1 2 3 4 5 6 7 8 9 10 11 12 13 14 15 16 17 18 19 20 21 22 23 24 25 26 27 28


ᠦᠢᠯᠡᠰ ᠠᠷᠪᠠᠨ ᠵᠢᠷᠭᠤᠭ᠎ᠠ
 ᠦᠵᠡᠭᠳᠡᠯ ᠡᠴᠡ ᠪᠣᠯᠵᠤ ᠴᠢᠭᠯᠡᠯ ᠢᠶᠡᠨ ᠥᠭᠡᠷᠡᠴᠢᠯᠡᠭᠰᠡᠨ ᠨᠢ

1 ᠫᠠᠦ᠋ᠯ ᠳ᠋ᠧᠷᠪᠧ ᠪᠣᠯᠣᠨ ᠯᠦᠰᠲ᠋ᠷᠠ ᠳᠤ ᠬᠦᠷᠪᠡ᠃ ᠲᠡᠨᠳᠡ ᠲᠢᠮᠣᠲ ᠭᠡᠳᠡᠭ ᠱᠠᠪᠢ ᠪᠠᠢᠪᠠ᠃ ᠡᠵᠢ ᠨᠢ ᠢᠲᠡᠭᠡᠭᠴᠢ ᠶᠦᠳᠠᠢ ᠬᠥᠮᠦᠨ᠂ ᠠᠪᠤ ᠨᠢ ᠭᠷᠧᠭ ᠬᠥᠮᠦᠨ ᠪᠠᠢᠵᠠᠢ᠃ 2 ᠲᠢᠮᠣᠲ ᠯᠦᠰᠲ᠋ᠷᠠ ᠪᠣᠯᠣᠨ ᠢᠺᠣᠨᠢᠶᠣᠨ ᠳᠠᠬᠢ ᠠᠬ᠎ᠠ ᠳᠡᠭᠦᠦ ᠨᠠᠷ ᠲᠡᠭᠡᠨ ᠨᠡᠷ᠎ᠡ ᠬᠦᠨᠳᠦ ᠰᠠᠢᠲᠠᠢ ᠪᠠᠢᠪᠠ᠃ 3 ᠫᠠᠦ᠋ᠯ ᠲᠡᠭᠦᠨ ᠲᠡᠢ ᠬᠠᠮᠲᠤ ᠶᠠᠪᠤᠬᠤ ᠶᠢ ᠬᠦᠰᠡᠪᠡ᠃ ᠭᠡᠬᠦ ᠳᠦ ᠲᠢᠮᠣᠲ ᠤᠨ ᠡᠴᠢᠭᠡ ᠭᠷᠧᠭ ᠬᠥᠮᠦᠨ ᠪᠠᠢᠭᠰᠠᠨ ᠢ ᠨᠤᠲᠤᠭ ᠤᠨ ᠶᠦᠳᠠᠢᠴᠤᠳ ᠴᠥᠮ ᠮᠡᠳᠡᠳᠡᠭ ᠲᠤᠯᠠ ᠫᠠᠦ᠋ᠯ ᠲᠡᠭᠦᠨ ᠦ ᠬᠥᠪᠴᠢᠷᠬᠡᠢ ᠶᠢ ᠬᠥᠨᠳᠡᠵᠦ ᠥᠭᠴᠡᠢ᠃ 4 ᠫᠠᠦ᠋ᠯ ᠨᠠᠷ ᠲᠣᠰᠬᠣᠨ ᠨᠤᠭᠤᠳ ᠢᠶᠠᠷ ᠵᠣᠷᠴᠢᠬᠤ ᠳᠠᠭᠠᠨ ᠶᠧᠷᠦ᠋ᠰᠠᠯᠧᠮ ᠳᠤ ᠪᠠᠢᠭ᠎ᠠ ᠰᠢᠳᠠᠷ ᠱᠠᠪᠢ ᠪᠠ ᠠᠬᠠᠯᠠᠭᠴᠢᠳ ᠤᠨ ᠭᠠᠷᠭᠠᠭᠰᠠᠨ ᠰᠢᠢᠳᠪᠦᠷᠢ ᠶᠢ ᠬᠥᠮᠦᠰ ᠲᠦ ᠤᠯᠠᠮᠵᠢᠯᠠᠵᠤ ᠰᠠᠬᠢᠭᠤᠯᠪᠠ᠃ 5 ᠲᠡᠢᠨ ᠬᠦ ᠴᠢᠭᠤᠯᠭᠠᠨ ᠨᠤᠭᠤᠳ ᠢᠲᠡᠭᠡᠯ ᠢᠶᠡᠷ ᠪᠡᠬᠢᠵᠢᠵᠦ᠂ ᠲᠣᠭ᠎ᠠ ᠪᠠᠷ ᠡᠳᠦᠷ ᠪᠦᠷᠢ ᠨᠡᠮᠡᠭᠳᠡᠭᠰᠡᠭᠡᠷ ᠪᠠᠢᠵᠠᠢ᠃

