ᠦᠢᠯᠡᠰ ᠵᠢᠷᠭᠤᠭ᠎ᠠ
ᠳᠣᠯᠣᠭᠠᠨ ᠦᠢᠯᠡᠴᠢᠯᠡᠭᠴᠢ ᠰᠣᠩ᠋ᠭᠣᠭᠰᠠᠨ ᠨᠢ
1 ᠲᠡᠷᠡ ᠦᠶ᠎ᠡ ᠳᠦ ᠱᠠᠪᠢ ᠨᠠᠷ ᠣᠯᠠᠰᠢᠷᠠᠵᠤ ᠪᠠᠢᠭᠰᠠᠨ᠃ ᠭᠷᠧᠭ ᠬᠡᠯᠡ ᠲᠠᠢ ᠶᠦᠳᠠᠢᠴᠤᠳ ᠡᠳᠦᠷ ᠪᠦᠷᠢ ᠶᠢᠨ ᠬᠦᠨᠡᠰᠦᠨ ᠦ ᠬᠠᠩ᠋ᠭᠠᠮᠵᠢ ᠳᠤ ᠲᠡᠳᠡᠨ ᠦ ᠪᠡᠯᠪᠡᠰᠦᠨ ᠡᠬᠡᠨᠡᠷ ᠤᠳ ᠭᠠᠳᠠᠭᠤᠷᠴᠢᠯᠠᠭᠳᠠᠳᠠᠭ ᠭᠡᠵᠦ ᠢᠪᠷᠠᠢ ᠬᠡᠯᠡ ᠲᠠᠢ ᠶᠦᠳᠠᠢᠴᠤᠳ ᠲᠤ ᠭᠣᠮᠣᠳᠠᠯ ᠭᠠᠷᠭᠠᠪᠠ᠃ 2 ᠠᠷᠪᠠᠨ ᠬᠣᠶᠠᠷ ᠰᠢᠳᠠᠷ ᠱᠠᠪᠢ ᠪᠦᠬᠦ ᠱᠠᠪᠢ ᠶᠢ ᠳᠠᠭᠤᠳᠠᠨ ᠴᠤᠭᠯᠠᠭᠤᠯᠵᠤ᠄ 《ᠪᠢᠳᠡ ᠪᠤᠷᠬᠠᠨ ᠤ ᠦᠭᠡ ᠶᠢ ᠳᠡᠯᠭᠡᠷᠡᠭᠦᠯᠬᠦ ᠠᠵᠢᠯ ᠢ ᠬᠣᠢᠰᠢ ᠲᠠᠯᠪᠢᠭᠠᠳ ᠬᠣᠭᠣᠯᠠ ᠤᠮᠳᠠᠭᠠᠨ ᠳᠤ ᠦᠢᠯᠡᠴᠢᠯᠡᠬᠦ ᠨᠢ ᠵᠣᠬᠢᠰ ᠦᠭᠡᠢ᠃ 3 ᠲᠡᠢᠮᠦ ᠡᠴᠡ ᠠᠬ᠎ᠠ ᠳᠡᠭᠦᠦ ᠨᠠᠷ ᠡ︕ ᠠᠷᠢᠭᠤᠨ ᠰᠦᠨᠡᠰᠦ ᠪᠠ ᠮᠡᠷᠭᠡᠨ ᠤᠬᠠᠭᠠᠨ ᠢᠶᠠᠷ ᠳᠦᠭᠦᠷᠡᠩ᠂ ᠨᠡᠷ᠎ᠡ ᠬᠦᠨᠳᠦᠲᠡᠢ ᠳᠣᠯᠣᠭᠠᠨ ᠬᠥᠮᠦᠨ ᠢ ᠳᠤᠮᠳᠠ ᠠᠴᠠ ᠪᠠᠨ ᠰᠣᠩ᠋ᠭᠣᠭᠠᠷᠠᠢ᠃ ᠪᠢᠳᠡ ᠡᠨᠡ ᠠᠵᠢᠯ ᠢ ᠲᠡᠳᠡ ᠨᠠᠷ ᠢᠶᠠᠷ ᠬᠠᠷᠢᠭᠤᠴᠠᠭᠤᠯᠵᠤ᠂ 4 ᠥᠪᠡᠷᠰᠡᠳ ᠢᠶᠡᠨ ᠳᠠᠭᠠᠳᠬᠠᠯ ᠪᠠ ᠦᠭᠡ ᠶᠢᠨ ᠠᠵᠢᠯ ᠢᠶᠠᠨ ᠪᠠᠷᠢᠮᠲᠠᠯᠠᠶ᠎ᠠ》 ᠭᠡᠪᠡ᠃ 5 ᠪᠦᠬᠦ ᠬᠥᠮᠦᠨ ᠲᠡᠷᠡ ᠦᠭᠡᠨ ᠳᠦ ᠪᠠᠶᠠᠷᠯᠠᠵᠤ᠂ ᠢᠲᠡᠭᠡᠯ ᠪᠠ ᠠᠷᠢᠭᠤᠨ ᠰᠦᠨᠡᠰᠦ ᠪᠡᠷ ᠳᠦᠭᠦᠷᠡᠩ ᠰᠲ᠋ᠧᠹᠠᠨ ᠪᠠ ᠹᠢᠯᠢᠫ᠂ ᠫᠷᠦᠬᠣᠷ᠂ ᠨᠢᠺᠠᠨᠣᠷ᠂ ᠲᠢᠮᠣᠨ᠂ ᠫᠠᠷᠮᠧᠨᠠ ᠪᠣᠯᠣᠨ ᠶᠦᠳᠠᠢ ᠱᠠᠰᠢᠨ ᠳᠤ ᠣᠷᠣᠭᠠᠳ ᠪᠠᠢᠭᠰᠠᠨ ᠠᠨᠲ᠋ᠢᠶᠣᠬᠢᠶᠠ ᠶᠢᠨ ᠨᠢᠺᠠᠨᠣᠷ ᠢ ᠰᠣᠩ᠋ᠭᠣᠵᠤ᠂ 6 ᠰᠢᠳᠠᠷ ᠱᠠᠪᠢ ᠨᠠᠷ ᠤᠨ ᠡᠮᠦᠨ᠎ᠡ ᠵᠣᠭᠰᠣᠭᠠᠬᠤ ᠳᠤ᠂ ᠰᠢᠳᠠᠷ ᠱᠠᠪᠢ ᠨᠠᠷ ᠳᠠᠭᠠᠳᠬᠠᠵᠤ ᠲᠡᠳᠡᠨ ᠦ ᠳᠡᠭᠡᠷ᠎ᠡ ᠭᠠᠷ ᠢᠶᠠᠨ ᠲᠠᠯᠪᠢᠪᠠ᠃
7 ᠪᠤᠷᠬᠠᠨ ᠤ ᠦᠭᠡ ᠳᠡᠯᠭᠡᠷᠡᠭᠰᠡᠭᠡᠷ᠂ ᠶᠧᠷᠦ᠋ᠰᠠᠯᠧᠮ ᠳᠤ ᠱᠠᠪᠢ ᠨᠠᠷ ᠤᠨ ᠲᠣᠭ᠎ᠠ ᠶᠡᠬᠡ ᠪᠡᠷ ᠣᠯᠠᠰᠢᠷᠠᠵᠤ᠂ ᠣᠯᠠᠨ ᠲᠠᠬᠢᠯᠴᠢ ᠴᠤ ᠡᠨᠡ ᠢᠲᠡᠭᠡᠯ ᠢ ᠳᠠᠭᠠᠬᠤ ᠪᠣᠯᠵᠠᠢ᠃
ᠠᠲᠠᠭᠠᠷᠬᠠᠭᠴᠢᠳ ᠲᠤ ᠪᠠᠷᠢᠪᠴᠢᠯᠠᠭᠳᠠᠭᠰᠠᠨ ᠨᠢ
8 ᠢᠪᠡᠭᠡᠯ ᠪᠠ ᠬᠦᠴᠦ ᠪᠡᠷ ᠲᠡᠭᠦᠯᠳᠡᠷᠵᠢᠭᠰᠡᠨ ᠰᠲ᠋ᠧᠹᠠᠨ ᠠᠷᠠᠳ ᠤᠨ ᠳᠤᠮᠳᠠ ᠠᠭᠤᠤ ᠶᠡᠬᠡ ᠰᠣᠳᠣᠨ ᠵᠦᠢᠯ ᠪᠠ ᠰᠢᠳᠢ ᠲᠡᠮᠳᠡᠭ ᠢ ᠦᠢᠯᠡᠳᠴᠦ ᠪᠠᠢᠯ᠎ᠠ᠃ 9 ᠲᠡᠷᠡ ᠦᠶ᠎ᠡ ᠳᠦ᠂ ᠴᠢᠯᠥᠭᠡᠲᠦ ᠬᠥᠮᠦᠰ 5 ᠬᠡᠮᠡᠬᠦ ᠬᠤᠷᠠᠯ ᠤᠨ ᠲᠠᠩᠬᠢᠮ ᠤᠨ ᠬᠡᠳᠦᠨ ᠬᠥᠮᠦᠨ ᠪᠣᠰᠴᠤ ᠰᠲ᠋ᠧᠹᠠᠨ ᠲᠠᠢ ᠮᠠᠷᠭᠤᠯᠳᠤᠪᠠ᠃ ᠲᠡᠳᠡ ᠨᠠᠷ ᠪᠣᠯ ᠺᠦᠷᠧᠨᠠᠢ᠂ ᠠᠯᠧᠺᠰᠠᠨᠳᠧᠷ᠂ ᠺᠢᠯᠢᠺᠢᠶ᠎ᠠ᠂ ᠠᠽᠢᠶ᠎ᠠ ᠵᠡᠷᠭᠡ ᠮᠤᠵᠢ ᠡᠴᠡ ᠢᠷᠡᠭᠰᠡᠨ ᠶᠦᠳᠠᠢᠴᠤᠳ ᠪᠠᠢᠵᠠᠢ᠃ 10 ᠭᠡᠪᠡᠴᠦ ᠲᠡᠳᠡ ᠮᠡᠷᠭᠡᠨ ᠤᠬᠠᠭᠠᠨ ᠪᠠ ᠠᠷᠢᠭᠤᠨ ᠰᠦᠨᠡᠰᠦ ᠪᠡᠷ ᠶᠠᠷᠢᠳᠠᠭ ᠰᠲ᠋ᠧᠹᠠᠨ ᠲᠠᠢ ᠮᠥᠴᠡᠭᠡᠷᠬᠡᠵᠦ ᠴᠢᠳᠠᠭᠰᠠᠨ ᠦᠭᠡᠢ ᠪᠣᠯᠬᠣᠷ 11 ᠬᠥᠮᠦᠰ ᠢ ᠨᠢᠭᠤᠴᠠ ᠪᠠᠷ ᠢᠳᠬᠠᠵᠤ᠄ 《ᠮᠣᠰᠧ ᠪᠠ ᠪᠤᠷᠬᠠᠨ ᠢ ᠳᠣᠷᠣᠮᠵᠢᠯᠠᠭᠰᠠᠨ ᠲᠡᠭᠦᠨ ᠦ ᠦᠭᠡ ᠶᠢ ᠪᠢᠳᠡ ᠰᠣᠨᠣᠰᠣᠯ᠎ᠠ》 ᠭᠡᠵᠦ ᠬᠡᠯᠡᠭᠦᠯᠦᠨ 12 ᠠᠷᠠᠳ ᠣᠯᠠᠨ᠂ ᠠᠬᠠᠯᠠᠭᠴᠢᠳ ᠪᠠ ᠪᠢᠴᠢᠭᠲᠡᠨ ᠢ ᠥᠳᠥᠭᠡᠵᠦ᠂ ᠰᠲ᠋ᠧᠹᠠᠨ ᠢ ᠪᠠᠷᠢᠭᠤᠯᠤᠭᠠᠳ ᠰᠢᠭᠦᠬᠦ ᠵᠥᠪᠯᠡᠯ ᠳᠦ ᠠᠪᠴᠢᠷᠠᠵᠠᠢ᠃ 13 ᠲᠡᠭᠡᠭᠡᠳ ᠬᠠᠭᠤᠷᠮᠠᠭ ᠢᠶᠠᠷ ᠭᠡᠷᠡᠴᠢᠯᠡᠭᠴᠢᠳ ᠢ ᠭᠠᠷᠭᠠᠭᠰᠠᠨ ᠳᠤ᠂ ᠲᠡᠳᠡ ᠨᠠᠷ ᠨᠢ᠄ 《ᠡᠨᠡ ᠬᠥᠮᠦᠨ ᠠᠷᠢᠭᠤᠨ ᠭᠠᠵᠠᠷ ᠪᠠ ᠬᠠᠤᠯᠢ ᠶᠢ ᠵᠣᠭᠰᠣᠯ ᠦᠭᠡᠢ ᠡᠰᠡᠷᠭᠦᠴᠡᠨ ᠶᠠᠷᠢᠳᠠᠭ᠂ 14 〈ᠨᠠᠽᠠᠷᠧᠲ ᠤᠨ ᠢᠰᠦ᠋ᠰ ᠡᠨᠡ ᠭᠠᠵᠠᠷ ᠢ ᠨᠤᠷᠠᠭᠠᠵᠤ᠂ ᠮᠣᠰᠧ ᠶᠢᠨ ᠪᠢᠳᠡᠨ ᠳᠦ ᠤᠯᠠᠮᠵᠢᠯᠠᠭᠰᠠᠨ ᠶᠣᠰᠣ ᠵᠠᠩᠰᠢᠯ ᠢ ᠴᠤ ᠬᠤᠪᠢᠷᠠᠭᠠᠬᠤ ᠪᠣᠯᠣᠨ᠎ᠠ〉 ᠬᠡᠮᠡᠨ ᠶᠠᠷᠢᠬᠤ ᠶᠢ ᠨᠢ ᠪᠢᠳᠡ ᠰᠣᠨᠣᠰᠣᠭᠰᠠᠨ》 ᠭᠡᠵᠡᠢ᠃ 15 ᠰᠢᠭᠦᠬᠦ ᠵᠥᠪᠯᠡᠯ ᠳᠦ ᠰᠠᠭᠤᠭ᠎ᠠ ᠬᠥᠮᠦᠰ ᠪᠦᠭᠦᠳᠡᠭᠡᠷ ᠰᠲ᠋ᠧᠹᠠᠨ ᠢ ᠰᠢᠷᠲᠡᠬᠦ ᠳᠦ᠂ ᠲᠡᠭᠦᠨ ᠦ ᠴᠢᠷᠠᠢ ᠡᠭᠡᠭᠡ ᠯᠠ ᠲᠩᠷᠢ ᠶᠢᠨ ᠡᠯᠴᠢ ᠶᠢᠨ ᠴᠢᠷᠠᠢ ᠰᠢᠭ᠋ ᠬᠠᠷᠠᠭᠳᠠᠵᠠᠢ᠃