ᠦᠢᠯᠡᠰ ᠭᠤᠷᠪᠠ
ᠰᠠᠭᠤᠩᠭᠢ ᠬᠥᠮᠦᠨ ᠢ ᠡᠳᠡᠭᠡᠭᠡᠪᠡ
1 ᠳᠠᠭᠠᠳᠬᠠᠯ ᠤᠨ ᠴᠠᠭ ᠪᠣᠯᠬᠤ ᠦᠳᠡ ᠶᠢᠨ ᠬᠣᠢᠨ᠎ᠠ ᠶᠢᠨ ᠭᠤᠷᠪᠠᠨ ᠴᠠᠭ ᠤᠨ ᠦᠶ᠎ᠡ ᠪᠡᠷ ᠫᠧᠲ᠋ᠧᠷ᠂ ᠶᠣᠬᠠᠨ ᠬᠣᠶᠠᠭᠤᠯᠠ ᠠᠷᠢᠭᠤᠨ ᠣᠷᠳᠣᠨ ᠥᠭᠡᠳᠡ ᠶᠠᠪᠤᠵᠤ ᠪᠠᠢᠲᠠᠯ᠎ᠠ᠂ 2 ᠬᠥᠮᠦᠰ ᠲᠥᠷᠥᠯᠬᠢ ᠲᠠᠮᠪᠠ ᠨᠢᠭᠡ ᠬᠥᠮᠦᠨ ᠢ ᠡᠭᠦᠷᠴᠦ ᠢᠷᠡᠵᠡᠢ᠃ ᠲᠡᠭᠦᠨ ᠢ ᠡᠳᠦᠷ ᠪᠦᠷᠢ ᠠᠷᠢᠭᠤᠨ ᠣᠷᠳᠣᠨ ᠤ ᠦᠵᠡᠰᠬᠦᠯᠡᠩᠲᠦ ᠬᠡᠮᠡᠬᠦ ᠬᠠᠭᠠᠯᠭᠠᠨ ᠤ ᠳᠡᠷᠭᠡᠳᠡ ᠰᠠᠭᠤᠯᠭᠠᠬᠤ ᠳᠤ᠂ ᠲᠡᠷᠡ ᠠᠷᠢᠭᠤᠨ ᠣᠷᠳᠣᠨ ᠳᠤ ᠣᠷᠣᠬᠤ ᠬᠥᠮᠦᠰ ᠡᠴᠡ ᠭᠤᠶᠤᠯᠭ᠎ᠠ ᠭᠤᠶᠤᠳᠠᠭ ᠪᠠᠢᠯ᠎ᠠ᠃ 3 ᠲᠡᠷᠡ ᠫᠧᠲ᠋ᠧᠷ᠂ ᠶᠣᠬᠠᠨ ᠬᠣᠶᠠᠷ ᠤᠨ ᠠᠷᠢᠭᠤᠨ ᠣᠷᠳᠣᠨ ᠳᠤ ᠣᠷᠣᠬᠤ ᠭᠡᠵᠦ ᠪᠠᠢᠭ᠎ᠠ ᠶᠢ ᠦᠵᠡᠭᠡᠳ ᠭᠤᠶᠤᠯᠭ᠎ᠠ ᠭᠤᠶᠤᠭᠰᠠᠨ ᠳᠤ᠂ 4 ᠫᠧᠲ᠋ᠧᠷ᠂ ᠶᠣᠬᠠᠨ ᠬᠣᠶᠠᠷ ᠲᠡᠭᠦᠨ ᠢ ᠰᠢᠷᠲᠡᠨ ᠬᠠᠷᠠᠯ᠎ᠠ᠃ ᠫᠧᠲ᠋ᠧᠷ᠄ 《ᠨᠠᠰᠢ ᠪᠠᠨ ᠬᠠᠷ᠎ᠠ》 ᠭᠡᠬᠦ ᠳᠦ᠂ 5 ᠲᠡᠷᠡ ᠬᠥᠮᠦᠨ ᠲᠡᠳᠡᠨ ᠡᠴᠡ ᠶᠠᠮᠠᠷ ᠨᠢᠭᠡᠨ ᠶᠠᠭᠤᠮ᠎ᠠ ᠣᠯᠬᠤ ᠶᠢ ᠰᠠᠨᠠᠵᠤ᠂ ᠭᠣᠷᠢᠯᠠᠨ ᠬᠠᠷᠠᠵᠤ ᠪᠠᠢᠯ᠎ᠠ᠃ 6 ᠫᠧᠲ᠋ᠧᠷ᠄ 《ᠠᠯᠲᠠ ᠮᠥᠩᠭᠥ ᠨᠠᠳᠠ ᠳᠤ ᠪᠠᠢᠬᠤ ᠦᠭᠡᠢ ᠪᠣᠯᠪᠠᠴᠤ ᠪᠠᠢᠭ᠎ᠠ ᠶᠠᠭᠤᠮ᠎ᠠ ᠪᠠᠨ ᠴᠢᠮ᠎ᠠ ᠳᠤ ᠥᠭᠭᠥᠶ᠎ᠡ᠃ ᠨᠠᠽᠠᠷᠧᠲ ᠤᠨ ᠢᠰᠦ᠋ᠰ ᠾᠷᠢᠰᠲ᠋ᠣᠰ ᠤᠨ ᠨᠡᠷ᠎ᠡ ᠪᠡᠷ ᠴᠢ ᠠᠯᠬᠤᠭᠲᠤᠨ︕》 ᠭᠡᠳ᠂ 7 ᠪᠠᠷᠠᠭᠤᠨ ᠭᠠᠷ ᠠᠴᠠ ᠨᠢ ᠪᠠᠷᠢᠵᠤ ᠪᠣᠰᠬᠠᠭᠰᠠᠨ ᠳᠤ᠂ ᠲᠡᠭᠦᠨ ᠦ ᠬᠥᠯ ᠪᠠ ᠱᠠᠭ᠎ᠠ ᠲᠡᠷᠡ ᠳᠠᠷᠤᠢ ᠬᠦᠴᠦ ᠣᠷᠣᠵᠤ᠂ 8 ᠦᠰᠦᠷᠦᠨ ᠪᠣᠰᠴᠤ ᠵᠣᠭᠰᠣᠭᠰᠠᠨ ᠢᠶᠠᠨ ᠠᠯᠬᠤᠵᠤ ᠡᠬᠢᠯᠡᠪᠡ᠃ ᠲᠡᠭᠡᠭᠡᠳ ᠲᠡᠷᠡ ᠳᠡᠪᠬᠡᠷᠴᠦ᠂ ᠪᠤᠷᠬᠠᠨ ᠢ ᠮᠠᠭᠲᠠᠨ ᠲᠡᠳᠡᠨ ᠲᠡᠢ ᠬᠠᠮᠲᠤ ᠣᠷᠳᠣᠨ ᠳᠤ ᠣᠷᠣᠯ᠎ᠠ᠃ 9 ᠠᠷᠠᠳ ᠣᠯᠠᠨ ᠪᠦᠭᠦᠳᠡᠭᠡᠷ ᠲᠡᠭᠦᠨ ᠦ ᠠᠯᠬᠤᠨ ᠶᠠᠪᠤᠬᠤ ᠪᠠ ᠪᠤᠷᠬᠠᠨ ᠢ ᠮᠠᠭᠲᠠᠬᠤ ᠶᠢ ᠨᠢ ᠬᠠᠷᠠᠭᠠᠳ 10 ᠠᠷᠢᠭᠤᠨ ᠣᠷᠳᠣᠨ ᠤ ᠦᠵᠡᠰᠬᠦᠯᠡᠩᠲᠦ ᠬᠡᠮᠡᠬᠦ ᠬᠠᠭᠠᠯᠭᠠᠨ ᠤ ᠳᠡᠷᠭᠡᠳᠡ ᠰᠠᠭᠤᠵᠤ ᠭᠤᠶᠤᠯᠭ᠎ᠠ ᠭᠤᠶᠤᠳᠠᠭ ᠬᠥᠮᠦᠨ ᠪᠠᠢᠭᠰᠠᠨ ᠢ ᠲᠠᠨᠢᠵᠤ᠂ ᠲᠣᠬᠢᠶᠠᠯᠳᠤᠭᠰᠠᠨ ᠶᠠᠪᠤᠳᠠᠯ ᠢ ᠨᠢ ᠶᠡᠬᠡᠳᠡ ᠬᠠᠴᠢᠷᠬᠠᠵᠤ ᠭᠠᠢᠬᠠᠪᠠ᠃