6 ᠠᠽᠢᠶ᠎ᠠ ᠮᠤᠵᠢ ᠳᠤ ᠰᠤᠷᠭᠠᠯ ᠤᠯᠠᠮᠵᠢᠯᠠᠬᠤ ᠶᠢ ᠨᠢ ᠠᠷᠢᠭᠤᠨ ᠰᠦᠨᠡᠰᠦ ᠪᠣᠯᠢᠭᠤᠯᠤᠭᠰᠠᠨ ᠪᠣᠯᠬᠣᠷ ᠲᠡᠳᠡ ᠹᠷᠦ᠋ᠭᠢᠶ᠎ᠠ᠂ ᠭᠠᠯᠠᠲ᠋ᠢᠶ᠎ᠠ ᠨᠤᠲᠤᠭ ᠢᠶᠠᠷ ᠳᠠᠭᠠᠷᠢᠨ ᠭᠠᠷᠴᠤ᠂ 7 ᠮᠦᠰᠢᠶ᠎ᠠ ᠶᠢᠨ ᠬᠢᠯᠢ ᠬᠦᠷᠦᠭᠡᠳ ᠪᠢᠲ᠋ᠦ᠋ᠨᠢᠶ᠎ᠠ ᠣᠷᠣᠬᠤ ᠶᠢ ᠵᠠᠪᠳᠤᠭᠰᠠᠨ ᠪᠣᠯᠪᠠᠴᠤ ᠢᠰᠦ᠋ᠰ ᠤᠨ ᠰᠦᠨᠡᠰᠦ ᠵᠥᠪᠰᠢᠶᠡᠷᠡᠭᠰᠡᠨ ᠦᠭᠡᠢ᠃ 8 ᠡᠢᠮᠦ ᠡᠴᠡ ᠲᠡᠳᠡ ᠮᠦᠰᠢᠶ᠎ᠠ ᠪᠠᠷ ᠳᠠᠭᠠᠷᠢᠭᠠᠳ ᠲᠷᠣᠶᠠ ᠳᠤ ᠣᠴᠢᠵᠠᠢ᠃ 9 ᠰᠥᠨᠢ ᠨᠢ ᠫᠠᠦ᠋ᠯ ᠳᠤ ᠦᠵᠡᠭᠳᠡᠯ ᠦᠵᠡᠭᠳᠡᠵᠦ᠂ ᠨᠢᠭᠡᠨ ᠮᠠᠺᠧᠳᠣᠨᠢᠶ᠎ᠠ ᠡᠷ᠎ᠡ ᠵᠣᠭᠰᠣᠭᠠᠳ᠄ 《ᠮᠠᠺᠧᠳᠣᠨᠢᠶ᠎ᠠ ᠤᠷᠤᠭᠤ ᠢᠷᠡᠵᠦ ᠪᠢᠳᠡᠨ ᠳᠦ ᠲᠤᠰᠠᠯᠠᠭᠠᠷᠠᠢ》 ᠭᠡᠵᠦ ᠲᠡᠭᠦᠨ ᠡᠴᠡ ᠭᠤᠶᠤᠵᠤ ᠪᠠᠢᠯ᠎ᠠ᠃ 10 ᠫᠠᠦ᠋ᠯ ᠦᠵᠡᠭᠳᠡᠯ ᠦᠵᠡᠭᠰᠡᠨ ᠦ ᠳᠠᠷᠠᠭ᠎ᠠ᠂ ᠪᠢᠳᠡ ᠳᠣᠣᠷ᠎ᠠ ᠨᠢ ᠮᠠᠺᠧᠳᠣᠨᠢᠶ᠎ᠠ ᠤᠷᠤᠭᠤ ᠶᠠᠪᠤᠬᠤ ᠪᠠᠷ ᠪᠡᠯᠡᠳᠬᠡᠪᠡ᠃ ᠤᠴᠢᠷ ᠨᠢ᠂ ᠪᠤᠷᠬᠠᠨ ᠲᠡᠳᠡᠨ ᠳᠦ ᠪᠠᠶᠠᠷ ᠤᠨ ᠮᠡᠳᠡᠭᠡ ᠳᠡᠯᠭᠡᠷᠡᠭᠦᠯᠬᠦ ᠭᠡᠵᠦ ᠪᠢᠳᠡᠨ ᠢ ᠳᠠᠭᠤᠳᠠᠭᠰᠠᠨ ᠶᠤᠮ ᠪᠠᠢᠨ᠎ᠠ ᠭᠡᠵᠦ ᠪᠢᠳᠡ ᠦᠵᠡᠪᠡ᠃
