1 2 3 4 5 6 7 8 9 10 11 12 13 14 15 16 17 18 19 20 21 22 23 24 25 26 27 28


ᠦᠢᠯᠡᠰ ᠬᠣᠷᠢᠨ ᠵᠢᠷᠭᠤᠭ᠎ᠠ
 ᠫᠠᠦ᠋ᠯ ᠠᠭᠷᠢᠫᠠ ᠬᠠᠨ ᠤ ᠡᠮᠦᠨ᠎ᠡ

1 ᠠᠭᠷᠢᠫᠠ ᠫᠠᠦ᠋ᠯ ᠳᠤ᠄ 《ᠥᠪᠡᠷ ᠦᠨ ᠢᠶᠠᠨ ᠲᠥᠯᠥᠭᠡ ᠶᠠᠷᠢᠬᠤ ᠶᠢ ᠴᠢᠨᠢ ᠵᠥᠪᠰᠢᠶᠡᠷᠡᠶ᠎ᠡ》 ᠭᠡᠰᠡᠨ ᠳᠦ᠂ ᠲᠡᠷᠡ ᠭᠠᠷ ᠢᠶᠠᠷ ᠢᠶᠠᠨ ᠵᠠᠩ᠋ᠭᠠᠭᠠᠳ ᠪᠡᠶ᠎ᠡ ᠪᠡᠨ ᠥᠮᠥᠭᠯᠡᠵᠦ ᠡᠬᠢᠯᠡᠨ᠄

2 《ᠠᠭᠷᠢᠫᠠ ᠬᠠᠨ ᠮᠢᠨᠢ᠂ ᠶᠦᠳᠠᠢᠴᠤᠳ ᠲᠤ ᠵᠠᠭᠠᠯᠳᠤᠭᠳᠠᠭᠰᠠᠨ ᠲᠤᠬᠠᠢ ᠪᠠᠨ ᠥᠨᠥᠳᠥᠷ ᠲᠠᠨ ᠤ ᠡᠮᠦᠨ᠎ᠡ ᠥᠮᠥᠭᠯᠡᠬᠦ ᠪᠡᠨ ᠪᠢ ᠠᠵᠠ ᠭᠡᠵᠦ ᠪᠣᠳᠣᠵᠤ ᠪᠠᠢᠨ᠎ᠠ᠃ 3 ᠢᠯᠠᠩ᠋ᠭᠤᠶ᠎ᠠ ᠲᠠ ᠶᠦᠳᠠᠢᠴᠤᠳ ᠤᠨ ᠠᠯᠢᠪᠠ ᠶᠣᠰᠣ ᠵᠠᠩᠰᠢᠯ ᠪᠠ ᠮᠠᠷᠭᠤᠭᠠᠨ ᠲᠠᠢ ᠠᠰᠠᠭᠤᠳᠠᠯ ᠤᠨ ᠲᠠᠯ᠎ᠠ ᠪᠠᠷ ᠰᠠᠢᠨ ᠮᠡᠳᠡᠳᠡᠭ ᠲᠤᠯᠠ ᠪᠢ ᠠᠵᠠ ᠲᠠᠢ ᠪᠠᠢᠨ᠎ᠠ᠃ ᠬᠡᠯᠡᠬᠦ ᠦᠭᠡ ᠶᠢ ᠮᠢᠨᠢ ᠬᠦᠯᠢᠴᠡᠨ ᠰᠣᠨᠣᠰᠬᠤ ᠶᠢ ᠲᠠᠨᠢ ᠭᠤᠶᠤᠶ᠎ᠠ᠃

