1 2 3 4 5 6 7 8 9 10 11 12 13 14 15 16 17 18 19 20 21 22 23 24 25 26 27 28


ᠦᠢᠯᠡᠰ ᠲᠠᠪᠤ
 ᠠᠷᠢᠭᠤᠨ ᠰᠦᠨᠡᠰᠦ ᠶᠢ ᠮᠡᠬᠡᠯᠡᠭᠴᠢ ᠬᠣᠶᠠᠷ

1 ᠬᠠᠷᠢᠨ ᠠᠨᠠᠨᠢᠶ᠎ᠠ ᠭᠡᠳᠡᠭ ᠬᠥᠮᠦᠨ ᠡᠬᠡᠨᠡᠷ ᠰᠠᠫᠹᠢᠷᠧ ᠲᠠᠢ ᠪᠠᠨ ᠬᠥᠷᠥᠩᠭᠡ ᠪᠡᠨ ᠬᠤᠳᠠᠯᠳᠤᠭᠠᠳ 2 ᠨᠢᠭᠡ ᠬᠡᠰᠡᠭ ᠵᠣᠭᠣᠰ ᠢ ᠨᠢ ᠬᠤᠪᠢᠨ ᠳᠠᠭᠠᠨ ᠦᠯᠡᠳᠡᠭᠡᠵᠡᠢ᠂ ᠡᠭᠦᠨ ᠢ ᠡᠬᠡᠨᠡᠷ ᠨᠢ ᠴᠤ ᠮᠡᠳᠡᠵᠦ ᠪᠠᠢᠵᠠᠢ᠃ ᠠᠨᠠᠨᠢᠶ᠎ᠠ ᠪᠤᠰᠤᠳ ᠢ ᠨᠢ ᠠᠪᠠᠴᠢᠵᠤ ᠰᠢᠳᠠᠷ ᠱᠠᠪᠢ ᠨᠠᠷ ᠤᠨ ᠬᠥᠯ ᠦᠨ ᠡᠮᠦᠨ᠎ᠡ ᠲᠠᠯᠪᠢᠪᠠ᠃ 3 ᠫᠧᠲ᠋ᠧᠷ᠄ 《ᠠᠨᠠᠨᠢᠶ᠎ᠠ ᠡ︕ ᠶᠠᠭᠠᠬᠢᠭᠠᠳ ᠴᠢᠨᠦ ᠵᠢᠷᠦᠬᠡ ᠰᠠᠲ᠋ᠠᠨ ᠢᠶᠠᠷ ᠳᠦᠭᠦᠷᠴᠦ᠂ ᠠᠷᠢᠭᠤᠨ ᠰᠦᠨᠡᠰᠦ ᠶᠢ ᠮᠡᠬᠡᠯᠡᠨ ᠭᠠᠵᠠᠷ ᠬᠥᠷᠥᠩᠭᠡ ᠶᠢᠨ ᠢᠶᠠᠨ ᠬᠡᠰᠡᠭ ᠮᠥᠩᠭᠥ ᠶᠢ ᠬᠤᠪᠢᠨ ᠳᠠᠭᠠᠨ ᠦᠯᠡᠳᠡᠭᠡᠭᠰᠡᠨ ᠪᠤᠢ︖ 4 ᠬᠤᠳᠠᠯᠳᠤᠬᠤ ᠠᠴᠠ ᠡᠮᠦᠨ᠎ᠡ ᠲᠡᠷᠡ ᠭᠠᠵᠠᠷ ᠲᠠᠷᠢᠶ᠎ᠠ ᠴᠢᠨᠦᠬᠢ ᠪᠠᠢᠭᠰᠠᠨ ᠪᠢᠰᠢ ᠤᠤ︖ ᠬᠤᠳᠠᠯᠳᠤᠭᠰᠠᠨ ᠤ ᠬᠣᠢᠨ᠎ᠠ ᠴᠤ ᠴᠢᠨᠦ ᠮᠡᠳᠡᠯ ᠳᠦ ᠪᠠᠢᠭᠰᠠᠨ ᠪᠢᠰᠢ ᠤᠤ︖ ᠶᠠᠭᠠᠬᠢᠭᠠᠳ ᠡᠢᠮᠦ ᠶᠠᠪᠤᠳᠠᠯ ᠰᠠᠨᠠᠭᠠᠨ ᠳᠤ ᠴᠢᠨᠢ ᠣᠷᠣᠪᠠ︖ ᠴᠢ ᠬᠥᠮᠦᠨ ᠢ ᠪᠢᠰᠢ᠂ ᠬᠠᠷᠢᠨ ᠪᠤᠷᠬᠠᠨ ᠢ ᠮᠡᠬᠡᠯᠡᠭᠰᠡᠨ ᠰᠢᠦ》 ᠭᠡᠵᠦ ᠬᠡᠯᠡᠬᠦ ᠳᠦ᠂ 5 ᠠᠨᠠᠨᠢᠶ᠎ᠠ ᠰᠣᠨᠣᠰᠣᠭᠠᠳ ᠭᠠᠵᠠᠷ ᠲᠤ ᠤᠨᠠᠵᠤ ᠠᠮᠢᠰᠬᠤᠯ ᠬᠤᠷᠢᠶᠠᠪᠠ᠃ ᠡᠭᠦᠨ ᠢ ᠰᠣᠨᠣᠰᠣᠭᠰᠠᠨ ᠪᠦᠬᠦᠨ ᠲᠤᠩ ᠶᠡᠬᠡ ᠠᠢᠳᠠᠰ ᠲᠤ ᠠᠪᠲᠠᠪᠠ᠃ 6 ᠬᠡᠳᠦᠨ ᠵᠠᠯᠠᠭᠤ ᠪᠣᠰᠣᠭᠠᠳ ᠲᠡᠭᠦᠨ ᠢ ᠪᠣᠭᠣᠵᠤ᠂ ᠳᠠᠮᠨᠠᠵᠤ ᠭᠠᠷᠭᠠᠭᠠᠳ ᠣᠷᠣᠰᠢᠭᠤᠯᠪᠠ᠃

7 ᠪᠠᠷᠤᠭ ᠭᠤᠷᠪᠠᠨ ᠴᠠᠭ ᠤᠨ ᠳᠠᠷᠠᠭ᠎ᠠ᠂ ᠡᠬᠡᠨᠡᠷ ᠨᠢ ᠶᠠᠭᠤ ᠪᠣᠯᠣᠭᠰᠠᠨ ᠢ ᠮᠡᠳᠡᠯ ᠦᠭᠡᠢ ᠣᠷᠣᠵᠤ ᠢᠷᠡᠪᠡ᠃ 8 ᠫᠧᠲ᠋ᠧᠷ ᠲᠡᠭᠦᠨ ᠳᠦ᠄ 《ᠭᠠᠵᠠᠷ ᠬᠥᠷᠥᠩᠭᠡ ᠪᠡᠨ ᠬᠤᠳᠠᠯᠳᠤᠭᠰᠠᠨ ᠵᠣᠭᠣᠰ ᠴᠢᠨᠢ ᠡᠳᠦᠢᠬᠡᠨ ᠶᠤᠮ ᠤᠤ︖ ᠨᠠᠳᠠ ᠳᠤ ᠬᠡᠯᠡᠭᠡᠷᠡᠢ》 ᠭᠡᠰᠡᠨ ᠳᠦ᠂ ᠲᠡᠷᠡ᠄ 《ᠲᠡᠢᠮᠦ ᠡ᠂ ᠡᠳᠦᠢᠬᠡᠨ》 ᠭᠡᠯ᠎ᠡ᠃ 9 ᠫᠧᠲ᠋ᠧᠷ᠄ 《ᠲᠠ ᠬᠣᠶᠠᠭᠤᠯᠠ ᠶᠠᠭᠤᠨ ᠳᠤ ᠰᠠᠨᠠᠭ᠎ᠠ ᠨᠡᠢᠯᠡᠨ ᠡᠵᠡᠨ ᠦ ᠰᠦᠨᠡᠰᠦ ᠶᠢ ᠲᠡᠩᠰᠡᠬᠦ ᠪᠡᠷ ᠪᠣᠯᠪᠠ︖ ᠬᠠᠷᠠ︕ ᠨᠥᠬᠥᠷ ᠢ ᠴᠢᠨᠢ ᠣᠷᠣᠰᠢᠭᠤᠯᠤᠭᠰᠠᠨ ᠬᠥᠮᠦᠰ ᠦᠨ ᠬᠥᠯ ᠡᠭᠦᠳᠡᠨ ᠳᠦ ᠲᠣᠯᠣᠭᠠᠳ ᠢᠷᠡᠵᠡᠢ᠃ ᠲᠡᠳᠡ ᠴᠢᠮᠠᠶᠢ ᠪᠠᠰᠠ ᠳᠠᠮᠨᠠᠵᠤ ᠭᠠᠷᠭᠠᠨ᠎ᠠ ᠳᠠ》 ᠭᠡᠵᠦ ᠬᠡᠯᠡᠬᠦ ᠲᠠᠢ ᠵᠡᠷᠭᠡ᠂ 10 ᠲᠡᠷᠡ ᠡᠮᠡᠭᠲᠡᠢ ᠫᠧᠲ᠋ᠧᠷ ᠤᠨ ᠬᠥᠯ ᠦᠨ ᠡᠮᠦᠨ᠎ᠡ ᠤᠨᠠᠭᠠᠳ ᠠᠮᠢᠰᠬᠤᠯ ᠬᠤᠷᠢᠶᠠᠵᠠᠢ᠃ ᠲᠡᠳᠡᠭᠡᠷ ᠵᠠᠯᠠᠭᠤᠴᠤᠳ ᠣᠷᠣᠵᠤ ᠢᠷᠡᠨ ᠲᠡᠭᠦᠨ ᠦ ᠦᠬᠦᠭᠰᠡᠨ ᠢ ᠦᠵᠡᠭᠡᠳ ᠳᠠᠮᠨᠠᠵᠤ ᠭᠠᠷᠭᠠᠨ ᠡᠷ᠎ᠡ ᠨᠥᠬᠥᠷ ᠦᠨ ᠬᠢᠨᠢ ᠳᠡᠷᠭᠡᠳᠡ ᠣᠷᠣᠰᠢᠭᠤᠯᠪᠠ᠃ 11 ᠪᠦᠬᠦ ᠴᠢᠭᠤᠯᠭᠠᠨ ᠤ ᠬᠢᠨ ᠪᠠ ᠡᠭᠦᠨ ᠢ ᠰᠣᠨᠣᠰᠣᠭᠰᠠᠨ ᠪᠦᠬᠦᠨ ᠦᠯᠡᠮᠵᠢ ᠶᠡᠬᠡ ᠠᠢᠳᠠᠰ ᠲᠤ ᠠᠪᠲᠠᠪᠠ᠃
 ᠰᠢᠳᠠᠷ ᠱᠠᠪᠢ ᠨᠠᠷ ᠤᠨ ᠰᠢᠳᠢ ᠲᠡᠮᠳᠡᠭ ᠤᠳ

12 ᠰᠢᠳᠠᠷ ᠱᠠᠪᠢ ᠨᠠᠷ ᠤᠨ ᠭᠠᠷ ᠢᠶᠠᠷ ᠠᠷᠠᠳ ᠣᠯᠠᠨ ᠤ ᠳᠤᠮᠳᠠ ᠣᠯᠠᠨ ᠰᠢᠳᠢ ᠲᠡᠮᠳᠡᠭ ᠪᠠ ᠰᠣᠳᠣᠨ ᠵᠦᠢᠯ ᠦᠢᠯᠡᠳᠦᠭᠳᠡᠭᠰᠡᠭᠡᠷ ᠪᠠᠢᠯ᠎ᠠ᠃ ᠪᠦᠬᠦ ᠢᠲᠡᠭᠡᠭᠴᠢ ᠰᠡᠳᠬᠢᠯ ᠨᠢᠭᠡᠳᠦᠨ ᠰᠣᠯᠣᠮᠣᠨ ᠤ ᠬᠣᠩᠭᠢᠯ ᠳᠤ ᠴᠤᠭᠯᠠᠷᠠᠳᠠᠭ ᠪᠠᠢᠵᠠᠢ᠃ 13 ᠠᠷᠠᠳ ᠣᠯᠠᠨ ᠤ ᠪᠤᠰᠤᠳ ᠨᠢ ᠲᠡᠳᠡ ᠨᠠᠷ ᠲᠠᠢ ᠨᠡᠢᠯᠡᠬᠦ ᠵᠣᠷᠢᠭ ᠦᠭᠡᠢ ᠪᠠᠢᠭᠰᠠᠨ ᠴᠤ ᠲᠡᠳᠡᠨ ᠢ ᠬᠦᠨᠳᠦᠳᠬᠡᠳᠡᠭ ᠪᠠᠢᠵᠠᠢ᠃ 14 ᠡᠵᠡᠨ ᠳᠦ ᠢᠲᠡᠭᠡᠭᠰᠡᠨ ᠡᠷᠡᠭᠲᠡᠢ ᠡᠮᠡᠭᠲᠡᠢ ᠤᠯᠠᠮ ᠢᠶᠠᠷ ᠨᠡᠮᠡᠭᠳᠡᠵᠦ ᠪᠠᠢᠪᠠ᠃ 15 ᠲᠡᠢᠮᠦ ᠡᠴᠡ ᠬᠥᠮᠦᠰ ᠡᠪᠡᠳᠴᠢᠲᠡᠨ ᠢ ᠳᠠᠮᠨᠠᠨ ᠭᠤᠳᠤᠮᠵᠢᠨ ᠳᠤ ᠭᠠᠷᠭᠠᠵᠤ ᠣᠷᠣ ᠳᠡᠪᠢᠰᠬᠡᠷ ᠳᠡᠭᠡᠷ᠎ᠡ ᠲᠠᠯᠪᠢᠭᠰᠠᠨ ᠪᠥᠭᠡᠳ ᠫᠧᠲ᠋ᠧᠷ ᠤᠨ ᠢᠷᠡᠵᠦ ᠶᠠᠪᠤᠬᠤ ᠳᠤ ᠰᠡᠭᠦᠳᠡᠷ ᠨᠢ ᠴᠤ ᠬᠡᠨ ᠨᠢᠭᠡᠨ ᠦ ᠬᠢᠨᠢ ᠳᠡᠭᠡᠷ᠎ᠡ ᠲᠤᠰᠤᠭᠠᠰᠠᠢ ᠭᠡᠵᠦ ᠬᠦᠰᠡᠳᠡᠭ ᠪᠠᠢᠯ᠎ᠠ᠃ 16 ᠪᠠᠰᠠ ᠦᠢ ᠣᠯᠠᠨ ᠬᠥᠮᠦᠨ ᠶᠧᠷᠦ᠋ᠰᠠᠯᠧᠮ ᠬᠠᠪᠢ ᠶᠢᠨ ᠲᠣᠰᠬᠣᠨ ᠨᠤᠭᠤᠳ ᠠᠴᠠ ᠴᠤᠭᠯᠠᠷᠠᠨ ᠢᠷᠡᠪᠡ᠃ ᠲᠡᠳᠡᠨ ᠦ ᠠᠪᠴᠢᠷᠠᠭᠰᠠᠨ ᠡᠪᠡᠳᠴᠢᠲᠡᠨ ᠪᠠ ᠪᠤᠵᠠᠷ ᠴᠢᠳᠬᠥᠷ ᠲᠦ ᠲᠠᠷᠴᠢᠯᠠᠭᠠᠭᠳᠠᠭᠰᠠᠳ ᠪᠦᠭᠦᠳᠡᠭᠡᠷ ᠢᠶᠡᠨ ᠡᠳᠡᠭᠡᠷᠡᠵᠡᠢ᠃
 ᠬᠠᠪᠴᠢᠯᠭ᠎ᠠ ᠬᠦᠨᠳᠦᠷᠡᠭᠰᠡᠨ ᠨᠢ

17 ᠲᠡᠷᠢᠭᠦᠨ ᠲᠠᠬᠢᠯᠴᠢ ᠬᠢᠭᠡᠳ ᠲᠡᠭᠦᠨ ᠢ ᠳᠡᠮᠵᠢᠭᠴᠢ ᠰᠠᠳᠣᠺᠠᠢ ᠪᠦᠯᠦᠭ ᠦᠨ ᠬᠢᠨ ᠠᠲᠠᠭᠠᠷᠬᠠᠯ ᠢᠶᠠᠷ ᠳᠦᠭᠦᠷᠦᠨ ᠪᠣᠰᠣᠭᠠᠳ 18 ᠰᠢᠳᠠᠷ ᠱᠠᠪᠢ ᠨᠠᠷ ᠢ ᠪᠠᠷᠢᠵᠤ᠂ ᠨᠡᠢᠲᠡ ᠶᠢᠨ ᠭᠢᠨᠳᠠᠨ ᠳᠤ ᠬᠣᠷᠢᠪᠠ᠃ 19 ᠭᠡᠲᠡᠯ᠎ᠡ ᠡᠵᠡᠨ ᠦ ᠨᠢᠭᠡᠨ ᠡᠯᠴᠢ ᠰᠥᠨᠢ ᠪᠠᠷ ᠭᠢᠨᠳᠠᠨ ᠤ ᠬᠠᠭᠠᠯᠭ᠎ᠠ ᠶᠢ ᠨᠡᠭᠡᠭᠡᠵᠦ᠂ ᠲᠡᠳᠡᠨ ᠢ ᠭᠠᠷᠭᠠᠭᠠᠳ᠄ 20 《ᠠᠷᠢᠭᠤᠨ ᠣᠷᠳᠣᠨ ᠳᠤ ᠣᠴᠢᠵᠤ ᠵᠣᠭᠰᠣᠭᠠᠳ ᠡᠨᠡ ᠬᠦ ᠠᠮᠢ ᠶᠢᠨ ᠦᠭᠡ ᠶᠢ ᠠᠷᠠᠳ ᠣᠯᠠᠨ ᠳᠤ ᠴᠥᠮ ᠢ ᠨᠢ ᠶᠠᠷᠢᠵᠤ ᠥᠭᠭᠥᠭᠡᠷᠡᠢ》 ᠭᠡᠪᠡ᠃ 21 ᠡᠭᠦᠨ ᠢ ᠰᠣᠨᠣᠰᠣᠭᠰᠠᠨ ᠲᠡᠳᠡ ᠦᠷ ᠢᠶᠡᠷ ᠠᠷᠢᠭᠤᠨ ᠣᠷᠳᠣᠨ ᠳᠤ ᠣᠴᠢᠵᠤ ᠰᠤᠷᠭᠠᠯ ᠵᠢᠭᠠᠪᠠ᠃ ᠡᠨᠡ ᠬᠣᠭᠣᠷᠣᠨᠳᠣ ᠲᠡᠷᠢᠭᠦᠨ ᠲᠠᠬᠢᠯᠴᠢ ᠪᠣᠯᠣᠨ ᠲᠡᠭᠦᠨ ᠢ ᠳᠡᠮᠵᠢᠭ᠍ᠴᠢᠳ ᠢᠷᠡᠵᠦ᠂ ᠰᠢᠭᠦᠬᠦ ᠵᠥᠪᠯᠡᠯ ᠦᠨ ᠬᠢᠨ ᠪᠠ ᠢᠰᠷᠧᠯᠴᠦᠳ ᠦᠨ ᠪᠦᠬᠦ ᠠᠬᠠᠯᠠᠭᠴᠢᠳ ᠢ ᠴᠤᠭᠯᠠᠭᠤᠯᠤᠨ ᠰᠢᠳᠠᠷ ᠱᠠᠪᠢ ᠨᠠᠷ ᠢ ᠠᠪᠴᠢᠷᠠᠭᠤᠯᠬᠤ ᠪᠠᠷ ᠭᠢᠨᠳᠠᠨ ᠳᠤ ᠬᠥᠮᠦᠨ ᠢᠯᠡᠭᠡᠭᠰᠡᠨ ᠪᠠᠢᠯ᠎ᠠ᠃ 22 ᠭᠡᠪᠡᠴᠦ ᠶᠠᠪᠤᠭᠰᠠᠨ ᠬᠠᠷᠠᠭᠤᠯ ᠰᠢᠳᠠᠷ ᠱᠠᠪᠢ ᠨᠠᠷ ᠢ ᠭᠢᠨᠳᠠᠨ ᠠᠴᠠ ᠡᠷᠢᠵᠦ ᠣᠯᠣᠭᠰᠠᠨ ᠦᠭᠡᠢ ᠲᠤᠯᠠ ᠪᠤᠴᠠᠨ ᠢᠷᠡᠵᠦ ᠮᠡᠳᠡᠭᠦᠯᠦᠨ᠄ 23 《ᠱᠣᠷᠣᠩ ᠪᠠᠲᠤ ᠪᠡᠬᠢ ᠴᠣᠣᠵᠢᠲᠠᠢ᠂ ᠬᠠᠷᠠᠭᠤᠯ ᠤᠳ ᠨᠢ ᠬᠠᠭᠠᠯᠭᠠᠨ ᠤ ᠪᠠᠨ ᠳᠡᠷᠭᠡᠳᠡ ᠪᠠᠢᠭ᠎ᠠ ᠶᠢ ᠪᠢᠳᠡ ᠬᠠᠷᠠᠭᠰᠠᠨ᠃ ᠬᠠᠷᠢᠨ ᠬᠠᠭᠠᠯᠭ᠎ᠠ ᠶᠢ ᠨᠢ ᠨᠡᠭᠡᠭᠡᠬᠦ ᠳᠦ ᠳᠣᠲᠣᠷ᠎ᠠ ᠨᠢ ᠨᠢᠭᠡ ᠴᠤ ᠬᠥᠮᠦᠨ ᠪᠠᠢᠭᠰᠠᠨ ᠦᠭᠡᠢ》 ᠭᠡᠵᠡᠢ᠃ 24 ᠠᠷᠢᠭᠤᠨ ᠣᠷᠳᠣᠨ ᠤ ᠬᠠᠷᠠᠭᠤᠯ ᠤᠨ ᠠᠬᠠᠯᠠᠭᠴᠢ ᠪᠠ ᠲᠡᠷᠢᠭᠦᠨ ᠲᠠᠬᠢᠯᠴᠢ ᠡᠭᠦᠨ ᠢ ᠰᠣᠨᠣᠰᠣᠭᠠᠳ ᠬᠣᠵᠢᠮ ᠶᠠᠭᠤ ᠪᠣᠯᠬᠤ ᠪᠣᠯ ᠭᠡᠵᠦ ᠰᠠᠨᠳᠤᠷᠴᠠᠢ᠃ 25 ᠲᠡᠭᠡᠲᠡᠯ᠎ᠡ ᠨᠢᠭᠡᠨ ᠬᠥᠮᠦᠨ ᠬᠦᠷᠴᠦ ᠢᠷᠡᠭᠡᠳ᠄ 《ᠭᠢᠨᠳᠠᠨ ᠳᠤ ᠬᠣᠷᠢᠭᠳᠠᠵᠤ ᠪᠠᠢᠭᠰᠠᠨ ᠬᠥᠮᠦᠰ ᠴᠢᠨᠢ ᠣᠳᠣ ᠣᠷᠳᠣᠨ ᠳᠤ ᠵᠣᠭᠰᠣᠭᠠᠳ ᠠᠷᠠᠳ ᠣᠯᠠᠨ ᠢ ᠰᠤᠷᠭᠠᠵᠤ ᠪᠠᠢᠨ᠎ᠠ》 ᠭᠡᠵᠦ ᠮᠡᠳᠡᠭᠦᠯᠦᠭᠰᠡᠨ ᠳᠦ᠂ 26 ᠣᠷᠳᠣᠨ ᠤ ᠬᠠᠷᠠᠭᠤᠯ ᠤᠨ ᠠᠬᠠᠯᠠᠭᠴᠢ ᠬᠠᠷᠠᠭᠤᠯ ᠲᠠᠢ ᠪᠠᠨ ᠬᠠᠮᠲᠤ ᠪᠠᠷ ᠰᠢᠳᠠᠷ ᠱᠠᠪᠢ ᠨᠠᠷ ᠢ ᠳᠠᠬᠢᠨ ᠠᠪᠴᠢᠷᠠᠪᠠ᠃ ᠬᠠᠷᠢᠨ ᠠᠷᠠᠳ ᠣᠯᠠᠨ ᠳᠤ ᠴᠢᠯᠠᠭᠤ ᠪᠠᠷ ᠴᠣᠬᠢᠭᠳᠠᠬᠤ ᠪᠤᠢ ᠭᠡᠳ ᠬᠦᠴᠦ ᠪᠡᠷ ᠠᠯᠪᠠᠳᠠᠭ᠎ᠠ ᠦᠭᠡᠢ᠃