 ᠧᠦ᠋ᠷᠦᠫᠠ ᠶᠢᠨ ᠠᠩ᠋ᠬᠠᠨ ᠤ ᠢᠲᠡᠭᠡᠭᠴᠢ

11 ᠲᠡᠭᠡᠭᠡᠳ ᠪᠢᠳᠡ ᠣᠩ᠋ᠭᠣᠴᠠ ᠪᠠᠷ ᠲᠷᠣᠶᠠ ᠠᠴᠠ ᠰᠠᠮᠣᠲ᠋ᠷᠠᠺᠧ ᠠᠷᠠᠯ ᠤᠷᠤᠭᠤ ᠰᠢᠭᠤᠳ ᠶᠠᠪᠤᠵᠤ᠂ ᠳᠠᠷᠠᠭ᠎ᠠ ᠡᠳᠦᠷ ᠨᠢ ᠨᠧᠶᠠᠫᠣᠯᠢ ᠪᠠᠷ ᠳᠠᠭᠠᠷᠢᠨ 12 ᠮᠠᠺᠧᠳᠣᠨᠢᠶ᠎ᠠ ᠨᠤᠲᠤᠭ ᠤᠨ ᠲᠡᠷᠢᠭᠦᠨ ᠬᠣᠲᠠ ᠹᠢᠯᠢᠫᠣᠢ ᠳᠤ ᠬᠦᠷᠴᠡᠢ᠃ ᠲᠡᠷᠡ ᠬᠣᠲᠠ ᠪᠣᠯ ᠷᠣᠮᠠ ᠶᠢᠨ ᠺᠣᠯᠣᠨᠢ ᠠᠵᠢ᠃ ᠪᠢᠳᠡ ᠲᠡᠨᠳᠡ ᠬᠡᠳᠦ ᠬᠣᠨᠣᠭᠠᠳ 13 ᠠᠮᠠᠷᠠᠯ ᠤᠨ ᠡᠳᠦᠷ ᠬᠣᠲᠠ ᠶᠢᠨ ᠬᠠᠭᠠᠯᠭ᠎ᠠ ᠪᠠᠷ ᠭᠠᠷᠴᠤ ᠳᠠᠭᠠᠳᠬᠠᠯ ᠤᠨ ᠭᠠᠵᠠᠷ ᠪᠠᠢᠬᠤ ᠪᠣᠯᠪᠠ ᠤᠤ ᠭᠡᠵᠦ ᠪᠣᠳᠣᠭᠠᠳ ᠭᠣᠣᠯ ᠤᠨ ᠬᠥᠪᠡᠭᠡᠨ ᠳᠦ ᠣᠴᠢᠯ᠎ᠠ᠃ ᠲᠡᠨᠳᠡ ᠬᠡᠰᠡᠭ ᠡᠮᠡᠭᠲᠡᠢᠴᠦᠳ ᠴᠤᠭᠯᠠᠭᠰᠠᠨ ᠪᠠᠢᠪᠠ᠃ ᠪᠢᠳᠡ ᠰᠠᠭᠤᠵᠤ ᠲᠡᠳᠡᠨ ᠳᠦ ᠶᠠᠷᠢᠵᠤ ᠡᠬᠢᠯᠡᠯ᠎ᠡ᠃ 14 ᠰᠣᠨᠣᠰᠣᠭᠴᠢᠳ ᠤᠨ ᠳᠤᠮᠳᠠ ᠯᠦᠳᠢᠶ᠎ᠠ ᠭᠡᠳᠡᠭ ᠡᠮᠡᠭᠲᠡᠢ ᠪᠠᠢᠵᠠᠢ᠃ ᠲᠡᠷᠡ ᠪᠣᠯ ᠲᠦᠶᠠᠲ᠋ᠢᠷᠠ ᠬᠣᠲᠠ ᠶᠢᠨ ᠨᠢᠯ ᠶᠠᠭᠠᠨ ᠪᠥᠰ ᠬᠤᠳᠠᠯᠳᠤᠭᠴᠢ ᠪᠥᠭᠡᠳ ᠪᠤᠷᠬᠠᠨ ᠳᠤ ᠰᠦᠰᠦᠭ ᠲᠡᠢ ᠬᠥᠮᠦᠨ ᠪᠠᠢᠪᠠ᠃ ᠡᠵᠡᠨ ᠲᠡᠭᠦᠨ ᠦ ᠰᠡᠳᠬᠢᠯ ᠢ ᠨᠡᠭᠡᠭᠡᠭᠰᠡᠨ ᠳᠦ᠂ ᠲᠡᠷᠡ ᠫᠠᠦ᠋ᠯ ᠤᠨ ᠶᠠᠷᠢᠵᠤ ᠪᠠᠢᠭ᠎ᠠ ᠳᠤ ᠠᠩ᠋ᠬᠠᠷᠤᠯ ᠲᠠᠯᠪᠢᠪᠠ᠃ 15 ᠲᠡᠷᠡ ᠭᠡᠷ ᠪᠦᠯᠢ ᠶᠢᠨ ᠢᠶᠠᠨ ᠬᠠᠮᠲᠤ ᠤᠬᠢᠶᠠᠯ ᠬᠦᠷᠲᠡᠭᠰᠡᠨ ᠪᠠ ᠪᠢᠳᠡᠨ ᠢ ᠤᠷᠢᠵᠤ᠄ 《ᠬᠡᠷᠪᠡ ᠲᠠ ᠨᠠᠷ ᠨᠠᠮᠠᠶᠢ ᠡᠵᠡᠨ ᠳᠦ ᠢᠲᠡᠭᠡᠭᠴᠢ ᠭᠡᠵᠦ ᠦᠵᠡᠪᠡᠯ ᠮᠠᠨ ᠤ ᠭᠡᠷ ᠲᠦ ᠢᠷᠡᠵᠦ ᠰᠠᠭᠤᠭᠠᠷᠠᠢ》 ᠬᠡᠮᠡᠨ ᠱᠠᠯᠠᠭᠰᠠᠭᠠᠷ ᠪᠢᠳᠡᠨ ᠢ ᠭᠡᠷ ᠲᠡᠭᠡᠨ ᠪᠠᠢᠯᠭᠠᠪᠠ᠃

16 ᠪᠢᠳᠡ ᠥᠨᠥᠬᠢ ᠳᠠᠭᠠᠳᠬᠠᠯ ᠤᠨ ᠭᠠᠵᠠᠷ ᠤᠷᠤᠭᠤ ᠶᠠᠪᠤᠵᠤ ᠪᠠᠢᠬᠤ ᠳᠠᠭᠠᠨ ᠲᠥᠯᠭᠡᠳᠡᠬᠦ ᠴᠢᠳᠬᠥᠷ ᠣᠷᠣᠰᠢᠭᠰᠠᠨ ᠨᠢᠭᠡ ᠰᠢᠪᠡᠭᠴᠢᠨ ᠲᠠᠢ ᠲᠠᠭᠠᠷᠠᠯᠳᠤᠪᠠ᠃ ᠲᠡᠷᠡ ᠲᠥᠯᠭᠡᠳᠡᠵᠦ᠂ ᠡᠵᠡᠳ ᠲᠡᠭᠡᠨ ᠶᠡᠬᠡ ᠠᠰᠢᠭ ᠣᠯᠵᠤ ᠥᠭᠳᠡᠭ ᠪᠠᠢᠵᠠᠢ᠃ 17 ᠲᠡᠷᠡ ᠫᠠᠦ᠋ᠯ ᠪᠣᠯᠣᠨ ᠪᠢᠳᠡ ᠨᠠᠷ ᠢ ᠳᠠᠭᠠᠭᠰᠠᠭᠠᠷ ᠬᠠᠰᠬᠢᠷᠴᠤ᠄ 《ᠡᠨᠡ ᠬᠥᠮᠦᠰ ᠴᠢᠨᠢ ᠬᠠᠮᠤᠭ ᠤᠨ ᠳᠡᠭᠡᠳᠦ ᠪᠤᠷᠬᠠᠨ ᠤ ᠵᠠᠷᠤᠴᠠ ᠰᠢᠦ ᠳᠠ︕ ᠲᠠ ᠨᠠᠷ ᠲᠤ ᠠᠪᠤᠷᠠᠯ ᠤᠨ ᠵᠠᠮ ᠢ ᠲᠤᠩ᠋ᠬᠠᠭᠯᠠᠵᠤ ᠪᠠᠢᠨ᠎ᠠ》 ᠭᠡᠪᠡ᠃ 18 ᠲᠡᠷᠡ ᠡᠮᠡᠭᠲᠡᠢ ᠣᠯᠠᠨ ᠡᠳᠦᠷ ᠢᠩᠭᠢᠭᠰᠡᠨ ᠳᠦ ᠫᠠᠦ᠋ᠯ ᠲᠦᠪᠡᠭᠰᠢᠶᠡᠨ᠂ ᠠᠷᠤᠨᠰᠢ ᠪᠠᠨ ᠡᠷᠭᠢᠵᠦ ᠲᠡᠷᠡ ᠴᠢᠳᠬᠥᠷ ᠲᠦ᠄ 《ᠪᠢ ᠢᠰᠦ᠋ᠰ ᠾᠷᠢᠰᠲ᠋ᠣᠰ ᠤᠨ ᠨᠡᠷ᠎ᠡ ᠪᠡᠷ ᠴᠢᠮ᠎ᠠ ᠳᠤ ᠲᠤᠰᠢᠶᠠᠶ᠎ᠠ︕ ᠲᠡᠭᠦᠨ ᠡᠴᠡ ᠵᠠᠢᠯᠠ》 ᠭᠡᠪᠡ᠃ ᠥᠨᠥᠬᠢ ᠴᠢᠳᠬᠥᠷ ᠲᠡᠷᠡ ᠳᠠᠷᠤᠢ ᠵᠠᠢᠯᠠᠵᠠᠢ᠃
