ᠦᠢᠯᠡᠰ ᠠᠷᠪᠠᠨ ᠳᠣᠯᠣᠭ᠎ᠠ
ᠲᠧᠰᠠᠯᠦ᠋ᠨᠢᠺ ᠲᠤ
1 ᠫᠠᠦ᠋ᠯ ᠰᠢᠯᠠ ᠬᠣᠶᠠᠭᠤᠯᠠ ᠠᠮᠹᠢᠫᠣᠯᠢ ᠪᠠ ᠠᠫᠣᠯᠣᠨᠢᠶᠠ ᠪᠠᠷ ᠳᠠᠭᠠᠷᠢᠵᠤ᠂ ᠲᠧᠰᠠᠯᠦ᠋ᠨᠢᠺ ᠲᠤ ᠬᠦᠷᠪᠡ᠃ ᠲᠡᠨᠳᠡ ᠶᠦᠳᠠᠢᠴᠤᠳ ᠤᠨ ᠬᠤᠷᠠᠯ ᠤᠨ ᠲᠠᠩᠬᠢᠮ ᠪᠠᠢᠵᠠᠢ᠃ 2 ᠫᠠᠦ᠋ᠯ ᠵᠤᠷᠰᠢᠯ ᠶᠣᠰᠣᠭᠠᠷ ᠢᠶᠠᠨ ᠲᠡᠨᠳᠡ ᠣᠷᠣᠵᠤ᠂ ᠭᠤᠷᠪᠠᠨ ᠠᠮᠠᠷᠠᠯ ᠤᠨ ᠡᠳᠦᠷ ᠳᠠᠷᠠᠭᠠᠯᠠᠨ ᠲᠡᠳᠡᠨ ᠳᠦ ᠨᠣᠮ ᠤᠨ ᠡᠰᠢᠯᠡᠯ ᠤᠳ ᠢ ᠨᠣᠮᠯᠠᠪᠠ 14 ᠃ 3 ᠾᠷᠢᠰᠲ᠋ᠣᠰ ᠵᠠᠪᠠᠯ ᠵᠣᠪᠠᠯᠠᠩ ᠠᠮᠰᠠᠵᠤ᠂ ᠦᠬᠦᠭᠰᠡᠳ ᠦᠨ ᠳᠤᠮᠳᠠ ᠠᠴᠠ ᠠᠮᠢᠯᠠᠬᠤ ᠶᠣᠰᠣᠲᠠᠢ ᠪᠠᠢᠭᠰᠠᠨ ᠢ ᠫᠠᠦ᠋ᠯ ᠲᠠᠢᠯᠪᠤᠷᠢᠯᠠᠨ ᠪᠠᠲᠤᠯᠠᠵᠤ᠄ 《ᠮᠢᠨᠦ ᠲᠠ ᠨᠠᠷ ᠲᠤ ᠤᠯᠠᠮᠵᠢᠯᠠᠵᠤ ᠪᠠᠢᠭ᠎ᠠ ᠡᠨᠡ ᠢᠰᠦ᠋ᠰ ᠪᠣᠯ ᠾᠷᠢᠰᠲ᠋ᠣᠰ ᠮᠥᠨ》 ᠭᠡᠪᠡ᠃ 4 ᠵᠠᠷᠢᠮ ᠨᠢ ᠢᠳᠬᠠᠯ ᠢ ᠨᠢ ᠠᠪᠴᠤ᠂ ᠫᠠᠦ᠋ᠯ ᠪᠠ ᠰᠢᠯᠠ ᠶᠢ ᠳᠠᠭᠠᠵᠠᠢ᠃ ᠲᠡᠳᠡᠨ ᠦ ᠳᠤᠮᠳᠠ ᠪᠤᠷᠬᠠᠨ ᠠᠴᠠ ᠡᠮᠢᠶᠡᠳᠡᠭ ᠮᠠᠰᠢ ᠣᠯᠠᠨ ᠭᠷᠧᠭ ᠬᠥᠮᠦᠨ ᠪᠠ ᠴᠥᠭᠡᠨ ᠪᠤᠰᠤ ᠲᠦᠷᠦᠭᠦᠴᠦᠳ ᠦᠨ ᠬᠠᠲᠤᠭᠲᠠᠢ ᠪᠠᠢᠪᠠ᠃ 5 ᠬᠠᠷᠢᠨ ᠶᠦᠳᠠᠢᠴᠤᠳ ᠠᠲᠠᠭᠠᠷᠬᠠᠵᠤ᠂ ᠵᠡᠭᠡᠯᠢ ᠡᠴᠡ ᠲᠠᠩ᠋ᠬᠠᠢᠴᠤᠳ ᠢ ᠴᠤᠭᠯᠠᠭᠤᠯᠤᠨ ᠪᠦᠯᠦᠭᠯᠡᠵᠦ ᠬᠣᠲᠠ ᠶᠢ ᠦᠢᠮᠡᠭᠦᠯᠪᠡ᠃ ᠲᠡᠳᠡ ᠶᠠᠰᠣᠩ ᠤᠨ ᠭᠡᠷ ᠲᠦ ᠳᠠᠭᠠᠷᠢᠨ ᠣᠷᠣᠵᠤ᠂ ᠫᠠᠦ᠋ᠯ ᠨᠠᠷ ᠢ ᠣᠯᠠᠨ ᠤ ᠡᠮᠦᠨ᠎ᠡ ᠠᠪᠠᠴᠢᠬᠤ ᠭᠡᠵᠦ ᠡᠷᠢᠭᠰᠡᠨ ᠪᠣᠯᠪᠠᠴᠤ 6 ᠣᠯᠣᠭᠰᠠᠨ ᠦᠭᠡᠢ ᠲᠤᠯᠠ ᠶᠠᠰᠣᠩ ᠪᠠ ᠬᠡᠳᠦᠨ ᠠᠬ᠎ᠠ ᠳᠡᠭᠦᠦ ᠨᠠᠷ ᠢ ᠬᠣᠲᠠ ᠶᠢᠨ ᠨᠣᠶᠠᠳ ᠤᠨ ᠡᠮᠦᠨ᠎ᠡ ᠴᠢᠷᠦᠨ ᠠᠪᠠᠴᠢᠵᠤ ᠴᠢᠩᠭ᠍᠎ᠠ ᠳᠠᠭᠤᠨ ᠢᠶᠠᠷ᠄ 《ᠳᠡᠯᠡᠬᠡᠢ ᠶᠢ ᠦᠢᠮᠡᠭᠦᠯᠦᠭᠰᠡᠨ ᠬᠥᠮᠦᠰ ᠡ᠊ᠨᠳᠡ ᠴᠤ ᠢᠷᠡᠭᠡᠳ ᠪᠠᠢᠨ᠎ᠠ᠃ 7 ᠬᠠᠷᠢᠨ ᠶᠠᠰᠣᠩ ᠬᠦᠯᠢᠶᠡᠵᠦ ᠠᠪᠤᠭᠰᠠᠨ᠃ ᠡᠨᠡ ᠬᠥᠮᠦᠰ ᠪᠦᠭᠦᠳᠡᠭᠡᠷ ᠢᠶᠡᠨ ᠺᠠᠶᠧᠰᠠᠷ ᠤᠨ ᠵᠠᠷᠯᠢᠭ ᠢ ᠡᠰᠡᠷᠭᠦᠴᠡᠵᠦ᠄ 〈ᠢᠰᠦ᠋ᠰ ᠭᠡᠳᠡᠭ ᠥᠭᠡᠷ᠎ᠡ ᠨᠢᠭᠡᠨ ᠬᠠᠭᠠᠨ ᠪᠠᠰᠠ ᠪᠤᠢ〉 ᠭᠡᠵᠦ ᠬᠡᠯᠡᠭᠰᠡᠨ》 ᠭᠡᠪᠡ᠃ 8 ᠣᠯᠠᠨ ᠬᠥᠮᠦᠨ ᠪᠠ ᠬᠣᠲᠠ ᠶᠢᠨ ᠨᠣᠶᠠᠳ ᠡᠭᠦᠨ ᠢ ᠰᠣᠨᠣᠰᠣᠭᠠᠳ ᠦᠢᠮᠡᠯᠳᠦᠵᠦ᠂ 9 ᠶᠠᠰᠣᠩ ᠪᠣᠯᠣᠨ ᠪᠤᠰᠤᠳ ᠬᠥᠮᠦᠰ ᠡᠴᠡ ᠪᠠᠲᠤᠯᠠᠪᠤᠷᠢ ᠠᠪᠤᠭᠠᠳ ᠲᠡᠳᠡᠨ ᠢ ᠰᠤᠯᠠᠯᠠᠪᠠ᠃
ᠪᠧᠷᠣᠶᠠ ᠳᠤ