4 ᠶᠧᠷᠦ᠋ᠰᠠᠯᠧᠮ ᠳᠤ ᠠᠷᠠᠳ ᠲᠦᠮᠡᠨ ᠦ ᠪᠠᠨ ᠳᠤᠮᠳᠠ ᠠᠩ᠋ᠬᠠᠨ ᠠᠴᠠ ᠪᠠᠨ᠂ ᠬᠠᠷᠠᠬᠠᠨ ᠪᠠᠭ᠎ᠠ ᠠᠴᠠ ᠪᠠᠨ ᠬᠡᠷᠬᠢᠨ ᠠᠮᠢᠳᠤᠷᠠᠵᠤ ᠪᠠᠢᠭᠰᠠᠨ ᠢ ᠮᠢᠨᠢ ᠶᠦᠳᠠᠢᠴᠤᠳ ᠪᠦᠭᠦᠳᠡᠭᠡᠷ ᠮᠡᠳᠡᠨ᠎ᠡ᠃ 5 ᠨᠠᠮᠠᠶᠢ ᠡᠷᠲᠡᠨ ᠡᠴᠡ ᠮᠡᠳᠡᠳᠡᠭ ᠪᠣᠯᠬᠣᠷ ᠮᠠᠨ ᠤ ᠱᠠᠰᠢᠨ ᠤ ᠬᠠᠮᠤᠭ ᠤᠨ ᠴᠢᠩᠭ᠍᠎ᠠ ᠪᠦᠯᠦᠭ ᠦᠨ ᠬᠢᠨ᠂ ᠲᠤᠬᠠᠢᠯᠠᠪᠠᠯ ᠹᠠᠷᠢᠰᠠᠢ ᠬᠥᠮᠦᠨ ᠪᠣᠯᠵᠤ ᠠᠮᠢᠳᠤᠷᠠᠭᠰᠠᠨ ᠢ ᠮᠢᠨᠢ ᠭᠡᠷᠡᠴᠢᠯᠡᠶ᠎ᠡ ᠭᠡᠪᠡᠯ ᠲᠡᠳᠡ ᠭᠡᠷᠡᠴᠢᠯᠡᠨ᠎ᠡ᠃ 6 ᠮᠠᠨ ᠤ ᠳᠡᠭᠡᠳᠦᠰ ᠲᠦ ᠥᠭᠭᠥᠭᠰᠡᠨ ᠪᠤᠷᠬᠠᠨ ᠤ ᠠᠮᠠᠯᠠᠯ ᠳᠤ ᠡᠷᠡᠮᠡᠯᠵᠡᠵᠦ ᠪᠠᠢᠭ᠎ᠠ ᠤᠴᠢᠷ ᠢᠶᠠᠷ ᠡᠳᠦᠭᠡ ᠪᠢ ᠡ᠊ᠨᠳᠡ ᠰᠢᠭᠦᠭᠳᠡᠵᠦ ᠪᠠᠢᠨ᠎ᠠ᠃ 7 ᠮᠠᠨ ᠤ ᠠᠷᠪᠠᠨ ᠬᠣᠶᠠᠷ ᠣᠪᠣᠭ ᠤᠨ ᠬᠢᠨ ᠪᠤᠷᠬᠠᠨ ᠳᠤ ᠡᠳᠦᠷ ᠰᠥᠨᠢ ᠦᠭᠡᠢ ᠬᠢᠴᠢᠶᠡᠩᠭᠦᠢᠯᠡᠨ ᠮᠥᠷᠭᠥᠵᠦ᠂ ᠲᠡᠷᠡ ᠠᠮᠠᠯᠠᠯᠲᠠ ᠪᠡᠶᠡᠯᠡᠭᠳᠡᠬᠦ ᠶᠢ ᠡᠷᠡᠮᠡᠯᠵᠡᠳᠡᠭ᠌᠃ ᠬᠠᠨ ᠡ᠂ ᠡᠨᠡ ᠡᠷᠡᠮᠡᠯᠵᠡᠯ ᠦᠨ ᠤᠯᠠᠮ ᠠᠴᠠ ᠶᠦᠳᠠᠢᠴᠤᠳ ᠨᠠᠮᠠᠶᠢ ᠵᠠᠭᠠᠯᠳᠤᠵᠤ ᠪᠠᠢᠨ᠎ᠠ᠃ 8 ᠲᠠ ᠨᠠᠷ ᠶᠠᠭᠤᠨ ᠳᠤ ᠪᠤᠷᠬᠠᠨ ᠦᠬᠦᠭᠰᠡᠳ ᠢ ᠠᠮᠢᠯᠠᠭᠤᠯᠳᠠᠭ ᠢ ᠢᠲᠡᠭᠡᠰᠢ ᠦᠭᠡᠢ ᠭᠡᠵᠦ ᠦᠵᠡᠳᠡᠭ ᠪᠤᠢ︖

9 ᠪᠢ ᠥᠪᠡᠷ ᠢᠶᠡᠨ ᠴᠤ ᠨᠠᠽᠠᠷᠧᠲ ᠤᠨ ᠢᠰᠦ᠋ᠰ ᠤᠨ ᠨᠡᠷ᠎ᠡ ᠶᠢ ᠡᠰᠡᠷᠭᠦᠴᠡᠨ ᠣᠯᠠᠨ ᠶᠠᠭᠤᠮ᠎ᠠ ᠬᠢᠬᠦ ᠶᠣᠰᠣᠲᠠᠢ ᠭᠡᠵᠦ ᠪᠣᠳᠣᠭᠠᠳ 10 ᠶᠧᠷᠦ᠋ᠰᠠᠯᠧᠮ ᠳᠤ ᠶᠠᠭ ᠲᠡᠢᠨ ᠬᠦ ᠦᠢᠯᠡᠳᠦᠭᠰᠡᠨ᠃ ᠠᠬᠠᠯᠠᠬᠤ ᠲᠠᠬᠢᠯᠴᠢᠳ ᠠᠴᠠ ᠡᠷᠬᠡ ᠮᠡᠳᠡᠯ ᠣᠯᠵᠤ᠂ ᠣᠯᠠᠨ ᠠᠷᠢᠭᠤᠨ ᠬᠥᠮᠦᠰ ᠢ ᠱᠣᠷᠣᠩ ᠳᠤ ᠬᠣᠷᠢᠭᠤᠯᠬᠤ ᠪᠠᠷ ᠦᠯᠦ ᠪᠠᠷᠠᠮ ᠲᠡᠳᠡ ᠠᠯᠠᠭᠳᠠᠬᠤ ᠦᠶ᠎ᠡ ᠳᠦ ᠵᠥᠪᠰᠢᠶᠡᠷᠡᠭᠰᠡᠨ ᠰᠠᠨᠠᠯ ᠢᠶᠠᠨ ᠥᠭᠭᠥᠭᠰᠡᠨ᠃ 11 ᠪᠢ ᠬᠤᠷᠠᠯ ᠤᠨ ᠲᠠᠩᠬᠢᠮ ᠤᠳ ᠢᠶᠠᠷ ᠣᠴᠢᠵᠤ᠂ ᠲᠡᠳᠡᠨ ᠢ ᠣᠯᠠᠨ ᠳᠠᠬᠢᠨ ᠵᠠᠯᠬᠠᠭᠠᠬᠤ ᠳᠠᠭᠠᠨ ᠠᠷᠢᠭᠤᠨ ᠨᠢᠭᠡᠨ ᠢ ᠬᠠᠷᠢᠶᠠᠯᠭᠠᠬᠤ ᠪᠠᠷ ᠠᠯᠪᠠᠳᠠᠳᠠᠭ ᠪᠠᠢᠯ᠎ᠠ᠃ ᠪᠢ ᠬᠡᠲᠦᠷᠬᠡᠢ ᠳᠣᠭᠰᠢᠷᠠᠵᠤ᠂ ᠲᠡᠳᠡᠨ ᠢ ᠬᠠᠷᠢ ᠶᠢᠨ ᠬᠣᠲᠠᠳ ᠲᠤ ᠬᠦᠷᠲᠡᠯ᠎ᠡ ᠮᠥᠰᠬᠢᠵᠦ ᠪᠠᠢᠭᠰᠠᠨ᠃

12 ᠡᠢᠨ ᠬᠦ ᠪᠢ ᠠᠬᠠᠯᠠᠬᠤ ᠲᠠᠬᠢᠯᠴᠢᠳ ᠠᠴᠠ ᠡᠷᠬᠡ ᠮᠡᠳᠡᠯ ᠪᠠ ᠵᠠᠷᠯᠢᠭ ᠠᠪᠤᠭᠠᠳ ᠳ᠋ᠠᠮᠠᠰᠺᠦ᠋ᠰ ᠤᠷᠤᠭᠤ ᠶᠠᠪᠤᠵᠤ ᠪᠠᠢᠲᠠᠯ᠎ᠠ᠂ 13 ᠬᠠᠨ ᠮᠢᠨᠢ︕ ᠦᠳᠡ ᠶᠢᠨ ᠬᠢᠷᠢ ᠳᠤ ᠪᠢ ᠵᠠᠮ ᠳᠠᠭᠠᠨ ᠨᠠᠷᠠᠨ ᠤ ᠬᠢ ᠡᠴᠡ ᠢᠯᠡᠭᠦᠦ ᠬᠤᠷᠴᠠ ᠭᠡᠷᠡᠯ ᠢ ᠦᠵᠡᠯ᠎ᠡ᠃ ᠲᠡᠷᠡ ᠭᠡᠷᠡᠯ ᠲᠩᠷᠢ ᠡᠴᠡ ᠭᠡᠷᠡᠯᠲᠦᠵᠦ ᠨᠠᠮᠠᠶᠢ ᠪᠣᠯᠣᠨ ᠨᠠᠳᠠ ᠲᠠᠢ ᠬᠠᠮᠲᠤ ᠶᠠᠪᠤᠭᠰᠠᠳ ᠢ ᠬᠦᠷᠢᠶᠡᠯᠡᠪᠡ᠃ 14 ᠪᠢᠳᠡ ᠪᠦᠭᠦᠳᠡᠭᠡᠷ ᠢᠶᠡᠨ ᠭᠠᠵᠠᠷ ᠲᠤ ᠤᠨᠠᠭᠰᠠᠨ ᠳᠤ᠄ 〈ᠰᠠᠦ᠋ᠯ ᠡ᠂ ᠰᠠᠦ᠋ᠯ ᠡ᠂ ᠴᠢ ᠶᠠᠭᠤᠨ ᠳᠤ ᠨᠠᠮᠠᠶᠢ ᠬᠠᠪᠴᠢᠵᠤ ᠪᠠᠢᠨ᠎ᠠ ᠪᠤᠢ︖ ᠥᠷᠭᠡᠰᠦ ᠶᠢ ᠢᠰᠬᠦᠯᠪᠡᠯ ᠴᠢᠮ᠎ᠠ ᠳᠤ ᠯᠠ ᠬᠡᠴᠡᠭᠦᠦ ᠰᠢᠦ〉 ᠭᠡᠵᠦ ᠢᠪᠷᠠᠢ ᠬᠡᠯᠡ ᠪᠡᠷ ᠬᠡᠯᠡᠬᠦ ᠳᠠᠭᠤ ᠨᠠᠳᠠ ᠳᠤ ᠰᠣᠨᠣᠰᠲᠠᠯ᠎ᠠ᠃ 15 ᠲᠡᠭᠡᠬᠦ ᠳᠦ ᠪᠢ᠄ 〈ᠲᠠ ᠬᠡᠨ ᠪᠤᠢ︖ ᠡᠵᠡᠨ ᠡ〉 ᠭᠡᠬᠦ ᠳᠦ᠂ ᠡᠵᠡᠨ᠄ 〈ᠪᠢ ᠪᠣᠯ ᠴᠢᠨᠦ ᠬᠠᠪᠴᠢᠵᠤ ᠪᠠᠢᠭ᠎ᠠ ᠢᠰᠦ᠋ᠰ ᠪᠠᠢᠨ᠎ᠠ᠃ 16 ᠪᠣᠰᠴᠤ ᠵᠣᠭᠰᠣ᠂ ᠪᠢ ᠴᠢᠮ᠎ᠠ ᠶᠢ ᠦᠢᠯᠡᠴᠢᠯᠡᠭᠴᠢ ᠪᠣᠯᠭᠠᠨ ᠲᠣᠮᠢᠯᠠᠵᠤ ᠴᠢᠨᠦ ᠦᠵᠡᠭᠰᠡᠨ ᠵᠦᠢᠯᠡᠰ ᠪᠠ ᠮᠢᠨᠦ ᠦᠵᠡᠭᠦᠯᠬᠦ ᠵᠦᠢᠯᠡᠰ ᠢ ᠭᠡᠷᠡᠴᠢᠯᠡᠭᠦᠯᠬᠦ ᠶᠢᠨ ᠲᠤᠯᠠᠳᠠ ᠴᠢᠮᠠᠳᠤ ᠦᠵᠡᠭᠳᠡᠭᠰᠡᠨ ᠶᠤᠮ᠃ 17 ᠪᠢ ᠴᠢᠮ᠎ᠠ ᠶᠢ ᠡᠨᠡ ᠠᠷᠠᠳ ᠲᠦᠮᠡᠨ ᠪᠣᠯᠣᠨ ᠬᠠᠷᠢᠴᠤᠳ ᠠᠴᠠ ᠠᠪᠤᠷᠠᠶ᠎ᠠ᠃ ᠪᠢ ᠴᠢᠮ᠎ᠠ ᠶᠢ ᠲᠡᠳᠡᠨ ᠤᠷᠤᠭᠤ ᠢᠯᠡᠭᠡᠵᠦ᠂ 18 ᠲᠡᠳᠡᠨ ᠦ ᠨᠢᠳᠦ ᠶᠢ ᠨᠡᠭᠡᠭᠡᠨ ᠬᠠᠷᠠᠩ᠋ᠭᠤᠢ ᠠᠴᠠ ᠭᠡᠷᠡᠯ ᠤᠷᠤᠭᠤ᠂ ᠰᠠᠲ᠋ᠠᠨ ᠤ ᠮᠡᠳᠡᠯ ᠡᠴᠡ ᠪᠤᠷᠬᠠᠨ ᠤᠷᠤᠭᠤ ᠡᠷᠭᠢᠭᠦᠯᠦᠨ᠎ᠡ᠃ ᠡᠢᠨ ᠬᠦ ᠲᠡᠳᠡᠨ ᠦ ᠨᠢᠭᠦᠯ ᠥᠷᠥᠰᠢᠶᠡᠭᠳᠡᠬᠦ ᠪᠥᠭᠡᠳ ᠨᠠᠳᠠ ᠳᠤ ᠢᠲᠡᠭᠡᠵᠦ ᠠᠷᠢᠭᠤᠰᠬᠠᠭᠳᠠᠭᠰᠠᠨ ᠬᠥᠮᠦᠰ ᠦᠨ ᠳᠤᠮᠳᠠ ᠥᠮᠴᠢ ᠬᠦᠷᠲᠡᠬᠦ ᠪᠣᠯᠣᠨ᠎ᠠ〉 ᠭᠡᠪᠡ᠃

19 ᠠᠭᠷᠢᠫᠠ ᠬᠠᠨ ᠡ᠂ ᠲᠡᠢᠮᠦ ᠡᠴᠡ ᠪᠢ ᠲᠩᠷᠢᠯᠢᠭ ᠦᠵᠡᠭᠳᠡᠯ ᠢ ᠰᠥᠷᠬᠦ ᠦᠭᠡᠢ ᠪᠠᠷ 20 ᠲᠡᠷᠢᠭᠦᠨ ᠳᠦᠨᠢ ᠳ᠋ᠠᠮᠠᠰᠺᠦ᠋ᠰ ᠤᠨ ᠬᠢᠨ ᠳᠤ᠂ ᠳᠠᠷᠠᠭ᠎ᠠ ᠨᠢ ᠶᠧᠷᠦ᠋ᠰᠠᠯᠧᠮ ᠤᠨ ᠬᠢᠨ ᠪᠠ ᠶᠦᠳᠠᠢ ᠶᠢᠨ ᠪᠦᠬᠦ ᠨᠤᠲᠤᠭ ᠤᠨ ᠬᠢᠨ ᠳᠤ᠂ ᠴᠢᠨᠠᠭᠰᠢᠳᠠ ᠬᠠᠷᠢᠴᠤᠳ ᠲᠤ ᠬᠦᠷᠲᠡᠯ᠎ᠡ 〈ᠪᠤᠷᠬᠠᠨ ᠤᠷᠤᠭᠤ ᠭᠡᠮᠰᠢᠨ ᠡᠷᠭᠢᠵᠦ᠂ ᠭᠡᠮᠰᠢᠭᠰᠡᠨ ᠢᠶᠡᠨ ᠦᠢᠯᠡᠰ ᠢᠶᠡᠷ ᠢᠶᠠᠨ ᠬᠠᠷᠠᠭᠤᠯ〉 ᠭᠡᠵᠦ ᠲᠤᠩ᠋ᠬᠠᠭᠯᠠᠳᠠᠭ ᠪᠠᠢᠭᠰᠠᠨ᠃ 21 ᠲᠡᠢᠮᠦ ᠤᠴᠢᠷ ᠠᠴᠠ ᠶᠦᠳᠠᠢᠴᠤᠳ ᠠᠷᠢᠭᠤᠨ ᠣᠷᠳᠣᠨ ᠳᠤ ᠨᠠᠮᠠᠶᠢ ᠪᠠᠷᠢᠵᠤ᠂ ᠠᠯᠠᠬᠤ ᠪᠠᠷ ᠣᠷᠣᠯᠳᠤᠭᠰᠠᠨ ᠪᠠᠢᠨ᠎ᠠ᠃ 22 ᠭᠡᠲᠡᠯ᠎ᠡ ᠪᠢ ᠪᠤᠷᠬᠠᠨ ᠤ ᠲᠤᠰᠠᠯᠠᠮᠵᠢ ᠪᠠᠷ ᠥᠨᠥ ᠬᠦᠷᠲᠡᠯ᠎ᠡ ᠡ᠊ᠨᠳᠡ ᠵᠣᠭᠰᠣᠵᠤ᠂ ᠡᠷᠬᠢᠮ ᠳᠣᠣᠷᠠᠳᠤᠰ ᠪᠦᠬᠦᠨ ᠳᠦ ᠭᠡᠷᠡᠴᠢᠯᠡᠭᠰᠡᠭᠡᠷ ᠪᠠᠢᠨ᠎ᠠ᠃ ᠡᠰᠢ ᠦᠵᠡᠭᠦᠯᠦᠭᠴᠢᠳ ᠪᠣᠯᠣᠨ ᠮᠣᠰᠧ ᠶᠢᠨ ᠦᠭᠡᠰ ᠵᠠᠪᠠᠯ ᠪᠡᠶᠡᠯᠡᠨ᠎ᠡ ᠭᠡᠰᠡᠨ ᠡᠴᠡ ᠥᠭᠡᠷ᠎ᠡ ᠶᠠᠭᠤᠮ᠎ᠠ ᠶᠢ ᠪᠢ ᠶᠠᠷᠢᠭᠰᠠᠨ ᠦᠭᠡᠢ᠃ 23 ᠥᠭᠡᠷ᠎ᠡ ᠪᠡᠷ ᠬᠡᠯᠡᠪᠡᠯ᠂ ᠾᠷᠢᠰᠲ᠋ᠣᠰ ᠵᠣᠪᠠᠯᠠᠩ ᠠᠮᠰᠠᠵᠤ᠂ ᠦᠬᠦᠭᠰᠡᠳ ᠦᠨ ᠳᠤᠮᠳᠠ ᠠᠴᠠ ᠠᠩᠬ᠎ᠠ ᠠᠮᠢᠯᠠᠭᠠᠳ ᠡᠨᠡ ᠠᠷᠠᠳ ᠲᠦᠮᠡᠨ ᠪᠠ ᠬᠠᠷᠢᠴᠤᠳ ᠲᠤ ᠭᠡᠷᠡᠯ ᠢ ᠲᠤᠩ᠋ᠬᠠᠭᠯᠠᠨ᠎ᠠ ᠭᠡᠰᠡᠨ》 ᠭᠡᠯ᠎ᠡ᠃