 ᠬᠣᠶᠠᠷ ᠪᠠᠶᠠᠷ ᠤᠨ ᠮᠡᠳᠡᠭᠡᠴᠢᠨ ᠱᠣᠷᠣᠩ ᠳᠤ

19 ᠲᠡᠷᠡ ᠡᠮᠡᠭᠲᠡᠢ ᠶᠢᠨ ᠡᠵᠡᠳ ᠠᠰᠢᠭ ᠣᠯᠬᠤ ᠨᠠᠢᠳᠠᠪᠤᠷᠢ ᠦᠭᠡᠢ ᠪᠣᠯᠣᠭᠰᠠᠨ ᠢᠶᠠᠨ ᠮᠡᠳᠡᠭᠡᠳ ᠫᠠᠦ᠋ᠯ ᠪᠣᠯᠣᠨ ᠰᠢᠯᠠ ᠶᠢ ᠪᠠᠷᠢᠵᠤ᠂ ᠵᠡᠭᠡᠯᠢ ᠳᠡᠭᠡᠷ᠎ᠡ ᠨᠣᠶᠠᠳ ᠤᠨ ᠢᠶᠠᠨ ᠡᠮᠦᠨ᠎ᠡ ᠴᠢᠷᠴᠦ ᠠᠪᠴᠢᠷᠠᠭᠠᠳ 20 ᠠᠬᠠᠯᠠᠭᠴᠢ ᠳᠠᠭᠠᠨ᠄ 《ᠡᠨᠡ ᠬᠥᠮᠦᠰ ᠮᠠᠨ ᠤ ᠬᠣᠲᠠ ᠶᠢ ᠶᠡᠬᠡᠳᠡ ᠲᠦᠢᠪᠡᠭᠡᠵᠦ ᠪᠠᠢᠨ᠎ᠠ᠃ ᠲᠡᠳᠡ ᠶᠦᠳᠠᠢ ᠬᠥᠮᠦᠨ ᠪᠠᠢᠵᠤ᠂ 21 ᠮᠠᠨ ᠤ ᠷᠣᠮᠠᠴᠤᠳ ᠤᠨ ᠬᠦᠯᠢᠶᠡᠵᠦ ᠴᠤ᠂ ᠪᠡᠶᠡᠯᠡᠭᠦᠯᠵᠦ ᠴᠤ ᠪᠣᠯᠣᠰᠢ ᠦᠭᠡᠢ ᠶᠣᠰᠣ ᠵᠠᠩᠰᠢᠯ ᠢ ᠳᠡᠯᠭᠡᠷᠡᠭᠦᠯᠵᠦ ᠪᠠᠢᠨ᠎ᠠ》 ᠭᠡᠰᠡᠨ ᠳᠦ᠂ 22 ᠬᠤᠷᠠᠭᠰᠠᠨ ᠣᠯᠠᠨ ᠫᠠᠦ᠋ᠯ ᠪᠣᠯᠣᠨ ᠰᠢᠯᠠ ᠶᠢᠨ ᠡᠰᠡᠷᠭᠦ ᠵᠡᠷᠭᠡᠪᠡᠷ ᠳᠠᠭᠠᠷᠢᠪᠠ᠃ ᠲᠡᠳᠡᠨ ᠦ ᠬᠤᠪᠴᠠᠰᠤ ᠶᠢ ᠬᠠᠤ ᠲᠠᠲᠠᠨ ᠲᠠᠰᠢᠭᠤᠷᠳᠠᠬᠤ ᠶᠢ ᠠᠬᠠᠯᠠᠭᠴᠢ ᠨᠠᠷ ᠨᠢ ᠲᠤᠰᠢᠶᠠᠭᠰᠠᠨ ᠪᠠᠢᠨ᠎ᠠ᠃ 23 ᠲᠡᠳᠡᠨ ᠢ ᠶᠡᠬᠡᠳᠡ ᠵᠠᠨᠴᠢᠭᠰᠠᠨ ᠤ ᠳᠠᠷᠠᠭ᠎ᠠ ᠭᠢᠨᠳᠠᠨ ᠳᠤ ᠬᠣᠷᠢᠵᠤ ᠰᠠᠢᠲᠤᠷ ᠮᠠᠨᠠᠭᠲᠤᠨ ᠭᠡᠵᠦ ᠬᠤᠶᠠᠭ ᠲᠤ ᠵᠠᠷᠯᠢᠭᠳᠠᠪᠠ᠃ 24 ᠡᠢᠮᠦ ᠲᠤᠰᠢᠶᠠᠯ ᠢ ᠬᠦᠯᠢᠶᠡᠭᠰᠡᠨ ᠬᠤᠶᠠᠭ ᠲᠡᠷᠡ ᠬᠣᠶᠠᠷ ᠢ ᠳᠣᠲᠣᠭᠣᠳᠤ ᠭᠢᠨᠳᠠᠨ ᠳᠤ ᠬᠣᠷᠢᠵᠤ ᠬᠥᠯ ᠢ ᠨᠢ ᠪᠠᠲᠤ ᠳᠥᠩᠭᠡᠯᠡᠵᠡᠢ᠃

25 ᠰᠥᠨᠢ ᠳᠥᠯᠢ ᠪᠠᠷ ᠫᠠᠦ᠋ᠯ ᠰᠢᠯᠠ ᠬᠣᠶᠠᠭᠤᠯᠠ ᠳᠠᠭᠠᠳᠬᠠᠨ ᠪᠤᠷᠬᠠᠨ ᠢ ᠮᠠᠭᠲᠠᠨ ᠳᠠᠭᠤᠯᠠᠬᠤ ᠳᠤ᠂ ᠬᠣᠷᠢᠭᠳᠠᠯ ᠤᠳ ᠰᠣᠨᠣᠰᠴᠤ ᠪᠠᠢᠯ᠎ᠠ᠃ 26 ᠭᠡᠨᠡᠳᠲᠡ ᠭᠠᠵᠠᠷ ᠶᠡᠬᠡᠳᠡ ᠬᠥᠳᠡᠯᠵᠦ ᠭᠢᠨᠳᠠᠨ ᠤ ᠰᠠᠭᠤᠷᠢ ᠴᠡᠴᠡᠷᠡᠩᠭᠦᠲᠡ ᠬᠠᠭᠠᠯᠭ᠎ᠠ ᠪᠣᠯᠭᠠᠨ ᠨᠡᠭᠡᠭᠡᠭᠳᠡᠵᠦ᠂ ᠬᠣᠷᠢᠭᠳᠠᠯ ᠪᠣᠯᠭᠠᠨ ᠤ ᠭᠠᠪᠠ ᠳᠥᠩᠭᠡ ᠲᠠᠢᠯᠤᠭᠳᠠᠵᠠᠢ᠃ 27 ᠥᠨᠥᠬᠢ ᠬᠤᠶᠠᠭ ᠨᠣᠢᠷ ᠠᠴᠠ ᠪᠠᠨ ᠰᠡᠷᠢᠵᠦ ᠭᠢᠨᠳᠠᠨ ᠤ ᠬᠠᠭᠠᠯᠭ᠎ᠠ ᠨᠤᠭᠤᠳ ᠨᠡᠭᠡᠭᠡᠭᠳᠡᠭᠰᠡᠨ ᠢ ᠦᠵᠡᠭᠡᠳ ᠬᠣᠷᠢᠭᠳᠠᠯ ᠤᠳ ᠳᠤᠲᠠᠭᠠᠴᠢᠬᠠᠯ᠎ᠠ ᠬᠡᠮᠡᠨ ᠪᠣᠳᠣᠵᠤ ᠢᠯᠳᠦ ᠪᠡᠨ ᠰᠤᠭᠤᠯᠤᠨ ᠥᠪᠡᠷ ᠢ ᠪᠠᠨ ᠬᠣᠣᠷᠯᠠᠬᠤ ᠭᠡᠲᠡᠯ᠎ᠡ 28 ᠫᠠᠦ᠋ᠯ ᠴᠢᠩᠭ᠍᠎ᠠ ᠳᠠᠭᠤᠨ ᠢᠶᠠᠷ᠄ 《ᠪᠡᠶ᠎ᠡ ᠪᠡᠨ ᠪᠢᠲᠡᠭᠡᠢ ᠭᠡᠮᠲᠦᠭᠡ︕ ᠪᠢᠳᠡ ᠪᠦᠭᠦᠳᠡᠭᠡᠷ ᠡ᠊ᠨᠳᠡ ᠪᠠᠢᠨ᠎ᠠ》 ᠭᠡᠵᠦ ᠪᠠᠷᠬᠢᠷᠠᠪᠠ᠃ 29 ᠬᠤᠶᠠᠭ ᠭᠡᠷᠡᠯ ᠠᠰᠠᠭᠠᠯᠭᠠᠭᠠᠳ ᠳᠣᠲᠣᠭᠰᠢ ᠭᠦᠶᠦᠨ ᠣᠷᠣᠵᠤ ᠫᠠᠦ᠋ᠯ ᠪᠣᠯᠣᠨ ᠰᠢᠯᠠ ᠶᠢᠨ ᠡᠮᠦᠨ᠎ᠡ ᠴᠡᠴᠡᠷᠡᠨ ᠤᠨᠠᠪᠠ᠃ 30 ᠲᠡᠷᠡ ᠲᠡᠳᠡᠨ ᠢ ᠳᠠᠭᠠᠭᠤᠯᠵᠤ ᠭᠠᠷᠤᠨ᠄ 《ᠡᠷᠬᠢᠮ ᠤᠳ ᠡ᠂ ᠠᠪᠤᠷᠠᠭᠳᠠᠬᠤ ᠶᠢᠨ ᠲᠥᠯᠥᠭᠡ ᠪᠢ ᠶᠠᠭᠤ ᠬᠢᠬᠦ ᠶᠣᠰᠣᠲᠠᠢ ᠪᠤᠢ︖》 ᠭᠡᠵᠦ ᠠᠰᠠᠭᠤᠭᠰᠠᠨ ᠳᠤ᠂ 31 ᠲᠡᠳᠡ᠄ 《ᠡᠵᠡᠨ ᠢᠰᠦ᠋ᠰ ᠲᠤ ᠢᠲᠡᠭᠡᠭᠡᠷᠡᠢ᠂ ᠲᠡᠭᠡᠪᠡᠯ ᠴᠢ ᠪᠣᠯᠣᠨ ᠭᠡᠷ ᠪᠦᠯᠢ ᠶᠢᠨ ᠬᠢᠨ ᠴᠢᠨᠢ ᠠᠪᠤᠷᠠᠭᠳᠠᠬᠤ ᠪᠣᠯᠣᠨ᠎ᠠ》 ᠭᠡᠵᠦ ᠬᠠᠷᠢᠭᠤᠯᠪᠠ᠃ 32 ᠲᠡᠳᠡ ᠡᠵᠡᠨ ᠦ ᠦᠭᠡ ᠶᠢ ᠬᠤᠶᠠᠭ ᠪᠣᠯᠣᠨ ᠭᠡᠷ ᠲᠤᠨᠢ ᠪᠠᠢᠭ᠎ᠠ ᠬᠥᠮᠦᠨ ᠪᠦᠬᠦᠨ ᠳᠦ ᠶᠠᠷᠢᠵᠤ ᠥᠭᠴᠡᠢ᠃ 33 ᠮᠥᠨ ᠰᠥᠨᠢ ᠶᠢᠨ ᠲᠡᠷᠡ ᠴᠠᠭ ᠲᠤ ᠬᠤᠶᠠᠭ ᠲᠡᠳᠡᠨ ᠢ ᠠᠪᠴᠤ ᠭᠠᠷᠤᠭᠠᠳ ᠰᠢᠷᠬ᠎ᠠ ᠶᠢ ᠨᠢ ᠤᠬᠢᠶᠠᠵᠤ᠂ ᠲᠡᠷᠡ ᠳᠠᠷᠤᠢ ᠭᠡᠷ ᠪᠦᠯᠢ ᠶᠢᠨ ᠢᠶᠠᠨ ᠬᠠᠮᠲᠤ ᠪᠠᠷ ᠤᠬᠢᠶᠠᠯ ᠬᠦᠷᠲᠡᠵᠡᠢ᠃ 34 ᠲᠡᠭᠡᠭᠡᠳ ᠬᠤᠶᠠᠭ ᠲᠡᠳᠡᠨ ᠢ ᠳᠠᠭᠠᠭᠤᠯᠤᠨ ᠭᠡᠷ ᠲᠡᠭᠡᠨ ᠣᠷᠣᠭᠠᠳ ᠬᠣᠭᠣᠯᠠ ᠪᠠᠷ ᠵᠣᠴᠢᠯᠠᠪᠠ᠃ ᠲᠡᠷᠡ ᠬᠥᠮᠦᠨ ᠪᠣᠯᠣᠨ ᠭᠡᠷ ᠪᠦᠯᠢ ᠬᠢᠨ ᠪᠤᠷᠬᠠᠨ ᠳᠤ ᠢᠲᠡᠭᠡᠭᠰᠡᠨ ᠳᠡᠭᠡᠨ ᠶᠡᠬᠡᠳᠡ ᠪᠠᠶᠠᠷᠯᠠᠵᠠᠭᠠᠪᠠ᠃