10 ᠰᠥᠨᠢ ᠪᠣᠯᠣᠩ᠋ᠭᠤᠲᠠ ᠠᠬ᠎ᠠ ᠳᠡᠭᠦᠦ ᠨᠠᠷ ᠫᠠᠦ᠋ᠯ ᠪᠣᠯᠣᠨ ᠰᠢᠯᠠ ᠶᠢ ᠪᠧᠷᠣᠶᠠ ᠳᠤ ᠶᠠᠪᠤᠭᠤᠯᠵᠠᠢ᠃ ᠲᠡᠳᠡ ᠲᠡᠨᠳᠡ ᠬᠦᠷᠦᠭᠡᠳ ᠶᠦᠳᠠᠢᠴᠤᠳ ᠤᠨ ᠬᠤᠷᠠᠯ ᠤᠨ ᠲᠠᠩᠬᠢᠮ ᠳᠤ ᠣᠷᠣᠪᠠ᠃ 11 ᠲᠡᠨᠳᠡᠬᠢ ᠶᠢᠨ ᠶᠦᠳᠠᠢᠴᠤᠳ ᠲᠧᠰᠠᠯᠦ᠋ᠨᠢᠺ ᠤᠨ ᠶᠦᠳᠠᠢᠴᠤᠳ ᠠᠴᠠ ᠡᠷᠬᠢᠮᠰᠦᠭ ᠲᠤᠯᠠ ᠦᠭᠡ ᠶᠢ ᠬᠠᠯᠠᠭᠤᠨ ᠰᠡᠳᠬᠢᠯ ᠢᠶᠠᠷ ᠬᠦᠯᠢᠶᠡᠨ ᠠᠪᠴᠤ᠂ ᠡᠳᠡᠭᠡᠷ ᠦᠨ ᠵᠥᠪ ᠡᠰᠡᠬᠦ ᠶᠢ ᠠᠷᠢᠭᠤᠨ ᠨᠣᠮ ᠤᠨ ᠡᠰᠢᠯᠡᠯ ᠤᠳ ᠢᠶᠠᠷ ᠡᠳᠦᠷ ᠪᠦᠷᠢ ᠰᠢᠯᠭᠠᠪᠠ᠃ 12 ᠲᠡᠳᠡ ᠨᠠᠷ ᠠᠴᠠ ᠣᠯᠠᠨ ᠬᠥᠮᠦᠨ ᠢᠲᠡᠭᠡᠵᠡᠢ᠃ ᠪᠠᠰᠠ ᠭᠷᠧᠭ ᠤᠨ ᠬᠠᠲᠤᠭᠲᠠᠢ ᠪᠠ ᠡᠷᠡᠭᠲᠡᠢ ᠴᠤ ᠴᠥᠭᠡᠨ ᠪᠤᠰᠤ ᠪᠠᠢᠭᠰᠠᠨ᠃ 13 ᠭᠡᠲᠡᠯ᠎ᠡ ᠲᠧᠰᠠᠯᠦ᠋ᠨᠢᠺ ᠳᠠᠬᠢ ᠶᠦᠳᠠᠢᠴᠤᠳ ᠫᠠᠦ᠋ᠯ ᠤᠨ ᠪᠧᠷᠣᠶᠠ ᠳᠤ ᠴᠤ ᠪᠤᠷᠬᠠᠨ ᠤ ᠦᠭᠡ ᠶᠢ ᠤᠯᠠᠮᠵᠢᠯᠠᠵᠤ ᠪᠠᠢᠭ᠎ᠠ ᠶᠢ ᠮᠡᠳᠡᠭᠡᠳ ᠲᠡᠨᠳᠡ ᠬᠦᠷᠴᠦ ᠣᠯᠠᠨ ᠢ ᠥᠳᠥᠭᠡᠵᠦ ᠦᠢᠮᠡᠭᠦᠯᠦᠭᠰᠡᠨ ᠳᠦ᠂ 14 ᠠᠬ᠎ᠠ ᠳᠡᠭᠦᠦ ᠨᠠᠷ ᠫᠠᠦ᠋ᠯ ᠢ ᠳᠠᠯᠠᠢ ᠶᠢᠨ ᠬᠥᠪᠡᠭᠡᠨ ᠳᠦ ᠳᠠᠷᠤᠢᠬᠠᠨ ᠬᠦᠷᠭᠡᠪᠡ᠃ ᠬᠠᠷᠢᠨ ᠰᠢᠯᠠ ᠪᠣᠯᠣᠨ ᠲᠢᠮᠣᠲ ᠲᠡᠨᠳᠡ ᠪᠡᠨ ᠦᠯᠡᠳᠡᠯ᠎ᠡ᠃ 15 ᠬᠥᠲᠥᠴᠢ ᠨᠠᠷ ᠫᠠᠦ᠋ᠯ ᠢ ᠠᠲ᠋ᠧᠨ ᠬᠦᠷᠲᠡᠯ᠎ᠡ ᠬᠦᠷᠭᠡᠭᠰᠡᠨ ᠪᠥᠭᠡᠳ ᠰᠢᠯᠠ᠂ ᠲᠢᠮᠣᠲ ᠬᠣᠶᠠᠷ ᠢ ᠠᠯᠢ ᠲᠦᠷᠭᠡᠨ ᠢᠶᠡᠷ ᠡ᠊ᠨᠳᠡ ᠢᠷᠡᠭᠦᠯᠦᠭᠡᠷᠡᠢ ᠭᠡᠰᠡᠨ ᠫᠠᠦ᠋ᠯ ᠤᠨ ᠵᠠᠬᠢᠶ᠎ᠠ ᠶᠢ ᠠᠪᠤᠭᠠᠳ ᠪᠤᠴᠠᠯ᠎ᠠ᠃
ᠠᠲ᠋ᠧᠨ ᠳᠤ
16 ᠫᠠᠦ᠋ᠯ ᠠᠲ᠋ᠧᠨ ᠳᠤ ᠲᠡᠷᠡ ᠬᠣᠶᠠᠷ ᠢ ᠬᠦᠯᠢᠶᠡᠵᠦ ᠪᠠᠢᠬᠤ ᠵᠠᠭᠤᠷ᠎ᠠ ᠪᠠᠨ ᠬᠣᠲᠠ ᠳᠦᠭᠦᠷᠡᠩ ᠴᠠᠯᠢᠭ ᠰᠢᠲᠦᠭᠡᠨ ᠪᠠᠢᠭ᠎ᠠ ᠶᠢ ᠬᠠᠷᠠᠭᠠᠳ ᠰᠡᠳᠬᠢᠯ ᠨᠢ ᠡᠮᠵᠡᠭᠯᠡᠭᠰᠡᠨ ᠪᠣᠯᠬᠣᠷ 17 ᠬᠤᠷᠠᠯ ᠤᠨ ᠲᠠᠩᠬᠢᠮ ᠳᠤ ᠪᠣᠯ ᠶᠦᠳᠠᠢᠴᠤᠳ ᠪᠠ ᠪᠤᠷᠬᠠᠨ ᠠᠴᠠ ᠡᠮᠢᠶᠡᠳᠡᠭ ᠬᠠᠷᠢᠴᠤᠳ ᠲᠠᠢ᠂ ᠵᠡᠭᠡᠯᠢ ᠳᠡᠭᠡᠷ᠎ᠡ ᠪᠣᠯ ᠡᠳᠦᠷ ᠪᠦᠷᠢ ᠲᠠᠭᠠᠷᠠᠯᠳᠤᠳᠠᠭ ᠬᠥᠮᠦᠰ ᠲᠡᠢ ᠮᠠᠷᠭᠤᠯᠳᠤᠳᠠᠭ ᠪᠠᠢᠪᠠ᠃ 18 ᠧᠫᠢᠺᠦ᠋ᠷᠢᠶᠣᠰ 15 ᠪᠣᠯᠣᠨ ᠰᠧᠲ᠋ᠣᠢᠺ ᠪᠦᠯᠦᠭ 16 ᠤᠨ ᠬᠡᠳᠦᠨ ᠭᠦᠨ ᠤᠬᠠᠭᠠᠨᠲᠠᠨ ᠴᠤ ᠫᠠᠦ᠋ᠯ ᠲᠠᠢ ᠬᠠᠮᠲᠤ ᠬᠡᠯᠡᠯᠴᠡᠵᠦ ᠡᠬᠢᠯᠡᠪᠡ᠃ ᠵᠠᠷᠢᠮ ᠨᠢ᠄ 《ᠡᠨᠡ ᠴᠠᠯᠴᠢᠭᠴᠢ ᠶᠠᠭᠤ ᠶᠠᠷᠢᠬᠤ ᠭᠡᠵᠦ ᠪᠠᠢᠭ᠎ᠠ ᠪᠣᠯ︖》 ᠭᠡᠵᠦ᠂ ᠪᠠᠰᠠ ᠵᠠᠷᠢᠮ ᠨᠢ᠄ 《ᠬᠠᠷᠢ ᠶᠢᠨ ᠪᠤᠷᠬᠠᠳ ᠢ ᠳᠡᠯᠭᠡᠷᠡᠭᠦᠯᠦᠭᠴᠢ ᠪᠣᠯ ᠤᠤ︖》 ᠭᠡᠵᠦ ᠪᠠᠢᠯ᠎ᠠ᠃ ᠤᠴᠢᠷ ᠨᠢ᠂ ᠫᠠᠦ᠋ᠯ ᠢᠰᠦ᠋ᠰ ᠪᠠ ᠠᠮᠢᠯᠠᠯᠲᠠ ᠶᠢᠨ ᠲᠤᠬᠠᠢ ᠪᠠᠶᠠᠷ ᠤᠨ ᠮᠡᠳᠡᠭᠡ ᠶᠢ ᠳᠡᠯᠭᠡᠷᠡᠭᠦᠯᠵᠦ ᠪᠠᠢᠵᠠᠢ᠃ 19 ᠲᠡᠳᠡ ᠲᠡᠭᠦᠨ ᠢ ᠠᠷᠧᠣᠫᠠᠰ 17 ᠤᠨ ᠵᠥᠪᠯᠡᠯ ᠳᠦ ᠠᠪᠠᠴᠢᠵᠤ᠄ 《ᠴᠢᠨᠦ ᠶᠠᠷᠢᠵᠤ ᠪᠠᠢᠭ᠎ᠠ ᠡᠨᠡ ᠰᠢᠨ᠎ᠡ ᠰᠤᠷᠭᠠᠯ ᠤᠨ ᠶᠠᠭᠤ ᠪᠣᠯᠬᠤ ᠶᠢ ᠪᠢᠳᠡ ᠮᠡᠳᠡᠵᠦ ᠪᠣᠯᠬᠤ ᠤᠤ︖ 20 ᠴᠢ ᠪᠢᠳᠡᠨ ᠦ ᠴᠢᠬᠢᠨ ᠳᠤ ᠬᠠᠴᠢᠨ ᠶᠠᠭᠤᠮᠠᠰ ᠰᠣᠨᠣᠰᠬᠠᠳᠠᠭ᠃ ᠲᠡᠷᠡ ᠨᠢ ᠶᠠᠭᠤ ᠪᠣᠯᠬᠤ ᠶᠢ ᠪᠢᠳᠡ ᠮᠡᠳᠡᠮᠡᠷ ᠪᠠᠢᠨ᠎ᠠ》 ᠭᠡᠪᠡ᠃ 21 ᠠᠲ᠋ᠧᠨᠴᠤᠳ ᠪᠠ ᠲᠡᠨᠳᠡ ᠰᠠᠭᠤᠳᠠᠭ ᠭᠠᠳᠠᠭᠠᠳᠤ ᠶᠢᠨ ᠬᠥᠮᠦᠰ ᠬᠠᠮᠤᠭ ᠤᠨ ᠰᠢᠨ᠎ᠡ ᠶᠢ ᠶᠠᠷᠢᠬᠤ ᠪᠠ ᠰᠣᠨᠣᠰᠬᠤ ᠠᠴᠠ ᠥᠭᠡᠷ᠎ᠡ ᠶᠠᠭᠤᠮᠠᠨ ᠳᠤ ᠴᠠᠭ ᠢᠶᠠᠨ ᠵᠠᠷᠤᠴᠠᠭᠤᠯᠳᠠᠭ ᠦᠭᠡᠢ ᠪᠠᠢᠵᠠᠢ᠃
ᠬᠣᠲᠠ ᠶᠢᠨ ᠬᠤᠷᠠᠯ ᠳᠡᠭᠡᠷ᠎ᠡ ᠨᠣᠮᠯᠠᠭᠰᠠᠨ ᠨᠢ
22 ᠫᠠᠦ᠋ᠯ ᠠᠷᠧᠣᠫᠠᠰ ᠲᠤ ᠵᠣᠭᠰᠣᠵᠤ᠄ 《ᠠᠲ᠋ᠧᠨᠴᠤᠳ ᠡ︕ ᠲᠠ ᠨᠠᠷ ᠪᠦᠬᠦ ᠲᠠᠯ᠎ᠠ ᠪᠠᠷ ᠢᠶᠠᠨ ᠰᠢᠲᠦᠭᠡᠨᠰᠡᠭ ᠪᠠᠢᠳᠠᠭ ᠢ ᠪᠢ ᠠᠵᠢᠭᠯᠠᠯ᠎ᠠ᠃ 23 ᠪᠢ ᠲᠠ ᠨᠠᠷ ᠤᠨ ᠰᠢᠲᠦᠭᠡᠨ ᠨᠦᠭᠦᠳ ᠢ ᠠᠵᠢᠭᠯᠠᠵᠤ ᠶᠠᠪᠤᠬᠤ ᠳᠠᠭᠠᠨ 〈ᠲᠠᠨᠢᠭᠳᠠᠭ᠎ᠠ ᠦᠭᠡᠢ ᠪᠤᠷᠬᠠᠨ ᠳᠤ〉 ᠭᠡᠵᠦ ᠪᠢᠴᠢᠭᠰᠡᠨ ᠲᠠᠬᠢᠯ ᠤᠨ ᠰᠢᠷᠡᠭᠡ ᠶᠢ ᠴᠤ ᠬᠠᠷᠠᠯ᠎ᠠ᠃ ᠲᠡᠢᠮᠦ ᠡᠴᠡ ᠪᠢ ᠲᠠ ᠨᠠᠷ ᠤᠨ ᠲᠠᠨᠢᠬᠤ ᠦᠭᠡᠢ ᠪᠠᠷ ᠰᠢᠲᠦᠳᠡᠭ ᠲᠡᠷᠡ ᠪᠤᠷᠬᠠᠨ ᠢ ᠴᠢᠨᠢ ᠲᠠᠨᠢᠯᠴᠠᠭᠤᠯᠤᠶ᠎ᠠ᠃ 24 ᠣᠷᠴᠢᠯᠠᠩ ᠪᠠ ᠲᠡᠭᠦᠨ ᠦ ᠳᠣᠲᠣᠷᠠᠬᠢ ᠪᠦᠬᠦᠨ ᠢ ᠪᠦᠲᠦᠭᠡᠭᠰᠡᠨ ᠪᠤᠷᠬᠠᠨ ᠪᠣᠯ ᠲᠩᠷᠢ ᠭᠠᠵᠠᠷ ᠤᠨ ᠡᠵᠡᠨ ᠮᠥᠨ ᠪᠥᠭᠡᠳ ᠬᠥᠮᠦᠨ ᠦ ᠭᠠᠷ ᠢᠶᠠᠷ ᠪᠠᠷᠢᠭᠰᠠᠨ ᠥᠷᠭᠥᠭᠡᠨ ᠳᠦ ᠣᠷᠣᠰᠢᠳᠠᠭ ᠦᠭᠡᠢ ᠶᠤᠮ᠃ 25 ᠪᠤᠷᠬᠠᠨ ᠪᠠᠰᠠ ᠶᠠᠮᠠᠷ ᠨᠢᠭᠡᠨ ᠶᠠᠭᠤᠮ᠎ᠠ ᠪᠠᠷ ᠳᠤᠲᠠᠭᠰᠠᠨ ᠰᠢᠭ᠋ ᠬᠥᠮᠦᠨ ᠦ ᠭᠠᠷ ᠢᠶᠠᠷ ᠦᠢᠯᠡᠴᠢᠯᠡᠭᠦᠯᠳᠡᠭ᠌ ᠦᠭᠡᠢ᠂ ᠲᠡᠷᠡ ᠬᠥᠮᠦᠨ ᠪᠦᠬᠦᠨ ᠳᠦ ᠠᠮᠢ᠂ ᠠᠮᠢᠰᠬᠤᠯ ᠪᠠ ᠠᠯᠢᠪᠠ ᠶᠢ ᠥᠭᠳᠡᠭ᠃ 26 ᠨᠢᠭᠡ ᠬᠥᠮᠦᠨ ᠡᠴᠡ ᠶᠠᠩᠵᠤ ᠪᠦᠷᠢ ᠶᠢᠨ ᠦᠨᠳᠦᠰᠦᠲᠡᠨ ᠪᠦᠬᠦᠢ ᠬᠥᠮᠦᠨ ᠲᠥᠷᠥᠯᠬᠢᠲᠡᠨ ᠢ ᠡᠭᠦᠰᠭᠡᠵᠦ ᠭᠠᠵᠠᠷ ᠪᠣᠯᠭᠠᠨ ᠳᠤ ᠰᠠᠭᠤᠷᠢᠰᠢᠭᠤᠯᠵᠤ᠂ ᠲᠡᠳᠡᠨ ᠦ ᠴᠠᠭ ᠬᠤᠭᠤᠴᠠᠭ᠎ᠠ ᠪᠠ ᠰᠠᠭᠤᠬᠤ ᠬᠢᠯᠢ ᠬᠢᠵᠠᠭᠠᠷ ᠢ ᠨᠢ ᠲᠣᠭᠲᠠᠭᠠᠵᠤ ᠥᠭᠭᠥᠭᠰᠡᠨ ᠨᠢ᠂ 27 ᠬᠥᠮᠦᠨ ᠪᠤᠷᠬᠠᠨ ᠢ ᠬᠠᠢᠨ ᠲᠡᠭᠦᠨ ᠢ ᠲᠡᠮᠲᠡᠷᠢᠵᠦ᠂ ᠲᠡᠭᠦᠨ ᠢ ᠣᠯᠣᠭᠠᠰᠠᠢ ᠭᠡᠰᠡᠨ ᠳᠡᠭᠡᠨ ᠶᠤᠮ᠃ ᠴᠤᠬᠤᠮ ᠳᠠᠭᠠᠨ ᠪᠤᠷᠬᠠᠨ ᠪᠢᠳᠡᠨ ᠦ ᠨᠢᠭᠡ ᠪᠦᠷᠢ ᠡᠴᠡ ᠬᠣᠯᠠ ᠪᠢᠰᠢ ᠪᠠᠢᠳᠠᠭ᠃ 28 ᠪᠢᠳᠡ ᠲᠡᠭᠦᠨ ᠦ ᠳᠣᠲᠣᠷ᠎ᠠ ᠠᠮᠢᠳᠤᠷᠠᠵᠤ᠂ ᠬᠥᠳᠡᠯᠵᠦ᠂ ᠣᠷᠣᠰᠢᠳᠠᠭ᠃ ᠲᠠ ᠨᠠᠷ ᠤᠨ ᠵᠠᠷᠢᠮ ᠢᠷᠠᠭᠤ ᠨᠠᠢᠷᠠᠭᠴᠢᠳ ᠤᠨ ᠬᠡᠯᠡᠭᠰᠡᠨᠴᠢᠯᠡᠨ᠄ 〈ᠪᠢᠳᠡ ᠪᠠᠰᠠ ᠲᠡᠭᠦᠨ ᠡᠴᠡ ᠲᠥᠷᠥᠭᠰᠡᠳ〉 ᠶᠤᠮ᠃ 29 ᠪᠢᠳᠡ ᠪᠤᠷᠬᠠᠨ ᠤ ᠭᠠᠷᠤᠯ ᠲᠠᠢ ᠪᠣᠯᠬᠣᠷ ᠪᠤᠷᠬᠠᠨ ᠢ ᠠᠯᠲᠠ᠂ ᠮᠥᠩᠭᠥ᠂ ᠴᠢᠯᠠᠭᠤ᠂ ᠡᠰᠡᠪᠡᠯ ᠬᠥᠮᠦᠨ ᠦ ᠤᠷ᠎ᠠ ᠳᠠᠷᠬ᠎ᠠ ᠪᠠ ᠪᠣᠳᠣᠯ ᠢᠶᠠᠷ ᠰᠡᠢᠯᠦᠭᠰᠡᠨ ᠳᠦᠷᠰᠦ ᠳᠦ ᠲᠣᠭᠠᠴᠢᠵᠤ ᠪᠣᠯᠬᠤ ᠦᠭᠡᠢ᠃ 30 ᠮᠡᠳᠡᠯᠭᠡ ᠦᠭᠡᠢ ᠦᠶ᠎ᠡ ᠶᠢᠨ ᠡᠳᠡᠭᠡᠷ ᠶᠠᠪᠤᠳᠠᠯ ᠢ ᠪᠤᠷᠬᠠᠨ ᠬᠦᠯᠢᠴᠡᠨ ᠥᠩᠭᠡᠷᠡᠭᠦᠯᠦᠭᠰᠡᠨ ᠪᠣᠯᠪᠠᠴᠤ ᠡᠳᠦᠭᠡ ᠪᠦᠬᠦ ᠭᠠᠵᠠᠷ ᠤᠨ ᠪᠦᠬᠦ ᠬᠥᠮᠦᠨ ᠳᠦ ᠭᠡᠮᠰᠢᠬᠦ ᠶᠢ ᠵᠠᠬᠢᠵᠤ ᠪᠠᠢᠨ᠎ᠠ᠃ 31 ᠤᠴᠢᠷ ᠨᠢ᠂ ᠪᠤᠷᠬᠠᠨ ᠭᠣᠣᠯᠴᠢ ᠪᠠᠷ ᠲᠣᠮᠢᠯᠠᠭᠰᠠᠨ ᠬᠥᠮᠦᠨ ᠢᠶᠡᠷ ᠢᠶᠠᠨ ᠳᠠᠮᠵᠢᠭᠤᠯᠵᠤ ᠶᠢᠷᠲᠢᠨᠴᠦ ᠶᠢ ᠰᠢᠭᠦᠬᠦ ᠡᠳᠦᠷ ᠢ ᠲᠣᠭᠲᠠᠭᠠᠭᠰᠠᠨ᠃ ᠲᠡᠷᠡ ᠬᠥᠮᠦᠨ ᠢ ᠪᠤᠷᠬᠠᠨ ᠦᠬᠦᠭᠰᠡᠳ ᠦᠨ ᠳᠤᠮᠳᠠ ᠠᠴᠠ ᠠᠮᠢᠯᠠᠭᠤᠯᠤᠭᠰᠠᠨ ᠢᠶᠠᠷ ᠢᠶᠠᠨ ᠪᠦᠬᠦ ᠬᠥᠮᠦᠨ ᠳᠦ ᠢᠲᠡᠭᠡᠯ ᠦᠨ ᠪᠠᠲᠤᠯᠠᠭ᠎ᠠ ᠣᠯᠭᠣᠭᠰᠠᠨ》 ᠭᠡᠪᠡ᠃
32 ᠦᠬᠦᠭᠰᠡᠳ ᠦᠨ ᠠᠮᠢᠯᠠᠯ ᠤᠨ ᠲᠤᠬᠠᠢ ᠰᠣᠨᠣᠰᠣᠭᠠᠳ ᠵᠠᠷᠢᠮ ᠨᠢ ᠫᠠᠦ᠋ᠯ ᠢ ᠳᠣᠭᠣᠭᠢᠯᠠᠵᠤ᠂ ᠵᠠᠷᠢᠮ ᠨᠢ᠄ 《ᠡᠭᠦᠨ ᠦ ᠲᠤᠬᠠᠢ ᠲᠠᠨ ᠠᠴᠠ ᠳᠠᠬᠢᠨ ᠰᠣᠨᠣᠰᠣᠶ᠎ᠠ︕》 ᠭᠡᠵᠡᠢ᠃ 33 ᠢᠩᠭᠢᠭᠡᠳ ᠫᠠᠦ᠋ᠯ ᠲᠡᠳᠡᠨ ᠦ ᠳᠤᠮᠳᠠ ᠠᠴᠠ ᠭᠠᠷᠴᠤ ᠶᠠᠪᠤᠪᠠ᠃ 34 ᠬᠠᠷᠢᠨ ᠬᠡᠳᠦᠨ ᠬᠥᠮᠦᠨ ᠲᠡᠭᠦᠨ ᠲᠡᠢ ᠨᠢᠭᠡᠳᠦᠨ ᠢᠲᠡᠭᠡᠵᠡᠢ᠃ ᠲᠡᠳᠡᠨ ᠦ ᠳᠤᠮᠳᠠ ᠠᠷᠧᠣᠫᠠᠰ ᠵᠥᠪᠯᠡᠯ ᠦᠨ ᠭᠡᠰᠢᠭᠦᠨ ᠳ᠋ᠢᠣᠨᠢᠰ ᠪᠣᠯᠣᠨ ᠳ᠋ᠠᠮᠠᠷᠢ ᠭᠡᠳᠡᠭ ᠨᠢᠭᠡᠨ ᠡᠮᠡᠭᠲᠡᠢ᠂ ᠥᠭᠡᠷ᠎ᠡ ᠬᠥᠮᠦᠰ ᠪᠠᠰᠠ ᠪᠠᠢᠯ᠎ᠠ᠃