27 ᠰᠢᠳᠠᠷ ᠱᠠᠪᠢ ᠨᠠᠷ ᠢ ᠠᠪᠴᠢᠷᠠᠵᠤ ᠰᠢᠭᠦᠬᠦ ᠵᠥᠪᠯᠡᠯ ᠦᠨ ᠡᠮᠦᠨ᠎ᠡ ᠵᠣᠭᠰᠣᠭᠠᠭᠠᠳ᠂ ᠲᠡᠷᠢᠭᠦᠨ ᠲᠠᠬᠢᠯᠴᠢ ᠲᠡᠳᠡᠨ ᠢ ᠪᠠᠢᠴᠠᠭᠠᠵᠤ ᠡᠬᠢᠯᠡᠨ᠄ 28 《ᠡᠨᠡ ᠨᠡᠷ᠎ᠡ ᠪᠡᠷ ᠰᠤᠷᠭᠠᠯ ᠵᠢᠭᠠᠵᠤ ᠪᠣᠯᠬᠤ ᠦᠭᠡᠢ ᠭᠡᠵᠦ ᠪᠢᠳᠡ ᠲᠠ ᠨᠠᠷ ᠲᠤ ᠴᠢᠩᠭ᠍᠎ᠠ ᠵᠠᠷᠯᠢᠭᠳᠠᠭᠰᠠᠨ ᠪᠠᠢᠲᠠᠯ᠎ᠠ ᠬᠠᠷᠢᠨ ᠲᠠ ᠨᠠᠷ ᠶᠧᠷᠦ᠋ᠰᠠᠯᠧᠮ ᠢ ᠰᠤᠷᠭᠠᠯ ᠢᠶᠠᠷ ᠢᠶᠠᠨ ᠳᠦᠭᠦᠷᠭᠡᠭᠰᠡᠨ ᠪᠥᠭᠡᠳ ᠥᠨᠥᠬᠢ ᠬᠥᠮᠦᠨ ᠦ ᠴᠢᠰᠤᠨ ᠤ ᠬᠠᠷᠢᠭᠤᠴᠠᠯᠭ᠎ᠠ ᠶᠢ ᠪᠢᠳᠡᠨ ᠳᠦ ᠤᠨᠤᠭᠠᠬᠤ ᠭᠡᠵᠦ ᠪᠠᠢᠨ᠎ᠠ》 ᠭᠡᠵᠦ ᠬᠡᠯᠡᠬᠦ ᠳᠦ᠂ 29 ᠫᠧᠲ᠋ᠧᠷ ᠪᠣᠯᠣᠨ ᠪᠤᠰᠤᠳ ᠰᠢᠳᠠᠷ ᠱᠠᠪᠢ ᠨᠠᠷ ᠬᠠᠷᠢᠭᠤᠯᠬᠤ ᠳᠠᠭᠠᠨ᠄ 《ᠪᠢᠳᠡ ᠬᠥᠮᠦᠨ ᠦ ᠦᠭᠡᠨ ᠳᠦ ᠣᠷᠣᠬᠤ ᠠᠴᠠ ᠢᠯᠡᠭᠦᠦ ᠪᠤᠷᠬᠠᠨ ᠤ ᠦᠭᠡᠨ ᠳᠦ ᠣᠷᠣᠬᠤ ᠶᠣᠰᠣᠲᠠᠢ᠃ 30 ᠲᠠ ᠨᠠᠷ ᠤᠨ ᠮᠣᠳᠣᠨ ᠳᠤ ᠡᠯᠭᠦᠵᠦ ᠠᠯᠠᠭᠰᠠᠨ ᠢᠰᠦ᠋ᠰ ᠢ ᠮᠠᠨ ᠤ ᠳᠡᠭᠡᠳᠦᠰ ᠦᠨ ᠪᠤᠷᠬᠠᠨ ᠠᠮᠢᠯᠠᠭᠤᠯᠤᠭᠰᠠᠨ᠂ 31 ᠪᠤᠷᠬᠠᠨ ᠲᠡᠭᠦᠨ ᠢ ᠵᠠᠬᠢᠷᠤᠭᠴᠢ ᠪᠠ ᠠᠪᠤᠷᠠᠭᠴᠢ ᠪᠣᠯᠭᠠᠨ ᠪᠠᠷᠠᠭᠤᠨ ᠭᠠᠷ ᠲᠠᠭᠠᠨ ᠡᠷᠭᠦᠮᠵᠢᠯᠡᠭᠰᠡᠨ᠂ ᠡᠳᠡᠭᠡᠷ ᠨᠢ ᠢᠰᠷᠧᠯᠴᠦᠳ ᠲᠦ ᠭᠡᠮᠰᠢᠯ ᠪᠠ ᠭᠡᠮ ᠨᠢᠭᠦᠯ ᠦᠨ ᠠᠭᠤᠴᠢᠯᠠᠯ ᠢ ᠰᠣᠶᠣᠷᠬᠠᠬᠤ ᠶᠢᠨ ᠲᠤᠯᠠᠳᠠ ᠶᠤᠮ᠃ 32 ᠪᠢᠳᠡ ᠪᠣᠯ ᠡᠳᠡᠭᠡᠷ ᠦᠨ ᠭᠡᠷᠡᠴᠢ ᠮᠥᠨ᠂ ᠪᠤᠷᠬᠠᠨ ᠤ ᠦᠭᠡᠨ ᠳᠦ ᠣᠷᠣᠳᠠᠭ ᠬᠥᠮᠦᠰ ᠲᠦ ᠰᠣᠶᠣᠷᠬᠠᠭᠰᠠᠨ ᠠᠷᠢᠭᠤᠨ ᠰᠦᠨᠡᠰᠦ ᠴᠤ ᠡᠳᠡᠭᠡᠷ ᠦᠨ ᠭᠡᠷᠡᠴᠢ ᠮᠥᠨ》 ᠭᠡᠵᠡᠢ᠃