24 ᠫᠠᠦ᠋ᠯ ᠥᠪᠡᠷ ᠢ ᠪᠠᠨ ᠡᠢᠨ ᠬᠦ ᠥᠮᠥᠭᠯᠡᠭᠰᠡᠨ ᠳᠦ᠂ ᠹᠧᠰᠲ ᠴᠢᠩᠭ᠍᠎ᠠ ᠳᠠᠭᠤᠨ ᠢᠶᠠᠷ᠄ 《ᠫᠠᠦ᠋ᠯ ᠡ᠂ ᠴᠢ ᠰᠣᠯᠢᠶᠠᠷᠠᠴᠢᠬᠠᠵᠠᠢ᠃ ᠶᠡᠬᠡ ᠡᠷᠳᠡᠮ ᠨᠣᠮ ᠴᠢᠨᠢ ᠴᠢᠮ᠎ᠠ ᠶᠢ ᠰᠣᠯᠢᠶᠠᠷᠠᠭᠤᠯᠤᠭᠰᠠᠨ ᠶᠤᠮ ᠪᠠᠢᠨ᠎ᠠ》 ᠭᠡᠬᠦ ᠳᠦ᠂ 25 ᠫᠠᠦ᠋ᠯ᠄ 《ᠪᠢ ᠰᠣᠯᠢᠶᠠᠷᠠᠭᠰᠠᠨ ᠪᠢᠰᠢ᠂ ᠬᠦᠨᠳᠦᠲᠦ ᠹᠧᠰᠲ ᠡ︕ ᠬᠠᠷᠢᠨ ᠦᠨᠡᠨ ᠦᠭᠡ ᠶᠢ ᠡᠷᠡᠭᠦᠯ ᠤᠬᠠᠭᠠᠨ ᠢᠶᠠᠷ ᠬᠡᠯᠡᠵᠦ ᠪᠠᠢᠨ᠎ᠠ᠃ 26 ᠬᠠᠨ ᠴᠤ ᠡᠳᠡᠭᠡᠷ ᠢ ᠮᠡᠳᠡᠳᠡᠭ ᠲᠤᠯᠠ ᠪᠢ ᠰᠢᠭᠤᠳ ᠶᠠᠷᠢᠵᠤ ᠪᠤᠢ᠃ ᠡᠳᠡᠭᠡᠷ ᠨᠢ ᠬᠥᠮᠦᠨ ᠡᠴᠡ ᠳᠠᠯᠳᠠ ᠦᠢᠯᠡᠳᠦᠭᠳᠡᠭᠰᠡᠨ ᠪᠢᠰᠢ ᠪᠣᠯᠬᠣᠷ ᠠᠯᠢ ᠨᠢ ᠴᠤ ᠲᠡᠭᠦᠨ ᠦ ᠠᠩ᠋ᠬᠠᠷᠤᠯ ᠠᠴᠠ ᠪᠤᠯᠲᠠᠭ᠎ᠠ ᠦᠭᠡᠢ ᠭᠡᠳᠡᠭ ᠲᠦ ᠪᠢ ᠢᠲᠡᠭᠡᠵᠦ ᠪᠠᠢᠨ᠎ᠠ᠃ 27 ᠠᠭᠷᠢᠫᠠ ᠬᠠᠨ ᠡ᠂ ᠲᠠ ᠡᠰᠢ ᠦᠵᠡᠭᠦᠯᠦᠭᠴᠢᠳ ᠲᠤ ᠢᠲᠡᠭᠡᠳᠡᠭ ᠤᠤ︖ ᠢᠲᠡᠭᠡᠳᠡᠭ ᠢ ᠴᠢᠨᠢ ᠪᠢ ᠮᠡᠳᠡᠨ᠎ᠡ》 