭᠯᠠᠳᠠᠭ ᠴᠠᠳᠲᠠᠯ᠎ᠠ ᠬᠣᠭᠣᠯᠠᠯᠠᠬᠤ ᠳᠤ ᠮᠢᠨᠢ ᠲᠡᠳᠡ ᠵᠠᠪᠬᠠᠢᠷᠠᠵᠤ ᠪᠥᠭᠡᠮ ᠢᠶᠡᠷ ᠢᠶᠠᠨ ᠶᠠᠩ᠋ᠬᠠᠨ ᠤ ᠭᠡᠷ ᠲᠦ ᠴᠤᠭᠯᠠᠷᠠᠳᠠᠭ᠃
8 ᠪᠣᠷᠳᠣᠭᠰᠠᠨ᠂ ᠬᠦᠴᠦ ᠰᠠᠢᠲᠠᠢ ᠮᠣᠷᠢᠳ ᠮᠡᠲᠦ ᠲᠡᠳᠡ ᠪᠤᠰᠤᠳ ᠬᠥᠮᠦᠨ ᠦ ᠡᠬᠡᠨᠡᠷ ᠦᠨ ᠬᠣᠢᠨ᠎ᠠ ᠠᠴᠠ ᠢᠨᠴᠠᠭᠠᠳᠠᠭ
9 ᠶᠣᠬᠣᠸᠠ ᠪᠢ ᠠᠢᠯᠠᠳᠴᠤ ᠪᠠᠢᠨ᠎ᠠ᠃ ᠡᠳᠡᠭᠡᠷ ᠶᠠᠪᠤᠳᠠᠯ ᠢ ᠪᠢ ᠰᠢᠳᠬᠡᠭᠦ ᠦᠭᠡᠢ ᠭᠡᠵᠢ ᠤᠤ︖ ᠡᠢᠮᠦ ᠦᠨᠳᠦᠰᠦᠲᠡᠨ ᠡᠴᠡ ᠪᠢ ᠥᠰᠢᠶ᠎ᠡ ᠠᠪᠬᠤ ᠦᠭᠡᠢ ᠭᠡᠵᠢ ᠤᠤ︖
10 ᠲᠠ ᠨᠠᠷ ᠦᠵᠦᠮ ᠦᠨ ᠲᠠᠯᠠᠪᠠᠢ ᠪᠠᠷ ᠨᠢ ᠶᠠᠪᠤᠵᠤ ᠲᠡᠭᠦᠨ ᠢ ᠰᠦᠢᠳᠬᠡ ᠭᠡᠬᠦ ᠳᠡᠭᠡᠨ ᠪᠦᠷᠢᠮᠦᠰᠦᠨ ᠪᠦᠦ ᠤᠰᠠᠳᠬ᠎ᠠ ᠮᠥᠴᠢᠷ ᠤᠳ ᠢ ᠯᠠ ᠬᠤᠭᠤᠯ᠂ ᠲᠡᠳᠡ ᠶᠣᠬᠣᠸᠠ ᠶᠢᠨ ᠬᠢ ᠪᠢᠰᠢ᠃
11 ᠶᠣᠬᠣᠸᠠ ᠪᠢ ᠠᠢᠯᠠᠳᠴᠤ ᠪᠠᠢᠨ᠎ᠠ᠃ ᠢᠰᠷᠧᠯ ᠤᠨ ᠭᠡᠷ ᠴᠤ᠂ ᠶᠦᠳᠠ ᠶᠢᠨ ᠭᠡᠷ ᠴᠤ ᠨᠠᠳᠠ ᠠᠴᠠ ᠲᠡᠷᠰᠯᠡᠨ ᠲᠡᠷᠰᠯᠡᠵᠦ ᠪᠠᠢᠪᠠ᠃
12 ᠲᠡᠳᠡ ᠶᠣᠬᠣᠸᠠ ᠶᠢᠨ ᠲᠤᠬᠠᠢ 《ᠲᠡᠷᠡ ᠲᠡᠭᠡᠬᠦ ᠦᠭᠡᠢ᠃ ᠬᠣᠣᠷ ᠬᠥᠨᠥᠭᠡᠯ ᠪᠢᠳᠡᠨ ᠳᠡᠭᠡᠷ᠎ᠡ ᠢᠷᠡᠬᠦ ᠦᠭᠡᠢ᠃ ᠪᠢᠳᠡ ᠢᠯᠳᠦ ᠶᠢ ᠴᠤ᠂ ᠥᠯᠥᠰᠬᠥᠯᠡᠩ ᠢ ᠴᠤ ᠦᠵᠡᠬᠦ ᠦᠭᠡᠢ》 ᠭᠡᠵᠦ ᠬᠤᠳᠠᠯ ᠶᠠᠷᠢᠳᠠᠭ᠂
13 ᠡᠰᠢ ᠦᠵᠡᠭᠦᠯᠦᠭᠴᠢᠳ ᠨᠢ ᠰᠠᠯᠬᠢ᠂ ᠶᠣᠬᠣᠸᠠ ᠶᠢᠨ ᠦᠭᠡ ᠲᠡᠳᠡᠨ ᠦ ᠳᠣᠲᠣᠷ᠎ᠠ ᠠᠯᠠᠭ᠎ᠠ ᠶᠠᠷᠢᠳᠠᠭ ᠦᠭᠡ ᠨᠢ ᠥᠪᠡᠷ ᠲᠤᠨᠢ ᠪᠠᠭᠤᠭ
14 ᠠᠤᠭ᠎ᠠ ᠬᠦᠴᠦᠲᠦ ᠪᠤᠷᠬᠠᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠲᠠ ᠨᠠᠷ ᠡᠳᠡᠭᠡᠷ ᠦᠭᠡ ᠶᠢ ᠶᠠᠷᠢᠭᠰᠠᠨ ᠲᠤᠯᠠ ᠪᠢ ᠠᠮᠠᠨ ᠳᠤ ᠴᠢᠨᠢ ᠪᠤᠢ ᠥᠪᠡᠷ ᠦᠨ ᠢᠶᠠᠨ ᠦᠭᠡ ᠶᠢ ᠭᠠᠯ᠂ ᠡᠨᠡ ᠠᠷᠠᠳ ᠲᠦᠮᠡᠨ ᠢ ᠲᠦᠯᠡᠭᠡ ᠪᠣᠯᠭᠠᠵᠤ᠂ ᠲᠡᠳᠡᠨ ᠢ ᠰᠢᠲᠠᠭᠠᠬᠤ ᠪᠣᠯᠣᠨ᠎ᠠ᠃
15 ᠢᠰᠷᠧᠯ ᠤᠨ ᠭᠡᠷ ᠡ︕ ᠶᠣᠬᠣᠸᠠ ᠪᠢ ᠠᠢᠯᠠᠳᠴᠤ ᠪᠠᠢᠨ᠎ᠠ᠃ ᠠᠯᠤᠰ ᠬᠣᠯᠠ ᠠᠴᠠ ᠪᠢ ᠨᠢᠭᠡᠨ ᠦᠨᠳᠦᠰᠦᠲᠡᠨ ᠢ ᠴᠢᠮ᠎ᠠ ᠳᠤ ᠠᠪᠴᠢᠷᠠᠵᠤ ᠪᠠᠢᠨ᠎ᠠ》 《ᠲᠡᠷᠡ ᠪᠣᠯ ᠪᠠᠲᠤ ᠪᠥᠭᠡ ᠦᠨᠳᠦᠰᠦᠲᠡᠨ᠂ ᠡᠷᠲᠡᠨ ᠦ ᠦᠨᠳᠦᠰᠦᠲᠡᠨ ᠪᠥᠭᠡᠳ ᠴᠢᠨᠦ ᠮᠡᠳᠡᠬᠦ ᠦᠭᠡᠢ ᠬᠡᠯᠡ ᠲᠠᠢ᠃ ᠲᠡᠳᠡᠨ ᠦ ᠶᠠᠭᠤ ᠬᠡᠯᠡᠵᠦ ᠪᠠᠢᠭ᠎ᠠ ᠶᠢ ᠴᠢ ᠣᠢᠯᠠᠭᠠᠬᠤ ᠦᠭᠡᠢ᠃
16 ᠲᠡᠳᠡ ᠪᠦᠭᠦᠳᠡ ᠬᠦᠴᠦᠲᠦ ᠳᠠᠢᠴᠢᠨ᠂ ᠰᠠᠭᠠᠳᠠᠭ ᠨᠢ ᠣᠩ᠋ᠭᠣᠷᠬᠠᠢ ᠪᠤᠯᠠᠰᠢ
17 ᠲᠡᠳᠡ ᠬᠤᠷᠢᠶᠠᠯᠲᠠ ᠪᠣᠯᠣᠨ ᠬᠣᠭᠣᠯᠠ ᠬᠦᠨᠡᠰᠦ ᠶᠢ ᠴᠢᠨᠢ ᠵᠠᠯᠭᠢᠨ᠎ᠠ ᠲᠡᠳᠡ ᠬᠥᠪᠡᠭᠦᠳ ᠥᠬᠢᠳ ᠢ ᠴᠢᠨᠢ ᠵᠠᠯᠭᠢᠨ᠎ᠠ ᠲᠡᠳᠡ ᠬᠣᠨᠢᠨ ᠰᠦᠷᠦᠭ ᠪᠣᠯᠣᠨ ᠦᠬᠡᠷ ᠦᠨ ᠰᠦᠷᠦᠭ ᠢ ᠴᠢᠨᠢ ᠵᠠᠯᠭᠢᠨ᠎ᠠ ᠲᠡᠳᠡ ᠦᠵᠦᠮ ᠪᠣᠯᠣᠨ ᠢᠨᠵᠢᠷ ᠤᠨ ᠮᠣᠳᠣᠳ ᠢ ᠴᠢᠨᠢ ᠵᠠᠯᠭᠢᠨ᠎ᠠ ᠲᠡᠳᠡ ᠨᠠᠢᠳᠠᠳᠠᠭ ᠪᠡᠬᠢᠯᠡᠯᠲᠡᠲᠦ ᠬᠣᠲᠠ ᠨᠤᠭᠤᠳ ᠢ ᠴᠢᠨᠢ ᠢᠯᠳᠦ ᠪᠡᠷ ᠨᠤᠷᠠᠭᠠᠨ᠎ᠠ᠃》
18 《ᠬᠠᠷᠢᠨ ᠲᠡᠷᠡ ᠡᠳᠦᠷ ᠤᠳ ᠲᠤ ᠴᠤ ᠪᠢ ᠲᠠ ᠨᠠᠷ ᠢ ᠪᠦᠷᠢᠮᠦᠰᠦᠨ ᠤᠰᠠᠳᠬᠠᠬᠤ ᠪᠢᠰᠢ᠂》 ᠶᠣᠬᠣᠸᠠ ᠪᠢ ᠠᠢᠯᠠᠳᠴᠤ ᠪᠠᠢᠨ᠎ᠠ᠃

19 ᠬᠡᠷᠪᠡ ᠲᠡᠳᠡ᠄ 《ᠪᠢᠳᠡᠨ ᠦ ᠪᠤᠷᠬᠠᠨ ᠶᠣᠬᠣᠸᠠ ᠪᠢᠳᠡᠨ ᠳᠦ ᠶᠠᠭᠠᠬᠢᠭᠠᠳ ᠡᠨᠡ ᠪᠦᠬᠦ ᠵᠦᠢᠯ ᠢ ᠤᠴᠠᠷᠠᠭᠤᠯᠪᠠ︖》 ᠭᠡᠵᠦ ᠬᠡᠯᠡᠪᠡᠯ᠂ ᠴᠢ᠄ 《ᠶᠣᠬᠣᠸᠠ᠄ 〈ᠲᠠ ᠨᠠᠷ ᠨᠠᠮᠠᠶᠢ ᠣᠷᠬᠢᠵᠤ᠂ ᠥᠪᠡᠷᠰᠡᠳ ᠦᠨ ᠢᠶᠠᠨ ᠨᠤᠲᠤᠭ ᠲᠤ ᠬᠠᠷᠢ ᠶᠢᠨ ᠪᠤᠷᠬᠠᠳ ᠲᠤ ᠦᠢᠯᠡᠴᠢᠯᠡᠭᠰᠡᠨ᠂ ᠲᠡᠢᠨ ᠬᠦ ᠲᠠ ᠨᠠᠷ ᠥᠪᠡᠷᠰᠡᠳ ᠦᠨ ᠪᠤᠰᠤ ᠨᠤᠲᠤᠭ ᠲᠤ ᠬᠠᠷᠢ ᠶᠢᠨ ᠬᠢᠨ ᠳᠤ ᠦᠢᠯᠡᠴᠢᠯᠡᠬᠦ ᠪᠣᠯᠣᠨ᠎ᠠ〉 ᠭᠡᠰᠡᠨ》 ᠭᠡᠵᠦ ᠬᠡᠯᠡᠭᠲᠦᠨ᠃
20 ᠴᠢ ᠡᠭᠦᠨ ᠢ ᠶᠠᠺᠣᠪ ᠤᠨ ᠭᠡᠷ ᠲᠦ ᠵᠠᠷᠯᠠᠵᠤ᠂ ᠶᠦᠳᠠ ᠳᠤ ᠲᠤᠩ᠋ᠬᠠᠭᠯᠠᠭᠲᠤᠨ᠄
21 《ᠪᠣᠳᠣᠯ ᠦᠭᠡᠢ ᠮᠤᠩ᠋ᠬᠠᠭ ᠨᠢᠳᠦ ᠲᠠᠢ ᠪᠣᠯᠪᠠᠴᠤ ᠬᠠᠷᠠᠳᠠᠭ ᠦᠭᠡᠢ ᠴᠢᠬᠢ ᠲᠠᠢ ᠪᠣᠯᠪᠠᠴᠤ ᠰᠣᠨᠣᠰᠳᠠᠭ ᠦᠭᠡᠢ ᠬᠥᠮᠦᠰ ᠡ᠂ ᠡᠭᠦᠨ ᠢ ᠰᠣᠨᠣᠰ᠃
22 ᠶᠣᠬᠣᠸᠠ ᠪᠢ ᠠᠢᠯᠠᠳᠴᠤ ᠪᠠᠢᠨ᠎ᠠ᠃ ᠲᠠ ᠨᠠᠷ ᠨᠠᠳᠠ ᠠᠴᠠ ᠡᠮᠢᠶᠡᠵᠦ ᠮᠢᠨᠦ ᠡᠮᠦᠨ᠎ᠡ ᠴᠡᠴᠡᠷᠡᠬᠦ ᠶᠣᠰᠣᠲᠠᠢ ᠪᠢᠰᠢ ᠤᠤ︖ ᠪᠢ ᠡᠯᠡᠰᠦ ᠪᠡᠷ ᠳᠠᠯᠠᠢ ᠶᠢᠨ ᠬᠢᠯᠢ ᠶᠢ ᠮᠥᠩᠬᠡᠳᠡ ᠲᠣᠭᠲᠠᠭᠠᠭᠰᠠᠨ ᠳᠠᠯᠠᠢ ᠲᠡᠭᠦᠨ ᠢ ᠳᠠᠪᠠᠵᠤ ᠴᠢᠳᠠᠬᠤ ᠦᠭᠡᠢ ᠬᠡᠳᠦᠢ ᠲᠠᠪᠠᠯᠭᠠᠯᠠᠭᠰᠠᠨ ᠴᠤ ᠳᠡᠢᠯᠬᠦ ᠦᠭᠡᠢ ᠬᠡᠳᠦᠢ ᠬᠦᠷᠬᠢᠷᠡᠭᠰᠡᠨ ᠴᠤ ᠳᠠᠪᠠᠵᠤ ᠴᠢᠳᠠᠬᠤ ᠦᠭᠡᠢ᠂
23 ᠬᠠᠷᠢᠨ ᠡᠨᠡ ᠠᠷᠠᠳ ᠲᠦᠮᠡᠨ ᠵᠥᠷᠢᠭᠦᠳ᠂ ᠲᠡᠷᠰ ᠵᠢᠷᠦᠬᠡ ᠲᠠᠢ ᠪᠣᠯᠬᠣᠷ ᠭᠠᠵᠢᠨ ᠶᠠᠪᠤᠵᠤ ᠬᠣᠯᠠᠳᠠᠪᠠ᠃
24 《ᠨᠠᠮᠤᠷ ᠤᠨ ᠪᠣᠯᠣᠨ ᠬᠠᠪᠤᠷ ᠤᠨ ᠪᠣᠷᠣᠭᠠᠨ ᠢ ᠴᠠᠭ ᠲᠤᠨᠢ ᠰᠣᠶᠣᠷᠬᠠᠳᠠᠭ᠂ ᠬᠤᠷᠢᠶᠠᠯᠲᠠ ᠶᠢᠨ ᠬᠤᠭᠤᠴᠠᠭ᠎ᠠ ᠶᠢ ᠲᠣᠭᠲᠠᠭᠠᠵᠤ ᠥᠭᠳᠡᠭ ᠶᠣᠬᠣᠸᠠ ᠪᠤᠷᠬᠠᠨ ᠠᠴᠠ ᠪᠠᠨ ᠡᠮᠢᠶᠡᠬᠦ ᠶᠣᠰᠣᠲᠠᠢ》 ᠭᠡᠵᠦ ᠲᠡᠳᠡ ᠶᠡᠷᠦ ᠪᠣᠳᠣᠳᠠᠭ ᠦᠭᠡᠢ᠂
25 《ᠲᠠ ᠨᠠᠷ ᠤᠨ ᠭᠡᠮ ᠪᠤᠷᠤᠭᠤ ᠡᠳᠡᠭᠡᠷ ᠢ ᠵᠠᠢᠯᠠᠭᠤᠯᠤᠭᠰᠠᠨ ᠲᠠ ᠨᠠᠷ ᠤᠨ ᠨᠢᠭᠦᠯ ᠰᠠᠢᠨ ᠢ ᠥᠪᠡᠷᠰᠡᠳ ᠡᠴᠡ ᠴᠢᠨᠢ ᠨᠢᠭᠤᠪᠠ᠃
26 ᠮᠢᠨᠦ ᠠᠷᠠᠳ ᠲᠦᠮᠡᠨ ᠦ ᠳᠤᠮᠳᠠ ᠬᠣᠷᠣᠨ ᠮᠠᠭᠤ ᠬᠥᠮᠦᠰ ᠪᠤᠢ ᠲᠡᠳᠡ ᠰᠢᠪᠠᠭᠤ ᠪᠠᠷᠢᠭᠴᠢᠳ ᠰᠢᠭ᠋ ᠣᠳᠣᠵᠤ ᠪᠠᠢᠭᠠᠳ ᠤᠷᠠᠬ᠎ᠠ ᠲᠠᠯᠪᠢᠨ ᠬᠥᠮᠦᠰ ᠢ ᠪᠠᠷᠢᠳᠠᠭ᠃