33 ᠲᠡᠳᠡ ᠡᠭᠦᠨ ᠢ ᠰᠣᠨᠣᠰᠣᠭᠠᠳ ᠪᠠᠭᠲᠠᠷᠠᠲᠠᠯ᠎ᠠ ᠠᠭᠤᠷᠯᠠᠵᠤ᠂ ᠠᠯᠠᠶ᠎ᠠ ᠭᠡᠵᠦ ᠪᠠᠢᠬᠤ ᠳᠤ᠂ 34 ᠰᠢᠭᠦᠬᠦ ᠵᠥᠪᠯᠡᠯ ᠦᠨ ᠳᠤᠮᠳᠠ ᠠᠴᠠ ᠪᠦᠬᠦ ᠠᠷᠠᠳ ᠲᠤ ᠬᠦᠨᠳᠦᠲᠡᠢ ᠬᠠᠤᠯᠢ ᠶᠢᠨ ᠪᠠᠭᠰᠢ ᠭᠠᠮᠠᠯᠢᠶᠧᠯ ᠭᠡᠭᠴᠢ ᠹᠠᠷᠢᠰᠠᠢ ᠬᠥᠮᠦᠨ ᠪᠣᠰᠴᠤ ᠵᠣᠭᠰᠣᠪᠠ᠃ ᠲᠡᠷᠡ ᠰᠢᠳᠠᠷ ᠱᠠᠪᠢ ᠨᠠᠷ ᠢ ᠲᠦᠷ ᠵᠠᠭᠤᠷ᠎ᠠ ᠭᠠᠳᠠᠨ᠎ᠠ ᠭᠠᠷᠭᠠᠬᠤ ᠶᠢ ᠲᠤᠰᠢᠶᠠᠭᠠᠳ᠄ 35 《ᠢᠰᠷᠧᠯᠴᠦᠳ ᠡ︕ ᠲᠠ ᠨᠠᠷ ᠡᠳᠡᠭᠡᠷ ᠬᠥᠮᠦᠰ ᠲᠦ ᠪᠣᠯᠭᠣᠮᠵᠢᠲᠠᠢ ᠬᠠᠨᠳᠤᠭᠲᠤᠨ︕ 36 ᠤᠷᠢᠳᠤᠬᠠᠨ ᠦᠶ᠎ᠡ ᠳᠦ ᠲᠧᠶᠦ᠋ᠳᠠ ᠭᠡᠭᠴᠢ ᠬᠥᠮᠦᠨ ᠭᠠᠷᠴᠤ᠂ ᠥᠪᠡᠷ ᠢ ᠪᠠᠨ ᠠᠭᠤᠤ ᠨᠢᠭᠡᠨ ᠭᠡᠵᠦ ᠡᠷᠭᠦᠮᠵᠢᠯᠡᠭᠰᠡᠨ ᠳᠦ᠂ ᠳᠥᠷᠪᠡᠨ ᠵᠠᠭᠤᠭᠠᠳ ᠬᠥᠮᠦᠨ ᠲᠡᠭᠦᠨ ᠢ ᠳᠠᠭᠠᠭᠰᠠᠨ ᠪᠣᠯᠪᠠᠴᠤ ᠲᠡᠷᠡ ᠠᠯᠠᠭᠳᠠᠮᠠᠭᠴᠠ ᠪᠦᠭᠦᠳᠡᠭᠡᠷ ᠪᠤᠲᠠᠷᠠᠭᠠᠳ ᠠᠯᠠᠭ᠎ᠠ ᠪᠣᠯᠣᠭᠰᠠᠨ ᠪᠠᠢᠯ᠎ᠠ᠃ 37 ᠲᠡᠭᠦᠨ ᠡᠴᠡ ᠰᠡᠭᠦᠯᠡᠷ ᠬᠥᠮᠦᠨ ᠠᠮᠠ ᠪᠦᠷᠢᠳᠬᠡᠬᠦ ᠦᠶ᠎ᠡ ᠪᠡᠷ᠂ ᠭᠠᠯᠢᠯᠠᠶ᠎ᠠ ᠶᠢᠨ ᠶᠦᠳᠠ ᠪᠣᠰᠣᠯᠭ᠎ᠠ ᠭᠠᠷᠭᠠᠨ᠂ ᠠᠷᠠᠳ ᠣᠯᠠᠨ ᠢ ᠥᠳᠥᠭᠡᠨ ᠳᠠᠭᠠᠭᠤᠯᠵᠠᠢ᠃ ᠲᠡᠷᠡ ᠦᠬᠦᠭᠰᠡᠨ ᠦ ᠳᠠᠷᠠᠭ᠎ᠠ ᠳᠠᠭᠠᠭᠰᠠᠳ ᠨᠢ ᠴᠤ ᠪᠦᠭᠦᠳᠡᠭᠡᠷ ᠰᠠᠷᠨᠢᠴᠢᠬᠠᠭᠰᠠᠨ ᠪᠢᠯᠡ᠃ 38 ᠣᠳᠣ ᠶᠢᠨ ᠬᠡᠷᠡᠭ ᠳᠡᠭᠡᠷ᠎ᠡ ᠪᠢ ᠲᠠ ᠨᠠᠷ ᠲᠤ ᠬᠡᠯᠡᠶ᠎ᠡ᠃ ᠲᠡᠳᠡ ᠨᠠᠷ ᠠᠴᠠ ᠵᠠᠢᠳᠠ᠂ ᠠᠶ᠎ᠠ ᠪᠠᠷ ᠨᠢ ᠪᠠᠢᠯᠭ᠎ᠠ︕ ᠬᠡᠷᠪᠡ ᠲᠡᠳᠡ ᠨᠠᠷ ᠤᠨ ᠵᠣᠷᠢᠯᠭ᠎ᠠ ᠪᠠ ᠦᠢᠯᠡᠰ ᠬᠥᠮᠦᠨ ᠡᠴᠡ ᠡᠭᠦᠰᠦᠭᠰᠡᠨ ᠪᠣᠯ ᠢᠯᠠᠭᠳᠠᠨ᠎ᠠ᠃ 39 ᠬᠡᠷᠪᠡ ᠪᠤᠷᠬᠠᠨ ᠠᠴᠠ ᠡᠭᠦᠰᠦᠭᠰᠡᠨ ᠪᠣᠯ ᠲᠠ ᠨᠠᠷ ᠲᠡᠳᠡᠨ ᠢ ᠢᠯᠠᠵᠤ ᠴᠢᠳᠠᠬᠤ ᠦᠭᠡᠢ᠂ ᠬᠠᠷᠢᠨ ᠲᠠ ᠨᠠᠷ ᠪᠤᠷᠬᠠᠨ ᠲᠠᠢ ᠲᠡᠮᠡᠴᠡᠭᠴᠢ ᠪᠣᠯᠬᠤ ᠨᠢ ᠡ︕》 ᠭᠡᠵᠦ ᠬᠡᠯᠡᠭᠰᠡᠨ ᠳᠦ᠂ 40 ᠲᠡᠳᠡ ᠵᠥᠪᠰᠢᠶᠡᠷᠡᠵᠦ ᠰᠢᠳᠠᠷ ᠱᠠᠪᠢ ᠨᠠᠷ ᠢ ᠳᠠᠭᠤᠳᠠᠨ ᠣᠷᠣᠭᠤᠯᠤᠭᠠᠳ ᠲᠠᠰᠢᠭᠤᠷᠳᠠᠵᠤ᠂ ᠢᠰᠦ᠋ᠰ ᠤᠨ ᠨᠡᠷ᠎ᠡ ᠪᠡᠷ ᠶᠠᠷᠢᠵᠤ ᠪᠣᠯᠬᠤ ᠦᠭᠡᠢ ᠬᠡᠮᠡᠨ ᠲᠤᠰᠢᠶᠠᠭᠠᠳ ᠰᠤᠯᠠᠯᠠᠪᠠ᠃ 41 ᠰᠢᠳᠠᠷ ᠱᠠᠪᠢ ᠨᠠᠷ ᠰᠢᠭᠦᠬᠦ ᠵᠥᠪᠯᠡᠯ ᠡᠴᠡ ᠰᠠᠯᠵᠤ ᠶᠠᠪᠤᠪᠠ᠃ ᠲᠡᠳᠡ ᠢᠰᠦ᠋ᠰ ᠤᠨ ᠨᠡᠷ᠎ᠡ ᠶᠢᠨ ᠲᠥᠯᠥᠭᠡ ᠳᠣᠷᠣᠮᠵᠢᠯᠠᠭᠳᠠᠬᠤ ᠬᠢᠷᠢ ᠭᠡᠮ ᠲᠡᠢ ᠳᠦ ᠲᠣᠭᠠᠴᠠᠭᠳᠠᠭᠰᠠᠨ ᠳᠠᠭᠠᠨ ᠪᠠᠶᠠᠷᠯᠠᠵᠤ᠂ 42 ᠡᠳᠦᠷ ᠪᠦᠷᠢ ᠠᠷᠢᠭᠤᠨ ᠣᠷᠳᠣᠨ ᠳᠤ ᠪᠠᠢᠭᠰᠠᠨ ᠴᠤ᠂ ᠭᠡᠷ ᠲᠡᠭᠡᠨ ᠪᠠᠢᠭᠰᠠᠨ ᠴᠤ ᠢᠰᠦ᠋ᠰ ᠪᠣᠯ ᠾᠷᠢᠰᠲ᠋ᠣᠰ ᠮᠥᠨ ᠭᠡᠳᠡᠭ ᠢ ᠲᠠᠰᠤᠷᠠᠯ ᠦᠭᠡᠢ ᠵᠢᠭᠠᠵᠤ᠂ ᠪᠠᠶᠠᠷ ᠤᠨ ᠮᠡᠳᠡᠭᠡ ᠶᠢ ᠤᠯᠠᠮᠵᠢᠯᠠᠵᠤ ᠪᠠᠢᠯ᠎ᠠ᠃