ᠭᠡᠰᠡᠨ ᠳᠦ᠂ 28 ᠠᠭᠷᠢᠫᠠ ᠫᠠᠦ᠋ᠯ ᠳᠤ᠄ 《ᠤᠳᠠᠬᠤ ᠦᠭᠡᠢ ᠴᠢ ᠨᠠᠮᠠᠶᠢ ᠾᠷᠢᠰᠲ᠋ᠣᠰᠲᠠᠨ ᠪᠣᠯᠭᠠᠬᠤ ᠪᠠᠷ ᠢᠳᠬᠠᠬᠤ ᠨᠢ ᠡ》 ᠭᠡᠵᠡᠢ᠃ 29 ᠫᠠᠦ᠋ᠯ᠄ 《ᠤᠳᠠᠭᠰᠠᠨ ᠴᠤ᠂ ᠤᠳᠠᠭᠰᠠᠨ ᠦᠭᠡᠢ ᠴᠤ᠂ ᠵᠥᠪᠬᠡᠨ ᠲᠠ ᠪᠢᠰᠢ᠂ ᠬᠠᠷᠢᠨ ᠮᠢᠨᠦ ᠦᠭᠡ ᠶᠢ ᠰᠣᠨᠣᠰᠣᠭᠰᠠᠨ ᠪᠦᠬᠦᠨ ᠡᠨᠡ ᠬᠦᠯᠢᠶᠡᠰᠦ ᠡᠴᠡ ᠥᠭᠡᠷ᠎ᠡ ᠲᠠᠯ᠎ᠠ ᠪᠠᠷ ᠨᠠᠳᠠ ᠲᠠᠢ ᠠᠳᠠᠯᠢ ᠪᠣᠯᠣᠭᠠᠰᠠᠢ ᠭᠡᠵᠦ ᠪᠢ ᠪᠤᠷᠬᠠᠨ ᠠᠴᠠ ᠭᠤᠶᠤᠶ᠎ᠠ》 ᠭᠡᠪᠡ᠃

30 ᠢᠩᠭᠢᠬᠦ ᠳᠦ ᠬᠠᠨ᠂ ᠵᠠᠬᠢᠷᠤᠭᠴᠢ᠂ ᠪᠧᠷᠨᠢᠺᠧ ᠪᠠ ᠲᠡᠳᠡᠨ ᠲᠡᠢ ᠬᠠᠮᠲᠤ ᠰᠠᠭᠤᠭᠴᠢᠳ ᠪᠣᠰᠴᠠᠭᠠᠵᠤ 31 ᠵᠠᠢᠯᠠᠵᠤ ᠶᠠᠪᠤᠭᠠᠳ᠄ 《ᠡᠨᠡ ᠬᠥᠮᠦᠨ ᠠᠯᠠᠭᠳᠠᠬᠤ ᠪᠤᠶᠤ ᠬᠣᠷᠢᠭᠳᠠᠬᠤ ᠬᠡᠷᠡᠭ ᠬᠢᠭᠰᠡᠨ ᠦᠭᠡᠢ ᠶᠤᠮ ᠪᠠᠢᠨ᠎ᠠ》 ᠬᠡᠮᠡᠨ ᠥᠪᠡᠷ ᠬᠣᠭᠣᠷᠣᠨᠳᠣ ᠪᠠᠨ ᠶᠠᠷᠢᠯᠴᠠᠵᠠᠢ᠃ 32 ᠠᠭᠷᠢᠫᠠ ᠹᠧᠰᠲ ᠲᠤ᠄ 《ᠡᠨᠡ ᠬᠥᠮᠦᠨ ᠺᠠᠶᠧᠰᠠᠷ ᠲᠤ ᠵᠠᠭᠠᠯᠳᠤᠭ᠎ᠠ ᠦᠭᠡᠢ ᠪᠣᠯ ᠰᠤᠯᠠᠯᠠᠭᠳᠠᠵᠤ ᠪᠣᠯᠬᠤ ᠯᠠ ᠪᠠᠢᠵᠠᠢ》 ᠭᠡᠪᠡ᠃