35 ᠥᠷᠯᠥᠭᠡ ᠪᠣᠯᠬᠤ ᠳᠤ᠂ ᠠᠬᠠᠯᠠᠭᠴᠢ ᠨᠠᠷ ᠨᠢ ᠭᠣᠴᠣᠭ ᠤᠳ ᠢᠶᠠᠨ ᠶᠠᠪᠤᠭᠤᠯᠵᠤ᠄ 《ᠡᠨᠡ ᠬᠥᠮᠦᠰ ᠢ ᠰᠤᠯᠠᠯᠠ》 ᠭᠡᠪᠡ᠃ 36 ᠬᠤᠶᠠᠭ ᠡᠨᠡ ᠦᠭᠡ ᠶᠢ ᠫᠠᠦ᠋ᠯ ᠳᠤ ᠳᠤᠭᠤᠯᠭᠠᠵᠤ᠄ 《ᠠᠬᠠᠯᠠᠭᠴᠢ ᠨᠠᠷ ᠬᠥᠮᠦᠨ ᠶᠠᠪᠤᠭᠤᠯᠵᠤ᠂ ᠲᠠ ᠨᠠᠷ ᠢ ᠰᠤᠯᠠᠯᠠ ᠭᠡᠰᠡᠨ᠃ ᠣᠳᠣ ᠭᠠᠷᠴᠤ ᠠᠮᠤᠷ ᠲᠠᠢᠪᠤᠩ ᠶᠠᠪᠤᠭᠠᠷᠠᠢ》 ᠭᠡᠰᠡᠨ ᠳᠦ᠂ 37 ᠫᠠᠦ᠋ᠯ ᠭᠣᠴᠣᠭ ᠤᠳ ᠲᠤ᠄ 《ᠷᠣᠮᠠ ᠶᠢᠨ ᠢᠷᠭᠡᠨ ᠪᠢᠳᠡᠨ ᠢ ᠶᠠᠯ᠎ᠠ ᠲᠣᠭᠲᠠᠭᠠᠭᠰᠠᠨ ᠦᠭᠡᠢ ᠪᠠᠷ ᠣᠯᠠᠨ ᠤ ᠡᠮᠦᠨ᠎ᠡ ᠲᠠᠰᠢᠭᠤᠷᠳᠠᠵᠤ᠂ ᠭᠢᠨᠳᠠᠨ ᠳᠤ ᠬᠣᠷᠢᠭᠠᠳ ᠣᠳᠣ ᠰᠡᠮᠬᠡᠨ ᠭᠠᠷᠭᠠᠬᠤ ᠨᠢ ᠤᠤ︖ ᠦᠭᠡᠢ︕ ᠲᠡᠳᠡ ᠥᠪᠡᠷᠰᠡᠳ ᠢᠶᠡᠨ ᠢᠷᠡᠵᠦ ᠪᠢᠳᠡᠨ ᠢ ᠳᠠᠭᠠᠭᠤᠯᠵᠤ ᠭᠠᠷᠭᠠᠬᠤ ᠶᠣᠰᠣᠲᠠᠢ》 ᠭᠡᠪᠡ᠃ 38 ᠡᠭᠦᠨ ᠢ ᠭᠣᠴᠣᠭ ᠤᠳ ᠨᠢ ᠠᠬᠠᠯᠠᠭᠴᠢ ᠨᠠᠷ ᠲᠠᠭᠠᠨ ᠳᠤᠭᠤᠯᠭᠠᠭᠰᠠᠨ ᠳᠤ᠂ ᠲᠡᠳᠡ ᠷᠣᠮᠠ ᠶᠢᠨ ᠢᠷᠭᠡᠨ ᠭᠡᠵᠦ ᠰᠣᠨᠣᠰᠣᠭᠠᠳ ᠠᠶᠤᠵᠠᠭᠠᠨ᠂ 39 ᠬᠦᠷᠴᠦ ᠢᠷᠡᠭᠡᠳ ᠲᠡᠷᠡ ᠬᠣᠶᠠᠷ ᠢ ᠲᠠᠢᠪᠤᠰᠢᠷᠠᠭᠤᠯᠤᠨ᠂ ᠳᠠᠭᠠᠭᠤᠯᠵᠤ ᠭᠠᠷᠤᠭᠠᠳ ᠬᠣᠲᠠ ᠠᠴᠠ ᠶᠠᠪᠤᠬᠤ ᠶᠢ ᠭᠤᠶᠤᠭᠰᠠᠨ ᠪᠠᠢᠨ᠎ᠠ᠃ 40 ᠲᠡᠳᠡ ᠬᠣᠶᠠᠭᠤᠯᠠ ᠭᠢᠨᠳᠠᠨ ᠠᠴᠠ ᠭᠠᠷᠤᠭᠠᠳ ᠯᠦᠳᠢᠶ᠎ᠠ ᠶᠢᠨ ᠳᠤ ᠬᠦᠷᠴᠦ ᠠᠬ᠎ᠠ ᠳᠡᠭᠦᠦ ᠨᠠᠷ ᠲᠠᠢ ᠠᠭᠤᠯᠵᠠᠨ᠂ ᠵᠣᠷᠢᠭᠵᠢᠭᠤᠯᠤᠭᠠᠳ ᠶᠠᠪᠤᠵᠠᠢ᠃