27 ᠰᠢᠩᠭᠡᠯᠢᠭ ᠰᠢᠪᠠᠭᠤ ᠪᠠᠷ ᠳᠦᠭᠦᠷᠡᠩ ᠪᠠᠢᠬᠤ ᠶᠢᠨ ᠠᠳᠠᠯᠢ ᠲᠡᠳᠡᠨ ᠦ ᠭᠡᠷ ᠵᠠᠯᠢ ᠮᠡᠬᠡ ᠪᠡᠷ ᠳᠦᠭᠦᠷᠡᠩ ᠲᠡᠭᠦᠨ ᠢᠶᠡᠷ ᠲᠡᠳᠡ ᠪᠠᠶᠠᠨ ᠬᠦᠴᠦᠷᠬᠡᠭ ᠪᠣᠯᠵᠠᠢ᠃
28 ᠲᠡᠳᠡ ᠲᠠᠷᠭᠤᠯᠠᠵᠤ ᠲᠣᠰᠣ ᠲᠠᠭᠠᠪᠤᠷᠢᠯᠠᠪᠠ ᠲᠡᠳᠡ ᠬᠣᠷᠣᠨ ᠮᠠᠭᠤ ᠦᠢᠯᠡᠰ ᠲᠡᠭᠡᠨ ᠭᠠᠷᠮᠠᠭᠠᠢ ᠥᠨᠥᠴᠢᠨ ᠤ ᠡᠷᠬᠡ ᠶᠢ ᠣᠢᠰᠢᠶᠠᠳᠠᠭ ᠦᠭᠡᠢ᠂ ᠦᠭᠡᠭᠦᠦ ᠶᠢᠨ ᠡᠷᠬᠡ ᠶᠢ ᠥᠮᠥᠭᠯᠡᠳᠡᠭ ᠦᠭᠡᠢ ᠬᠢᠷᠢ ᠨᠢ ᠥᠷᠨᠢᠨ ᠬᠥᠭᠵᠢᠨ᠎ᠡ
29 《ᠡᠳᠡᠭᠡᠷ ᠢ ᠪᠢ ᠰᠢᠳᠬᠡᠬᠦ ᠦᠭᠡᠢ ᠪᠠᠢᠬᠤ ᠭᠡᠵᠢ ᠤᠤ︖ ᠡᠢᠮᠦ ᠦᠨᠳᠦᠰᠦᠲᠡᠨ ᠡᠴᠡ ᠪᠢ ᠥᠰᠢᠶ᠎ᠡ ᠪᠡᠨ ᠠᠪᠬᠤ ᠦᠭᠡᠢ ᠭᠡᠵᠢ ᠤᠤ︖》 ᠶᠣᠬᠣᠸᠠ ᠪᠢ ᠠᠢᠯᠠᠳᠴᠤ ᠪᠠᠢᠨ᠎ᠠ᠃

30 ᠡᠨᠡ ᠭᠠᠵᠠᠷ ᠲᠤ ᠵᠢᠭ᠍ᠰᠢᠮᠡᠷ ᠠᠶᠤᠮᠰᠢᠭᠲᠤ ᠶᠠᠪᠤᠳᠠᠯ ᠪᠣᠯᠵᠤ ᠪᠠᠢᠨ᠎ᠠ᠂
31 ᠡᠰᠢ ᠦᠵᠡᠭᠦᠯᠦᠭᠴᠢᠳ ᠬᠠᠭᠤᠷᠮᠠᠴᠢ ᠪᠠᠷ ᠡᠰᠢ ᠦᠵᠡᠭᠦᠯᠵᠦ ᠲᠠᠬᠢᠯᠴᠢᠳ ᠥᠪᠡᠷᠰᠡᠳ ᠦᠨ ᠢᠶᠠᠨ ᠬᠦᠴᠦ ᠪᠡᠷ ᠨᠣᠶᠠᠯᠠᠬᠤ ᠳᠤ ᠮᠢᠨᠦ ᠠᠷᠠᠳ ᠲᠦᠮᠡᠨ ᠡᠭᠦᠨ ᠳᠦ ᠳᠤᠷᠠᠲᠠᠢ ᠪᠠᠢᠭ᠎ᠠ ᠶᠤᠮ ᠡᠴᠦᠰ ᠲᠤᠨᠢ ᠲᠠ ᠨᠠᠷ ᠶᠠᠭᠤ ᠪᠣᠯᠬᠤ ᠪᠣᠯ︖