11 ᠲᠡᠷᠡ ᠡᠳᠡᠭᠡᠷᠡᠭᠰᠡᠨ ᠬᠥᠮᠦᠨ ᠰᠣᠯᠣᠮᠣᠨ ᠤ ᠬᠣᠩᠭᠢᠯ ᠭᠡᠭᠳᠡᠳᠡᠭ ᠭᠠᠵᠠᠷ ᠫᠧᠲ᠋ᠧᠷ᠂ ᠶᠣᠬᠠᠨ ᠬᠣᠶᠠᠷ ᠢ ᠰᠠᠯᠤᠯ ᠦᠭᠡᠢ ᠳᠠᠭᠠᠵᠤ ᠪᠠᠢᠬᠤ ᠳᠤ᠂ ᠭᠠᠢᠬᠠᠭᠰᠠᠨ ᠪᠦᠬᠦ ᠠᠷᠠᠳ ᠭᠦᠶᠦᠯᠳᠦᠨ ᠣᠴᠢᠯ᠎ᠠ᠃ 12 ᠫᠧᠲ᠋ᠧᠷ ᠡᠭᠦᠨ ᠢ ᠬᠠᠷᠠᠭᠠᠳ᠂ ᠠᠷᠠᠳ ᠣᠯᠠᠨ ᠳᠤ᠄ 《ᠢᠰᠷᠧᠯᠴᠦᠳ ᠡ᠂ ᠶᠠᠭᠤᠨ ᠳᠤ ᠡᠭᠦᠨ ᠢ ᠭᠠᠢᠬᠠᠨ᠎ᠠ ᠪᠤᠢ︖ ᠶᠠᠭᠤᠨ ᠳᠤ ᠪᠢᠳᠡᠨ ᠢ ᠰᠢᠷᠲᠡᠨ᠎ᠡ ᠪᠤᠢ︖ ᠪᠢᠳᠡᠨ ᠢ ᠥᠪᠡᠷᠰᠡᠳ ᠦᠨ ᠢᠶᠠᠨ ᠴᠢᠳᠠᠯ ᠪᠠ ᠰᠦᠰᠦᠭ ᠢᠶᠡᠷ ᠡᠨᠡ ᠬᠥᠮᠦᠨ ᠢ ᠠᠯᠬᠤᠭᠤᠯᠤᠭᠰᠠᠨ ᠭᠡᠵᠦ ᠪᠣᠳᠣᠭ᠎ᠠ ᠤᠤ︖ 13 ᠠᠪᠷᠠᠬᠠᠮ᠂ ᠢᠰᠠᠺ᠂ ᠶᠠᠺᠣᠪ ᠤᠨ ᠪᠤᠷᠬᠠᠨ᠂ ᠪᠢᠳᠡᠨ ᠦ ᠳᠡᠭᠡᠳᠦᠰ ᠦᠨ ᠪᠤᠷᠬᠠᠨ ᠥᠪᠡᠷ ᠦᠨ ᠵᠠᠷᠤᠴᠠ ᠢᠰᠦ᠋ᠰ ᠢ ᠠᠯᠳᠠᠷᠰᠢᠭᠤᠯᠤᠭᠰᠠᠨ ᠶᠤᠮ᠃ ᠲᠠ ᠨᠠᠷ ᠲᠡᠭᠦᠨ ᠢ ᠫᠢᠯᠠᠲ ᠲᠤ ᠲᠤᠰᠢᠶᠠᠵᠤ ᠥᠭᠭᠥᠭᠰᠡᠨ᠃ ᠫᠢᠯᠠᠲ ᠲᠡᠭᠦᠨ ᠢ ᠰᠤᠯᠠᠯᠠᠬᠤ ᠪᠠᠷ ᠰᠢᠢᠳᠦᠭᠰᠡᠨ ᠠᠲᠠᠯ᠎ᠠ᠂ ᠲᠠ ᠨᠠᠷ ᠫᠢᠯᠠᠲ ᠤᠨ ᠡᠮᠦᠨ᠎ᠡ ᠲᠡᠭᠦᠨ ᠢ ᠦᠭᠡᠶᠢᠰᠬᠡᠭᠰᠡᠨ᠂ 14 