ᠦᠢᠯᠡᠰ ᠨᠠᠢ᠌ᠮᠠ
ᠶᠡᠬᠡ ᠬᠠᠪᠴᠢᠯᠭ᠎ᠠ ᠳᠤ ᠤᠴᠠᠷᠠᠪᠠ
1 ᠲᠡᠭᠦᠨ ᠦ ᠠᠯᠠᠭᠳᠠᠭᠰᠠᠨ ᠢ ᠰᠠᠦ᠋ᠯ ᠴᠤ ᠵᠦᠢᠲᠡᠢ ᠭᠡᠵᠦ ᠦᠵᠡᠵᠦ ᠪᠠᠢᠯ᠎ᠠ᠃ ᠲᠡᠷᠡ ᠡᠳᠦᠷ ᠶᠧᠷᠦ᠋ᠰᠠᠯᠧᠮ ᠳᠠᠬᠢ ᠴᠢᠭᠤᠯᠭᠠᠨ ᠮᠠᠰᠢ ᠶᠡᠬᠡ ᠬᠠᠪᠴᠢᠯᠭ᠎ᠠ ᠳᠤ ᠤᠴᠠᠷᠠᠭᠰᠠᠨ ᠲᠤᠯᠠ ᠰᠢᠳᠠᠷ ᠱᠠᠪᠢ ᠡᠴᠡ ᠪᠤᠰᠤᠳ ᠬᠥᠮᠦᠰ ᠴᠥᠮ ᠶᠦᠳᠠᠢ ᠪᠠ ᠰᠠᠮᠠᠷᠢᠶ᠎ᠠ ᠳᠤ ᠵᠦᠭ ᠵᠦᠭ ᠲᠡᠭᠡᠨ ᠲᠠᠷᠬᠠᠵᠠᠢ᠃ 2 ᠪᠤᠷᠬᠠᠨ ᠠᠴᠠ ᠡᠮᠢᠶᠡᠳᠡᠭ ᠬᠥᠮᠦᠰ ᠰᠲ᠋ᠧᠹᠠᠨ ᠢ ᠣᠷᠣᠰᠢᠭᠤᠯᠤᠭᠠᠳ ᠲᠡᠭᠦᠨ ᠦ ᠬᠣᠢᠨ᠎ᠠ ᠠᠴᠠ ᠶᠡᠬᠡᠳᠡ ᠭᠠᠰᠢᠭᠤᠳᠠᠪᠠ᠃ 3 ᠬᠠᠷᠢᠨ ᠰᠠᠦ᠋ᠯ ᠠᠢᠯ ᠤᠳ ᠢᠶᠠᠷ ᠣᠷᠣᠵᠤ ᠴᠢᠭᠤᠯᠭᠠᠨ ᠢ ᠬᠥᠨᠥᠭᠡᠵᠦ ᠡᠬᠢᠯᠡᠪᠡ᠂ ᠲᠡᠷᠡ ᠡᠷᠡᠭᠲᠡᠢ ᠡᠮᠡᠭᠲᠡᠢ ᠢᠯᠭᠠᠯ ᠦᠭᠡᠢ ᠴᠢᠷᠴᠦ ᠭᠠᠷᠭᠠᠨ ᠭᠢᠨᠳᠠᠨ ᠳᠤ ᠲᠤᠰᠢᠶᠠᠳᠠᠭ ᠪᠠᠢᠯ᠎ᠠ᠃
ᠪᠠᠶᠠᠷ ᠤᠨ ᠮᠡᠳᠡᠭᠡ ᠰᠠᠮᠠᠷᠢᠶ᠎ᠠ ᠳᠤ ᠲᠠᠷᠬᠠᠪᠠ
4 ᠲᠡᠢᠨ ᠬᠦ ᠲᠠᠷᠬᠠᠭᠰᠠᠨ ᠬᠥᠮᠦᠰ ᠪᠠᠶᠠᠷ ᠤᠨ ᠮᠡᠳᠡᠭᠡ ᠶᠢ ᠤᠯᠠᠮᠵᠢᠯᠠᠵᠤ ᠡ᠊ᠨᠳᠡ ᠲᠡᠨᠳᠡ ᠦᠭᠡᠢ ᠶᠠᠪᠤᠵᠠᠢ᠃ 5 ᠹᠢᠯᠢᠫ ᠰᠠᠮᠠᠷᠢᠶ᠎ᠠ ᠬᠣᠲᠠ ᠳᠤ ᠣᠴᠢᠵᠤ᠂ ᠬᠥᠮᠦᠰ ᠲᠦ ᠾᠷᠢᠰᠲ᠋ᠣᠰ ᠢ ᠲᠤᠩ᠋ᠬᠠᠭᠯᠠᠵᠠᠢ᠃ 6 ᠣᠯᠠᠨ ᠬᠥᠮᠦᠨ ᠹᠢᠯᠢᠫ ᠤᠨ ᠦᠭᠡ ᠶᠢ ᠰᠣᠨᠣᠰᠴᠤ᠂ ᠦᠢᠯᠡᠳᠦᠭᠰᠡᠨ ᠰᠢᠳᠢ ᠲᠡᠮᠳᠡᠭ ᠤᠳ ᠢ ᠨᠢ ᠦᠵᠡᠵᠦ᠂ ᠲᠡᠭᠦᠨ ᠦ ᠶᠠᠷᠢᠬᠤ ᠵᠦᠢᠯ ᠳᠤ ᠪᠦᠭᠦᠳᠡᠭᠡᠷ ᠠᠩ᠋ᠬᠠᠷᠤᠯ ᠲᠠᠯᠪᠢᠳᠠᠭ ᠪᠠᠢᠪᠠ᠃ 7 ᠣᠯᠠᠨ ᠬᠥᠮᠦᠨ ᠳᠦ ᠣᠷᠣᠰᠢᠭᠰᠠᠨ ᠪᠤᠵᠠᠷ ᠴᠢᠳᠬᠥᠷ ᠤᠳ ᠴᠢᠩᠭ᠍᠎ᠠ ᠳᠠᠭᠤᠨ ᠢᠶᠠᠷ ᠬᠠᠰᠬᠢᠷᠴᠤ ᠵᠠᠢᠯᠠᠭᠰᠠᠨ ᠪᠥᠭᠡᠳ ᠣᠯᠠᠨ ᠰᠠ ᠡᠪᠡᠳᠴᠢᠲᠡᠨ ᠪᠠ ᠳᠣᠭᠣᠯᠠᠩ ᠬᠥᠮᠦᠰ ᠴᠤ ᠡᠳᠡᠭᠡᠷᠡᠭᠰᠡᠨ ᠶᠤᠮ᠃ 8 ᠲᠡᠢᠨ ᠬᠦ ᠲᠡᠷᠡ ᠬᠣᠲᠠ ᠶᠢᠨ ᠬᠢᠨ ᠮᠠᠰᠢ ᠪᠠᠶᠠᠷ ᠪᠠᠶᠠᠰᠬᠤᠯᠠᠩ ᠲᠠᠢ ᠪᠣᠯᠣᠯ᠎ᠠ᠃
9 ᠲᠡᠷᠡ ᠬᠣᠲᠠ ᠳᠤ ᠰᠢᠮᠣᠨ ᠭᠡᠳᠡᠭ ᠬᠥᠮᠦᠨ ᠪᠠᠢᠵᠠᠢ᠃ ᠶᠧᠯᠸᠢ ᠭᠠᠷᠭᠠᠵᠤ ᠰᠠᠮᠠᠷᠢᠶ᠎ᠠ ᠶᠢᠨ ᠠᠷᠠᠳ ᠢ ᠭᠠᠢᠬᠠᠭᠤᠯᠤᠨ᠂ ᠥᠪᠡᠷ ᠢ ᠪᠠᠨ ᠠᠭᠤᠤ ᠬᠡᠮᠡᠨ ᠬᠡᠯᠡᠳᠡᠭ ᠪᠠᠢᠵᠠᠢ᠃ 10 ᠲᠡᠳᠡ ᠶᠡᠬᠡ ᠪᠠᠭ᠎ᠠ ᠢᠯᠭᠠᠯ ᠦᠭᠡᠢ ᠪᠦᠭᠦᠳᠡᠭᠡᠷ ᠢᠶᠡᠨ᠄ 《ᠡᠨᠡ ᠴᠢᠨᠢ ᠪᠤᠷᠬᠠᠨ ᠤ ᠶᠡᠬᠡ ᠴᠢᠳᠠᠯᠲᠠᠨ ᠭᠡᠭᠴᠢ ᠨᠢ ᠪᠠᠢᠨ᠎ᠠ》 ᠬᠡᠮᠡᠨ ᠲᠡᠭᠦᠨ ᠤᠷᠤᠭᠤ ᠠᠩ᠋ᠬᠠᠷᠤᠯ ᠢᠶᠠᠨ ᠲᠠᠯᠪᠢᠳᠠᠭ ᠪᠠᠢᠪᠠ᠃ 11 ᠲᠡᠷᠡ ᠤᠳᠠᠭᠠᠨ ᠬᠤᠭᠤᠴᠠᠭ᠎ᠠ ᠪᠠᠷ ᠤᠪᠠᠳᠢᠰ ᠦᠵᠡᠭᠦᠯᠵᠦ ᠬᠥᠮᠦᠨ ᠢ ᠭᠠᠢᠬᠠᠭᠤᠯᠳᠠᠭ ᠲᠤᠯᠠ ᠲᠡᠳᠡ ᠲᠡᠭᠦᠨ ᠢ ᠠᠩ᠋ᠬᠠᠷᠳᠠᠭ ᠪᠠᠢᠵᠠᠢ᠃ 12 ᠬᠠᠷᠢᠨ ᠣᠳᠣ ᠹᠢᠯᠢᠫ ᠪᠤᠷᠬᠠᠨ ᠤ ᠬᠠᠭᠠᠨᠴᠢᠯᠠᠯ ᠪᠠ ᠢᠰᠦ᠋ᠰ ᠾᠷᠢᠰᠲ᠋ᠣᠰ ᠤᠨ ᠨᠡᠷ᠎ᠡ ᠶᠢᠨ ᠲᠤᠬᠠᠢ ᠪᠠᠶᠠᠷ ᠤᠨ ᠮᠡᠳᠡᠭᠡ ᠶᠢ ᠤᠯᠠᠮᠵᠢᠯᠠᠭᠰᠠᠨ ᠳᠤ᠂ ᠲᠡᠳᠡ ᠲᠡᠭᠦᠨ ᠤ ᠬᠢ ᠶᠢ ᠢᠲᠡᠭᠡᠵᠦ ᠡᠷᠡᠭᠲᠡᠢ ᠡᠮᠡᠭᠲᠡᠢ ᠢᠯᠭᠠᠯ ᠦᠭᠡᠢ ᠤᠬᠢᠶᠠᠯ ᠬᠦᠷᠲᠡᠵᠦ ᠡᠬᠢᠯᠡᠯ᠎ᠡ᠃ 13 ᠰᠢᠮᠣᠨ ᠴᠤ ᠢᠲᠡᠭᠡᠪᠡ᠃ ᠲᠡᠷᠡ ᠤᠬᠢᠶᠠᠯ ᠬᠦᠷᠲᠡᠭᠰᠡᠨ ᠦ ᠳᠠᠷᠠᠭ᠎ᠠ᠂ ᠹᠢᠯᠢᠫ ᠢ ᠳᠠᠭᠠᠭᠰᠠᠭᠠᠷ ᠪᠠᠢᠵᠤ᠂ ᠰᠢᠳᠢ ᠲᠡᠮᠳᠡᠭ ᠪᠠ ᠠᠤᠭ᠎ᠠ ᠬᠦᠴᠦ ᠶᠢ ᠨᠢ ᠦᠵᠡᠭᠡᠳ ᠭᠠᠢᠬᠠᠵᠤ ᠪᠠᠢᠯ᠎ᠠ᠃
14 ᠰᠠᠮᠠᠷᠢᠶᠠᠴᠤᠳ ᠪᠤᠷᠬᠠᠨ ᠤ ᠦᠭᠡ ᠶᠢ ᠬᠦᠯᠢᠶᠡᠨ ᠠᠪᠤᠭᠰᠠᠨ ᠢ ᠶᠧᠷᠦ᠋ᠰᠠᠯᠧᠮ ᠳᠤ ᠪᠠᠢᠭ᠎ᠠ ᠰᠢᠳᠠᠷ ᠱᠠᠪᠢ ᠨᠠᠷ ᠰᠣᠨᠣᠰᠣᠭᠠᠳ ᠫᠧᠲ᠋ᠧᠷ᠂ ᠶᠣᠬᠠᠨ ᠬᠣᠶᠠᠷ ᠢ ᠲᠡᠰᠢ ᠢᠯᠡᠭᠡᠵᠡᠢ᠃ 15 ᠲᠡᠷᠡ ᠬᠣᠶᠠᠭᠤᠯᠠ ᠬᠦᠷᠦᠭᠡᠳ ᠠᠷᠢᠭᠤᠨ ᠰᠦᠨᠡᠰᠦ ᠬᠦᠷᠲᠡᠭᠡᠰᠡᠢ ᠭᠡᠵᠦ ᠰᠠᠮᠠᠷᠢᠶᠠᠴᠤᠳ ᠤᠨ ᠲᠥᠯᠥᠭᠡ ᠳᠠᠭᠠᠳᠬᠠᠪᠠ᠃ 16 ᠤᠴᠢᠷ ᠨᠢ᠂ ᠲᠡᠳᠡᠨ ᠦ ᠬᠡᠨ ᠳᠦᠨᠢ ᠴᠤ ᠠᠷᠢᠭᠤᠨ ᠰᠦᠨᠡᠰᠦ ᠬᠠᠷᠠᠬᠠᠨ ᠪᠠᠭᠤᠭ᠎ᠠ ᠦᠭᠡᠢ᠂ ᠲᠡᠳᠡ ᠵᠥᠪᠬᠡᠨ ᠡᠵᠡᠨ ᠢᠰᠦ᠋ᠰ ᠤᠨ ᠨᠡᠷ᠎ᠡ ᠪᠡᠷ 6 ᠤᠬᠢᠶᠠᠯ ᠬᠦᠷᠲᠡᠭᠰᠡᠨ ᠲᠡᠳᠦᠢ ᠪᠠᠢᠪᠠ᠃ 17 ᠲᠡᠢᠮᠦ ᠡᠴᠡ ᠬᠣᠶᠠᠷ ᠱᠠᠪᠢ ᠲᠡᠳᠡᠨ ᠦ ᠳᠡᠭᠡᠷ᠎ᠡ ᠭᠠᠷ ᠢᠶᠠᠨ ᠲᠠᠯᠪᠢᠭᠰᠠᠨ ᠳᠤ᠂ ᠲᠡᠳᠡ ᠠᠷᠢᠭᠤᠨ ᠰᠦᠨᠡᠰᠦ ᠬᠦᠷᠲᠡᠵᠡᠢ᠃ 18 ᠰᠢᠳᠠᠷ ᠱᠠᠪᠢ ᠨᠠᠷ ᠭᠠᠷ ᠢᠶᠠᠨ ᠲᠠᠯᠪᠢᠩ᠋ᠭᠤᠲᠠ ᠬᠥᠮᠦᠰ ᠠᠷᠢᠭᠤᠨ ᠰᠦᠨᠡᠰᠦ ᠬᠦᠷᠲᠡᠵᠦ ᠪᠠᠢᠬᠤ ᠶᠢ ᠰᠢᠮᠣᠨ ᠦᠵᠡᠭᠡᠳ᠂ ᠲᠡᠳᠡᠨ ᠳᠦ ᠵᠣᠭᠣᠰ ᠥᠭᠴᠦ᠄ 19 《ᠨᠠᠳᠠ ᠳᠤ ᠴᠤ ᠡᠨᠡ ᠡᠷᠬᠡ ᠶᠢ ᠥᠭᠭᠥᠭᠡᠴᠢ᠃ ᠲᠡᠭᠡᠪᠡᠯ ᠨᠠᠳᠠ ᠪᠠᠷ ᠭᠠᠷ ᠲᠠᠯᠪᠢᠭᠤᠯᠤᠭᠰᠠᠨ ᠬᠥᠮᠦᠨ ᠪᠣᠯᠭᠠᠨ ᠠᠷᠢᠭᠤᠨ ᠰᠦᠨᠡᠰᠦ ᠬᠦᠷᠲᠡᠨ᠎ᠡ ᠳᠠ》 ᠭᠡᠰᠡᠨ ᠳᠦ᠂ 20 ᠫᠧᠲ᠋ᠧᠷ᠄ 《ᠵᠣᠭᠣᠰ ᠴᠢᠨᠢ ᠴᠢᠮ᠎ᠠ ᠲᠠᠢ ᠬᠠᠮᠲᠤ ᠮᠥᠬᠥᠭ᠃ ᠴᠢ ᠪᠤᠷᠬᠠᠨ ᠤ ᠪᠡᠯᠡᠭ ᠢ ᠵᠣᠭᠣᠰ ᠢᠶᠠᠷ ᠢᠶᠠᠨ ᠬᠤᠳᠠᠯᠳᠤᠨ ᠠᠪᠴᠢᠬᠠᠨ᠎ᠠ ᠭᠡᠵᠦ ᠪᠣᠳᠣᠳᠠᠭ ᠶᠤᠮ ᠪᠠᠢᠨ᠎ᠠ᠃ 21 ᠪᠤᠷᠬᠠᠨ ᠤ ᠡᠮᠦᠨ᠎ᠡ ᠰᠡᠳᠬᠢᠯ ᠴᠢᠨᠢ ᠰᠢᠳᠤᠷᠭᠤ ᠪᠤᠰᠤ ᠪᠣᠯᠬᠣᠷ ᠡᠨᠡ ᠶᠠᠪᠤᠳᠠᠯ ᠳᠤ ᠴᠢᠨᠦ ᠬᠤᠪᠢ ᠬᠦᠷᠲᠡᠮᠵᠢ ᠪᠠᠢᠬᠤ ᠦᠭᠡᠢ᠃ 22 ᠡᠢᠮᠦ ᠡᠴᠡ ᠴᠢ ᠬᠣᠷᠣᠨ ᠮᠠᠭᠤ ᠰᠠᠨᠠᠭᠠᠨ ᠳᠠᠭᠠᠨ ᠭᠡᠮᠰᠢᠵᠦ᠂ ᠡᠵᠡᠨ ᠳᠦ ᠳᠠᠭᠠᠳᠬ᠎ᠠ᠃ ᠲᠡᠭᠡᠪᠡᠯ ᠳᠣᠲᠣᠷᠠᠬᠢ ᠪᠣᠳᠣᠯ ᠰᠠᠨᠠᠭ᠎ᠠ ᠴᠢᠨᠢ ᠠᠭᠤᠴᠢᠯᠠᠭᠳᠠᠵᠤ ᠮᠠᠭᠠᠳ᠃ 23 ᠳᠣᠲᠣᠷ᠎ᠠ ᠴᠢᠨᠢ ᠬᠣᠷᠣ ᠰᠢᠷ᠎ᠠ ᠪᠠᠷ ᠳᠦᠭᠦᠷᠴᠦ᠂ ᠵᠥᠪ ᠪᠤᠰᠤ ᠶᠠᠪᠤᠳᠠᠯ ᠳᠤ ᠬᠦᠯᠢᠶᠡᠰᠦᠯᠡᠭᠳᠡᠭᠰᠡᠨ ᠢ ᠴᠢᠨᠢ ᠪᠢ ᠬᠠᠷᠠᠵᠤ ᠪᠠᠢᠨ᠎ᠠ》 ᠭᠡᠰᠡᠨ ᠳᠦ᠂ 24 ᠰᠢᠮᠣᠨ᠄ 《ᠲᠠ ᠨᠠᠷ ᠤᠨ ᠬᠡᠯᠡᠭᠰᠡᠨ ᠵᠦᠢᠯ ᠨᠠᠳᠠ ᠳᠤ ᠪᠦᠦ ᠯᠠ ᠤᠴᠠᠷᠠᠭᠠᠰᠠᠢ ᠭᠡᠵᠦ ᠮᠢᠨᠦ ᠲᠥᠯᠥᠭᠡ ᠳᠠᠭᠠᠳᠬᠠᠵᠤ ᠥᠭᠭᠥᠭᠡᠴᠢ》 ᠭᠡᠵᠦ ᠬᠡᠯᠡᠪᠡ᠃
ᠪᠠᠶᠠᠷ ᠤᠨ ᠮᠡᠳᠡᠭᠡ ᠠᠹᠠᠷᠢᠺᠠ ᠬᠥᠮᠦᠨ ᠳᠦ ᠬᠦᠷᠪᠡ
25 ᠡᠢᠨ ᠬᠦ ᠬᠣᠶᠠᠷ ᠰᠢᠳᠠᠷ ᠱᠠᠪᠢ ᠡᠵᠡᠨ ᠦ ᠦᠭᠡ ᠶᠢ ᠭᠡᠷᠡᠴᠢᠯᠡᠨ ᠶᠠᠷᠢᠭᠰᠠᠨ ᠤ ᠳᠠᠷᠠᠭ᠎ᠠ᠂ ᠶᠧᠷᠦ᠋ᠰᠠᠯᠧᠮ ᠤᠷᠤᠭᠤ ᠪᠤᠴᠠᠯ᠎ᠠ᠃ ᠲᠡᠳᠡ ᠵᠠᠮ ᠳᠠᠭᠠᠨ ᠰᠠᠮᠠᠷᠢᠶ᠎ᠠ ᠶᠢᠨ ᠣᠯᠠᠨ ᠲᠣᠰᠬᠣᠨ ᠢᠶᠠᠷ ᠪᠠᠶᠠᠷ ᠤᠨ ᠮᠡᠳᠡᠭᠡ ᠳᠡᠯᠭᠡᠷᠡᠭᠦᠯᠵᠡᠢ᠃
26 ᠡᠵᠡᠨ ᠦ ᠨᠢᠭᠡᠨ ᠡᠯᠴᠢ ᠹᠢᠯᠢᠫ ᠲᠤ᠄ 《ᠪᠣᠰ᠂ ᠶᠧᠷᠦ᠋ᠰᠠᠯᠧᠮ ᠡᠴᠡ ᠭᠠᠽᠠ ᠳᠤ ᠬᠦᠷᠬᠦ ᠴᠥᠯ ᠦᠨ ᠵᠠᠮ ᠢᠶᠠᠷ ᠡᠮᠦᠨᠡᠰᠢ ᠶᠠᠪᠤ》 ᠭᠡᠵᠦ ᠬᠡᠯᠡᠭᠰᠡᠨ ᠳᠦ᠂ 27 ᠹᠢᠯᠢᠫ ᠪᠣᠰᠣᠭᠠᠳ ᠶᠠᠪᠤᠬᠤ ᠳᠠᠭᠠᠨ ᠡᠲ᠋ᠢᠶᠤᠫᠢᠶᠠ ᠶᠢᠨ ᠨᠢᠭᠡ ᠬᠥᠮᠦᠨ ᠲᠡᠢ ᠲᠠᠭᠠᠷᠠᠯᠳᠤᠵᠠᠢ᠃ ᠲᠡᠷᠡ ᠪᠣᠯ ᠡᠲ᠋ᠢᠶᠤᠫᠢᠶᠠ ᠶᠢᠨ ᠬᠠᠲᠤᠨ ᠬᠠᠭᠠᠨ ᠺᠠᠨᠳᠠᠺᠧ ᠶᠢᠨ ᠪᠦᠬᠦ ᠬᠥᠷᠥᠩᠭᠡ ᠶᠢ ᠬᠠᠷᠢᠭᠤᠴᠠᠳᠠᠭ ᠡᠷᠬᠡ ᠮᠡᠳᠡᠯ ᠶᠡᠬᠡᠲᠡᠢ ᠲᠠᠢᠭᠠᠨ ᠲᠦᠰᠢᠮᠡᠯ ᠪᠠᠢᠵᠠᠢ᠃ ᠲᠡᠷᠡ ᠶᠧᠷᠦ᠋ᠰᠠᠯᠧᠮ ᠳᠤ ᠮᠥᠷᠭᠥᠯ ᠬᠢᠬᠦ ᠪᠡᠷ ᠣᠴᠢᠭᠠᠳ 28 ᠪᠤᠴᠠᠬᠤ ᠵᠠᠮ ᠳᠠᠭᠠᠨ ᠮᠣᠷᠢᠨ ᠲᠡᠷᠭᠡᠨ ᠳᠡᠭᠡᠷ᠎ᠡ ᠪᠡᠨ ᠡᠰᠢ ᠦᠵᠡᠭᠦᠯᠦᠭᠴᠢ ᠢᠰᠠᠢᠶ᠎ᠠ ᠶᠢᠨ ᠨᠣᠮ ᠢ ᠤᠩ᠋ᠰᠢᠵᠤ ᠪᠠᠢᠵᠠᠢ᠃ 29 ᠠᠷᠢᠭᠤᠨ ᠰᠦᠨᠡᠰᠦ ᠹᠢᠯᠢᠫ ᠲᠤ᠄ 《ᠲᠡᠷᠡ ᠲᠡᠷᠭᠡᠨ ᠳᠦ ᠣᠢᠷᠠᠲᠤᠵᠤ ᠣᠴᠢ》 ᠭᠡᠯᠡ᠃ 30 ᠹᠢᠯᠢᠫ ᠲᠡᠰᠢ ᠪᠠᠨ ᠭᠦᠶᠦᠬᠦ ᠳᠡᠭᠡᠨ ᠲᠠᠢᠭᠠᠨ ᠤ ᠡᠰᠢ ᠦᠵᠡᠭᠦᠯᠦᠭᠴᠢ ᠢᠰᠠᠢᠶ᠎ᠠ ᠶᠢᠨ ᠨᠣᠮ ᠢ ᠤᠩ᠋ᠰᠢᠬᠤ ᠶᠢ ᠨᠢ ᠰᠣᠨᠣᠰᠴᠤ᠄ 《ᠲᠠ ᠤᠩ᠋ᠰᠢᠵᠤ ᠪᠠᠢᠭ᠎ᠠ ᠪᠠᠨ ᠣᠢᠯᠠᠭᠠᠵᠤ ᠪᠠᠢᠭ᠎ᠠ ᠤᠤ︖》 ᠭᠡᠵᠦ ᠠᠰᠠᠭᠤᠭᠰᠠᠨ ᠳᠤ᠂ 31 ᠲᠠᠢᠭᠠᠨ᠄ 《ᠨᠠᠳᠠ ᠳᠤ ᠲᠠᠢᠯᠪᠤᠷᠢᠯᠠᠵᠤ ᠥᠭᠬᠦ ᠬᠥᠮᠦᠨ ᠪᠠᠢᠬᠤ ᠦᠭᠡᠢ ᠶᠤᠮ ᠴᠢᠨᠢ ᠶᠠᠭᠠᠬᠢᠵᠤ ᠴᠢᠳᠠᠬᠤ ᠪᠢᠯᠡ︖》 ᠭᠡᠵᠦ ᠬᠡᠯᠡᠭᠡᠳ ᠹᠢᠯᠢᠫ ᠢ ᠬᠠᠮᠲᠤ ᠰᠠᠭᠤᠶ᠎ᠠ ᠭᠡᠵᠦ ᠭᠤᠶᠤᠪᠠ᠃ 32 ᠲᠠᠢᠭᠠᠨ ᠠᠷᠢᠭᠤᠨ ᠨᠣᠮ ᠤᠨ ᠡᠨᠡ ᠬᠡᠰᠡᠭ ᠢ ᠤᠩ᠋ᠰᠢᠵᠤ ᠪᠠᠢᠵᠠᠢ᠄ 《ᠠᠯᠠᠯᠭᠠᠨ ᠳᠤ ᠠᠪᠠᠴᠢᠭᠳᠠᠬᠤ ᠬᠣᠨᠢ ᠰᠢᠭ᠋ ᠬᠢᠷᠭᠠᠭᠴᠢ ᠶᠢᠨ ᠡᠮᠦᠨ᠎ᠡ ᠳᠤᠤᠭᠠᠷᠬᠤ ᠦᠭᠡᠢ ᠬᠤᠷᠠᠭ᠎ᠠ ᠰᠢᠭ᠋ ᠲᠡᠷᠡ ᠠᠮᠠ ᠪᠠᠨ ᠨᠡᠭᠡᠭᠡᠭᠰᠡᠨ ᠦᠭᠡᠢ᠃
33 ᠲᠡᠷᠡ ᠪᠠᠰᠤᠮᠵᠢᠯᠠᠭᠳᠠᠵᠤ ᠲᠥᠪ ᠭᠣᠣᠯᠴᠢ ᠰᠢᠭᠦᠯᠲᠡ ᠪᠡᠨ ᠪᠤᠯᠢᠶᠠᠭᠳᠠᠵᠠᠢ ᠲᠡᠭᠦᠨ ᠦ ᠦᠶ᠎ᠡ ᠶᠢᠨ ᠬᠢᠨ ᠡᠴᠡ ᠬᠡᠨ ᠨᠢ ᠡᠳᠡᠭᠡᠷ ᠢ ᠥᠭᠦᠯᠡᠬᠦ ᠪᠣᠯ︖ ᠲᠡᠭᠦᠨ ᠦ ᠠᠮᠢ ᠭᠠᠵᠠᠷ ᠠᠴᠠ ᠪᠤᠯᠢᠶᠠᠭᠳᠠᠵᠠᠢ᠃》
34 ᠲᠠᠢᠭᠠᠨ ᠹᠢᠯᠢᠫ ᠡᠴᠡ᠄ 《ᠡᠨᠡ ᠡᠰᠢ ᠦᠵᠡᠭᠦᠯᠦᠭᠴᠢ ᠬᠡᠨ ᠦ ᠲᠤᠬᠠᠢ ᠡᠭᠦᠨ ᠢ ᠶᠠᠷᠢᠵᠤ ᠪᠠᠢᠭ᠎ᠠ ᠶᠤᠮ ᠪᠤᠢ︖ ᠥᠪᠡᠷ ᠦᠨ ᠢᠶᠠᠨ ᠲᠤᠬᠠᠢ ᠤᠤ︖ ᠡᠰᠡᠪᠡᠯ ᠪᠤᠰᠤᠳ ᠤᠨ ᠲᠤᠬᠠᠢ ᠤᠤ︖ ᠬᠡᠯᠡᠭᠡᠳ ᠥᠭᠭᠥᠨ᠎ᠡ ᠤᠤ︖》 ᠭᠡᠵᠦ ᠠᠰᠠᠭᠤᠭᠰᠠᠨ ᠳᠤ᠂ 35 ᠹᠢᠯᠢᠫ ᠠᠮᠠ ᠨᠡᠭᠡᠭᠡᠨ ᠠᠷᠢᠭᠤᠨ ᠨᠣᠮ ᠤᠨ ᠡᠨᠡ ᠬᠡᠰᠡᠭ ᠡᠴᠡ ᠡᠬᠢᠯᠡᠵᠦ᠂ ᠢᠰᠦ᠋ᠰ ᠤᠨ ᠲᠤᠬᠠᠢ ᠪᠠᠶᠠᠷ ᠤᠨ ᠮᠡᠳᠡᠭᠡ ᠶᠢ ᠲᠡᠭᠦᠨ ᠳᠦ ᠶᠠᠷᠢᠵᠤ ᠥᠭᠭᠥᠯ᠎ᠡ᠃ 36 ᠲᠡᠳᠡ ᠵᠠᠮᠨᠠᠨ ᠶᠠᠪᠤᠭᠰᠠᠭᠠᠷ ᠤᠰᠤ ᠲᠠᠢ ᠭᠠᠵᠠᠷ ᠬᠦᠷᠬᠦ ᠳᠦ᠂ ᠲᠠᠢᠭᠠᠨ᠄ 《ᠬᠠᠷ᠎ᠠ ᠳᠠ᠂ ᠡ᠊ᠨᠳᠡ ᠤᠰᠤ ᠪᠠᠢᠨ᠎ᠠ᠂ ᠤᠬᠢᠶᠠᠯ ᠬᠦᠷᠲᠡᠬᠦ ᠳᠦ ᠮᠢᠨᠢ ᠶᠠᠭᠤ ᠰᠠᠭᠠᠳ ᠪᠣᠯᠬᠤ ᠪᠢᠯᠡ︖》 ᠭᠡᠪᠡ᠃ 37 [ᠹᠢᠯᠢᠫ᠄ 《ᠬᠡᠷᠪᠡ ᠴᠢ ᠴᠢᠩ ᠰᠡᠳᠬᠢᠯ ᠡᠴᠡ ᠪᠡᠨ ᠢᠲᠡᠭᠡᠪᠡᠯ ᠪᠣᠯᠣᠨ᠎ᠠ》 ᠭᠡᠰᠡᠨ ᠳᠦ᠂ ᠲᠡᠷᠡ᠄ 《ᠢᠰᠦ᠋ᠰ ᠾᠷᠢᠰᠲ᠋ᠣᠰ ᠪᠣᠯ ᠪᠤᠷᠬᠠᠨ ᠤ ᠬᠦᠦ ᠮᠥᠨ ᠭᠡᠳᠡᠭ ᠢ ᠪᠢ ᠢᠲᠡᠭᠡᠵᠦ ᠪᠠᠢᠨ᠎ᠠ》 ᠭᠡᠵᠦ ᠬᠠᠷᠢᠭᠤᠯᠵᠠᠢ᠃] 38 ᠲᠠᠢᠭᠠᠨ ᠲᠡᠷᠭᠡ ᠪᠡᠨ ᠵᠣᠭᠰᠣᠭᠠᠬᠤ ᠶᠢ ᠲᠤᠰᠢᠶᠠᠭᠠᠳ ᠹᠢᠯᠢᠫ ᠲᠠᠢ ᠬᠠᠮᠲᠤ ᠤᠰᠤᠨ ᠳᠤ ᠣᠷᠣᠭᠰᠠᠨ ᠪᠠ ᠹᠢᠯᠢᠫ ᠲᠡᠭᠦᠨ ᠳᠦ ᠤᠬᠢᠶᠠᠯ ᠬᠦᠷᠲᠡᠭᠡᠵᠡᠢ᠃ 39 ᠲᠡᠳᠡ ᠤᠰᠤᠨ ᠠᠴᠠ ᠭᠠᠷᠲᠠᠯ᠎ᠠ᠂ ᠡᠵᠡᠨ ᠦ ᠰᠦᠨᠡᠰᠦ ᠹᠢᠯᠢᠫ ᠢ ᠠᠪᠠᠴᠢᠴᠢᠬᠠᠪᠠ᠃ ᠲᠠᠢᠭᠠᠨ ᠳᠠᠬᠢᠭᠠᠳ ᠲᠡᠭᠦᠨ ᠢ ᠣᠯᠵᠤ ᠬᠠᠷᠠᠭᠰᠠᠨ ᠦᠭᠡᠢ᠂ ᠪᠠᠶᠠᠷ ᠬᠥᠷ ᠲᠡᠢ ᠪᠠᠷ ᠠᠶᠠᠨ ᠳᠠᠭᠠᠨ ᠮᠣᠷᠳᠠᠪᠠ᠃ 40 ᠬᠠᠷᠢᠨ ᠹᠢᠯᠢᠫ ᠠᠱᠢᠳᠣᠲ ᠲᠤ ᠢᠯᠡᠷᠡᠭᠰᠡᠨ ᠪᠥᠭᠡᠳ ᠺᠠᠶᠧᠰᠠᠷᠢᠶ᠎ᠠ ᠬᠦᠷᠲᠡᠯ᠎ᠡ ᠲᠣᠰᠬᠣᠨ ᠨᠤᠭᠤᠳ ᠢᠶᠠᠷ ᠪᠠᠶᠠᠷ ᠤᠨ ᠮᠡᠳᠡᠭᠡ ᠤᠯᠠᠮᠵᠢᠯᠠᠭᠰᠠᠭᠠᠷ ᠶᠠᠪᠤᠵᠠᠢ᠃