ᠲᠠ ᠨᠠᠷ ᠠᠷᠢᠭᠤᠨ᠂ ᠵᠥᠪᠲᠦ ᠨᠢᠭᠡᠨ ᠢ ᠦᠭᠡᠶᠢᠰᠬᠡᠵᠦ ᠶᠠᠷᠭᠠᠴᠢᠨ ᠢ ᠥᠷᠥᠰᠢᠶᠡᠬᠦ ᠶᠢ ᠭᠤᠶᠤᠭᠠᠳ 15 ᠠᠮᠢ ᠶᠢᠨ ᠡᠭᠦᠳᠦᠭᠴᠢ ᠶᠢ ᠠᠯᠠᠭᠰᠠᠨ ᠪᠢᠯᠡ᠃ ᠬᠠᠷᠢᠨ ᠪᠤᠷᠬᠠᠨ ᠲᠡᠭᠦᠨ ᠢ ᠦᠬᠦᠭᠰᠡᠳ ᠦᠨ ᠳᠤᠮᠳᠠ ᠠᠴᠠ ᠠᠮᠢᠯᠠᠭᠤᠯᠵᠠᠢ᠃ ᠪᠢᠳᠡ ᠨᠠᠷ ᠲᠡᠭᠦᠨ ᠦ ᠭᠡᠷᠡᠴᠢ ᠶᠤᠮ᠃ 16 ᠲᠠ ᠨᠠᠷ ᠤᠨ ᠣᠳᠣ ᠦᠵᠡᠵᠦ ᠪᠠᠢᠭ᠎ᠠ ᠲᠠᠨᠢᠯ ᠬᠥᠮᠦᠨ ᠴᠢᠨᠢ ᠢᠰᠦ᠋ᠰ ᠤᠨ ᠨᠡᠷ᠎ᠡ ᠳᠦ ᠢᠲᠡᠭᠡᠭᠰᠡᠨ ᠪᠥᠭᠡᠳ ᠢᠰᠦ᠋ᠰ ᠤᠨ ᠨᠡᠷ᠎ᠡ ᠲᠡᠭᠦᠨ ᠢ ᠡᠳᠡᠭᠡᠭᠡᠭᠰᠡᠨ ᠶᠤᠮ᠃ ᠲᠡᠢᠮᠦ ᠡ᠂ ᠲᠠ ᠪᠦᠭᠦᠳᠡ ᠶᠢᠨ ᠦᠵᠡᠭᠰᠡᠨ ᠲᠡᠢ ᠠᠳᠠᠯᠢ ᠪᠠᠷ ᠢᠰᠦ᠋ᠰ ᠢᠶᠠᠷ ᠳᠠᠮᠵᠢᠨ ᠢᠷᠡᠭᠰᠡᠨ ᠢᠲᠡᠭᠡᠯ ᠡᠨᠡ ᠬᠥᠮᠦᠨ ᠳᠦ ᠡᠳᠡᠭᠡᠷᠡᠯ ᠢ ᠥᠭᠴᠡᠢ᠃
17 ᠠᠬ᠎ᠠ ᠳᠡᠭᠦᠦ ᠨᠠᠷ ᠡ︕ ᠪᠢ ᠡᠭᠦᠨ ᠢ ᠮᠡᠳᠡᠨ᠎ᠡ᠃ ᠲᠠ ᠨᠠᠷ ᠴᠤ᠂ ᠨᠣᠶᠠᠳ ᠴᠢᠨᠢ ᠴᠤ ᠮᠡᠳᠡᠭᠰᠡᠨ ᠦᠭᠡᠢ ᠪᠠᠷ ᠢᠩᠭᠢᠵᠦ ᠦᠢᠯᠡᠳᠦᠭᠰᠡᠨ᠂ 18 ᠬᠠᠷᠢᠨ ᠪᠤᠷᠬᠠᠨ ᠾᠷᠢᠰᠲ᠋ᠣᠰ ᠤᠨ ᠢᠶᠠᠨ ᠵᠣᠪᠠᠯᠠᠩ ᠠᠮᠰᠠᠬᠤ ᠶᠢ ᠪᠦᠬᠦ ᠡᠰᠢ ᠦᠵᠡᠭᠦᠯᠦᠭᠴᠢ ᠶᠢᠨ ᠠᠮᠠ ᠪᠠᠷ ᠤᠷᠢᠳᠴᠢᠯᠠᠨ ᠲᠤᠩ᠋ᠬᠠᠯᠠᠭᠰᠠᠨ ᠢᠶᠠᠨ ᠢᠩᠭᠢᠵᠦ ᠪᠡᠶᠡᠯᠡᠭᠦᠯᠦᠭᠰᠡᠨ ᠪᠠᠢᠨ᠎ᠠ᠃ 19 ᠲᠠ ᠨᠠᠷ ᠣᠳᠣ ᠭᠡᠮᠰᠢᠵᠦ᠂ ᠪᠤᠷᠬᠠᠨ ᠤᠷᠤᠭᠤ ᠡᠷᠭᠢᠭᠡᠳ ᠭᠡᠮ ᠨᠢᠭᠦᠯ ᠢᠶᠡᠨ ᠤᠬᠢᠶᠠᠯᠭ᠎ᠠ᠃ 20 ᠢᠩᠭᠢᠪᠡᠯ ᠰᠢᠨᠡᠴᠢᠯᠡᠭᠳᠡᠬᠦ ᠴᠠᠭ ᠡᠵᠡᠨ ᠦ ᠲᠡᠨᠳᠡ ᠡᠴᠡ ᠢᠷᠡᠵᠦ᠂ ᠡᠵᠡᠨ ᠲᠠ ᠨᠠᠷ ᠤᠨ ᠲᠥᠯᠥᠭᠡ ᠲᠣᠮᠢᠯᠠᠭᠰᠠᠨ ᠾᠷᠢᠰᠲ᠋ᠣᠰ ᠢᠰᠦ᠋ᠰ ᠢᠶᠠᠨ ᠢᠯᠡᠭᠡᠨ᠎ᠡ᠃ 21 ᠭᠡᠬᠦ ᠳᠡᠭᠡᠨ ᠪᠤᠷᠬᠠᠨ ᠤ ᠬᠡᠴᠢᠨᠡᠨ ᠵᠢᠯ ᠤᠨ ᠡᠮᠦᠨ᠎ᠡ ᠡᠴᠡ ᠡᠬᠢᠯᠡᠨ ᠠᠷᠢᠭᠤᠨ ᠡᠰᠢ ᠦᠵᠡᠭᠦᠯᠦᠭᠴᠢᠳ ᠤᠨ ᠢᠶᠠᠨ ᠠᠮᠠ ᠪᠠᠷ ᠶᠠᠷᠢᠭᠰᠠᠨᠴᠢᠯᠠᠨ ᠠᠯᠢᠪᠠ ᠶᠢ ᠰᠡᠷᠭᠦᠭᠡᠬᠦ ᠪᠣᠯᠲᠠᠯ᠎ᠠ ᠢᠰᠦ᠋ᠰ ᠲᠩᠷᠢ ᠳᠤ ᠪᠠᠢᠬᠤ ᠶᠣᠰᠣᠲᠠᠢ᠃ 22 ᠮᠣᠰᠧ ᠬᠡᠯᠡᠬᠦ ᠳᠡᠭᠡᠨ᠄ 〈ᠡᠵᠡᠨ ᠪᠤᠷᠬᠠᠨ ᠲᠠ ᠨᠠᠷ ᠤᠨ ᠲᠥᠯᠥᠭᠡ ᠨᠠᠳᠠ ᠰᠢᠭ᠋ ᠡᠰᠢ ᠦᠵᠡᠭᠦᠯᠦᠭᠴᠢ ᠶᠢ ᠠᠬ᠎ᠠ ᠳᠡᠭᠦᠦᠰ ᠦᠨ ᠴᠢᠨᠢ ᠳᠤᠮᠳᠠ ᠠᠴᠠ ᠪᠣᠰᠬᠠᠨ᠎ᠠ᠃ ᠲᠡᠭᠦᠨ ᠦ ᠬᠡᠯᠡᠬᠦ ᠪᠦᠬᠦᠨ ᠢ ᠲᠠ ᠨᠠᠷ ᠰᠣᠨᠣᠰᠬᠤ ᠤᠴᠢᠷᠲᠠᠢ᠃ 23 ᠡᠨᠡ ᠡᠰᠢ ᠦᠵᠡᠭᠦᠯᠦᠭᠴᠢ ᠶᠢᠨ ᠦᠭᠡ ᠶᠢ ᠰᠣᠨᠣᠰᠬᠤ ᠦᠭᠡᠢ ᠬᠥᠮᠦᠨ ᠪᠦᠷᠢ ᠠᠷᠠᠳ ᠲᠦᠮᠡᠨ ᠦ ᠪᠠᠨ ᠳᠤᠮᠳᠠ ᠠᠴᠠ ᠲᠠᠰᠤᠯᠤᠭᠳᠠᠬᠤ ᠪᠣᠯᠣᠨ᠎ᠠ〉 ᠭᠡᠵᠡᠢ᠃ 24 ᠮᠥᠨ ᠰᠠᠮᠦ᠋ᠶᠧᠯ ᠡᠴᠡ ᠠᠪᠤᠭᠠᠳ ᠲᠡᠭᠦᠨ ᠡᠴᠡ ᠬᠣᠢᠰᠢᠬᠢ ᠡᠰᠢ ᠦᠵᠡᠭᠦᠯᠦᠭᠴᠢᠳ ᠪᠦᠭᠦᠳᠡᠭᠡᠷ ᠡᠨᠡ ᠦᠶ᠎ᠡ ᠶᠢ ᠤᠷᠢᠳᠴᠢᠯᠠᠨ ᠲᠤᠩ᠋ᠬᠠᠭᠯᠠᠭᠰᠠᠨ ᠶᠤᠮ᠃ 25 ᠲᠠ ᠨᠠᠷ ᠪᠣᠯ ᠡᠰᠢ ᠦᠵᠡᠭᠦᠯᠦᠭᠴᠢᠳ ᠤᠨ ᠦᠷ᠎ᠡ ᠬᠡᠦᠬᠡᠳ᠂ ᠪᠤᠷᠬᠠᠨ ᠤ ᠲᠠ ᠨᠠᠷ ᠤᠨ ᠳᠡᠭᠡᠳᠦᠰ ᠯᠦᠭᠡ ᠲᠠᠯᠪᠢᠭᠰᠠᠨ ᠭᠡᠷ᠎ᠡ ᠶᠢᠨ ᠦᠷ᠎ᠡ ᠬᠡᠦᠬᠡᠳ ᠮᠥᠨ᠃ ᠪᠤᠷᠬᠠᠨ ᠠᠪᠷᠠᠬᠠᠮ ᠳᠤ᠄ 〈ᠴᠢᠨᠦ ᠦᠷ᠎ᠡ ᠤᠳᠤᠮ ᠢᠶᠠᠷ ᠳᠠᠮᠵᠢᠨ ᠭᠠᠵᠠᠷ ᠤᠨ ᠪᠦᠬᠦ ᠦᠨᠳᠦᠰᠦᠲᠡᠨ ᠢᠪᠡᠭᠡᠭᠳᠡᠨ᠎ᠡ〉 ᠬᠡᠮᠡᠭᠰᠡᠨ ᠪᠠᠢᠳᠠᠭ᠃ 26 ᠪᠤᠷᠬᠠᠨ ᠬᠥᠮᠦᠨ ᠨᠢᠭᠡ ᠪᠦᠷᠢ ᠶᠢ ᠴᠢᠨᠢ ᠮᠠᠭᠤ ᠵᠠᠮ ᠠᠴᠠ ᠡᠷᠭᠢᠭᠦᠯᠵᠦ ᠲᠠ ᠨᠠᠷ ᠢ ᠢᠷᠥᠭᠡᠬᠦ ᠶᠢᠨ ᠲᠥᠯᠥᠭᠡ᠂ ᠥᠪᠡᠷ ᠦᠨ ᠢᠶᠠᠨ ᠵᠠᠷᠤᠴᠠ ᠢᠰᠦ᠋ᠰ ᠢ ᠡᠷᠭᠦᠵᠦ᠂ ᠡᠩ ᠲᠡᠷᠢᠭᠦᠨ ᠳᠦ ᠲᠠ ᠨᠠᠷ ᠲᠤ ᠢᠯᠡᠭᠡᠭᠰᠡᠨ》 ᠭᠡᠪᠡ᠃