ᠦᠢᠯᠡᠰ ᠳᠣᠯᠣᠭ᠎ᠠ
ᠰᠲ᠋ᠧᠹᠠᠨ ᠤ ᠨᠣᠮᠯᠠᠯ
1 ᠲᠡᠷᠢᠭᠦᠨ ᠲᠠᠬᠢᠯᠴᠢ᠄ 《ᠡᠳᠡᠭᠡᠷ ᠬᠡᠷᠡᠭ ᠦᠨᠡᠨ ᠤᠤ︖》 ᠭᠡᠵᠦ ᠠᠰᠠᠭᠤᠬᠤ ᠳᠤ᠂ 2 ᠰᠲ᠋ᠧᠹᠠᠨ᠄ 《ᠠᠬ᠎ᠠ ᠳᠡᠭᠦᠦ ᠨᠠᠷ ᠡ᠂ ᠰᠣᠨᠣᠰᠣᠭᠲᠤᠨ︕ ᠪᠢᠳᠡᠨ ᠦ ᠳᠡᠭᠡᠳᠦᠰ ᠠᠪᠷᠠᠬᠠᠮ ᠾᠠᠷᠠᠨ ᠳᠤ ᠨᠤᠲᠤᠭᠯᠠᠬᠤ ᠶᠢᠨ ᠡᠮᠦᠨ᠎ᠡ ᠮᠧᠰᠣᠫᠣᠲ᠋ᠠᠮᠢᠶᠠ ᠳᠤ ᠪᠠᠢᠬᠤ ᠦᠶ᠎ᠡ ᠳᠦ᠂ ᠠᠯᠳᠠᠷ ᠰᠤᠤᠲᠤ ᠪᠤᠷᠬᠠᠨ ᠲᠡᠭᠦᠨ ᠦ ᠡᠮᠦᠨ᠎ᠡ ᠢᠯᠡᠷᠡᠵᠦ᠄ 3 〈ᠴᠢ ᠥᠪᠡᠷ ᠦᠨ ᠢᠶᠠᠨ ᠭᠠᠵᠠᠷ ᠨᠤᠲᠤᠭ᠂ ᠥᠪᠡᠷ ᠦᠨ ᠢᠶᠠᠨ ᠲᠥᠷᠥᠯ ᠰᠠᠳᠤᠨ ᠢᠶᠠᠨ ᠣᠷᠬᠢᠵᠤ ᠮᠢᠨᠦ ᠴᠢᠮ᠎ᠠ ᠳᠤ ᠬᠠᠷᠠᠭᠤᠯᠬᠤ ᠭᠠᠵᠠᠷ ᠤᠷᠤᠭᠤ ᠶᠠᠪᠤ〉 ᠭᠡᠰᠡᠨ᠃ 4 ᠲᠡᠢᠨ ᠬᠦ ᠠᠪᠷᠠᠬᠠᠮ ᠺᠠᠯᠳᠧᠶᠠᠴᠤᠳ ᠤᠨ ᠨᠤᠲᠤᠭ ᠠᠴᠠ ᠰᠠᠯᠵᠤ᠂ ᠾᠠᠷᠠᠨ ᠳᠤ ᠨᠤᠲᠤᠭᠯᠠᠪᠠ᠃ ᠡᠴᠢᠭᠡ ᠨᠢ ᠨᠠᠰᠤ ᠪᠠᠷᠠᠭᠰᠠᠨ ᠤ ᠳᠠᠷᠠᠭ᠎ᠠ᠂ ᠪᠤᠷᠬᠠᠨ ᠲᠡᠭᠦᠨ ᠢ ᠲᠠ ᠨᠠᠷ ᠤᠨ ᠣᠳᠣ ᠶᠢᠨ ᠰᠠᠭᠤᠵᠤ ᠪᠠᠢᠭ᠎ᠠ ᠡᠨᠡ ᠨᠤᠲᠤᠭ ᠲᠤ ᠨᠡᠭᠦᠯᠭᠡᠭᠰᠡᠨ ᠶᠤᠮ᠃ 5 ᠡ᠊ᠨᠳᠡ ᠪᠤᠷᠬᠠᠨ ᠭᠠᠭᠴᠠ ᠠᠯᠬᠤᠮ ᠭᠠᠵᠠᠷ ᠢ ᠴᠤ ᠲᠡᠭᠦᠨ ᠳᠦ ᠥᠪ ᠪᠣᠯᠭᠠᠨ ᠥᠭᠭᠥᠭᠰᠡᠨ ᠦᠭᠡᠢ᠂ ᠬᠠᠷᠢᠨ ᠬᠡᠦᠬᠡᠳ ᠦᠭᠡᠢ ᠪᠠᠢᠭᠰᠠᠨ ᠲᠡᠭᠦᠨ ᠳᠦ ᠪᠠ ᠲᠡᠭᠦᠨ ᠦ ᠦᠷ᠎ᠡ ᠤᠳᠤᠮ ᠳᠤ ᠡᠨᠡ ᠨᠤᠲᠤᠭ ᠢ ᠥᠮᠴᠢ ᠪᠣᠯᠭᠠᠨ ᠥᠭᠭᠥᠨ᠎ᠡ ᠭᠡᠵᠦ ᠠᠮᠠᠯᠠᠭᠰᠠᠨ ᠪᠢᠯᠡ᠃ 6 ᠪᠤᠷᠬᠠᠨ᠄ 〈ᠴᠢᠨᠦ ᠦᠷ᠎ᠡ ᠤᠳᠤᠮ ᠬᠥᠮᠦᠨ ᠦ ᠨᠤᠲᠤᠭ ᠲᠤ ᠴᠠᠭᠠᠴᠢᠨ ᠬᠥᠮᠦᠰ ᠪᠣᠯᠵᠤ᠂ ᠳᠥᠷᠪᠡᠨ ᠵᠠᠭᠤᠨ ᠵᠢᠯ ᠪᠣᠭᠣᠯᠴᠢᠯᠠᠭᠳᠠᠨ ᠳᠠᠷᠤᠯᠠᠭᠳᠠᠬᠤ ᠪᠣᠯᠣᠨ᠎ᠠ᠂ 7 ᠲᠡᠳᠡᠨ ᠢ ᠪᠣᠭᠣᠯᠴᠢᠯᠠᠬᠤ ᠲᠡᠷᠡ ᠭᠦᠷᠦᠨ ᠢ ᠪᠢ ᠰᠢᠳᠬᠡᠨ᠎ᠡ〉 ᠭᠡᠵᠦ ᠠᠢᠯᠠᠳᠤᠭᠰᠠᠨ᠂ ᠪᠠᠰᠠ᠄ 〈ᠡᠭᠦᠨ ᠦ ᠳᠠᠷᠠᠭ᠎ᠠ ᠯᠠ ᠲᠡᠳᠡ ᠭᠠᠷᠴᠤ ᠢᠷᠡᠭᠡᠳ ᠡᠨᠡ ᠭᠠᠵᠠᠷ ᠲᠤ ᠨᠠᠳᠠ ᠳᠤ ᠮᠥᠷᠭᠥᠬᠦ ᠪᠣᠯᠣᠨ᠎ᠠ〉 ᠭᠡᠵᠡᠢ᠃ 8 ᠪᠤᠷᠬᠠᠨ ᠠᠪᠷᠠᠬᠠᠮ ᠳᠤ ᠬᠥᠪᠴᠢᠷᠬᠡᠢ ᠬᠥᠨᠳᠡᠬᠦ ᠭᠡᠷ᠎ᠡ ᠰᠣᠶᠣᠷᠬᠠᠭᠰᠠᠨ᠃ ᠡᠢᠨ ᠬᠦ ᠠᠪᠷᠠᠬᠠᠮ ᠢᠰᠠᠺ ᠢ ᠲᠥᠷᠥᠭᠦᠯᠦᠭᠰᠡᠨ ᠦ ᠨᠠᠢ᠌ᠮᠠᠳᠠᠬᠢ ᠡᠳᠦᠷ ᠲᠡᠭᠡᠨ ᠬᠥᠪᠴᠢᠷᠬᠡᠢ ᠶᠢ ᠨᠢ ᠬᠥᠨᠳᠡᠪᠡ᠃ ᠢᠰᠠᠺ ᠶᠠᠺᠣᠪ ᠢ ᠲᠥᠷᠥᠭᠦᠯᠵᠦ᠂ ᠶᠠᠺᠣᠪ ᠪᠢᠳᠡᠨ ᠦ ᠠᠷᠪᠠᠨ ᠬᠣᠶᠠᠷ ᠳᠡᠭᠡᠳᠦᠰ ᠢ ᠲᠥᠷᠥᠭᠦᠯᠦᠭᠰᠡᠨ ᠶᠤᠮ᠃
9 ᠨᠥᠭᠥᠭᠡ ᠳᠡᠭᠡᠳᠦᠰ ᠮᠠᠨᠢ ᠶᠣᠰᠧᠹ ᠲᠠᠢ ᠠᠲᠠᠭᠠᠷᠬᠠᠨ ᠲᠡᠭᠦᠨ ᠢ ᠶᠧᠵᠢᠫᠲ ᠲᠤ ᠬᠤᠳᠠᠯᠳᠤᠭᠰᠠᠨ ᠪᠣᠯᠪᠠᠴᠤ ᠪᠤᠷᠬᠠᠨ ᠲᠡᠭᠦᠨ ᠲᠡᠢ ᠬᠠᠮᠲᠤ ᠪᠠᠢᠭᠰᠠᠭᠠᠷ᠂ 10 ᠬᠠᠮᠤᠭ ᠵᠣᠪᠠᠯᠠᠩ ᠠᠴᠠ ᠨᠢ ᠭᠠᠷᠭᠠᠨ᠂ ᠶᠧᠵᠢᠫᠲ ᠤᠨ ᠬᠠᠭᠠᠨ ᠹᠠᠷᠠᠣ᠋ ᠶᠢᠨ ᠡᠮᠦᠨ᠎ᠡ ᠲᠡᠭᠦᠨ ᠳᠦ ᠢᠪᠡᠭᠡᠯ ᠪᠠ ᠮᠡᠷᠭᠡᠨ ᠤᠬᠠᠭᠠᠨ ᠢ ᠰᠣᠶᠣᠷᠬᠠᠭᠰᠠᠨ ᠳᠤ᠂ ᠹᠠᠷᠠᠣ᠋ ᠲᠡᠭᠦᠨ ᠢ ᠶᠧᠵᠢᠫᠲ ᠪᠠ ᠪᠦᠬᠦ ᠭᠡᠷ ᠦᠨ ᠢᠶᠠᠨ ᠵᠠᠬᠢᠷᠤᠭᠴᠢ ᠪᠠᠷ ᠲᠣᠮᠢᠯᠠᠭᠰᠠᠨ ᠶᠤᠮ᠃ 11 ᠪᠦᠬᠦ ᠶᠧᠵᠢᠫᠲ ᠪᠠ ᠺᠠᠨᠠᠨ ᠳᠤ ᠶᠡᠬᠡ ᠵᠣᠪᠠᠯᠠᠩ᠂ ᠥᠯᠥᠰᠬᠥᠯᠡᠩ ᠭᠠᠴᠢᠭ ᠪᠣᠯᠬᠤ ᠳᠤ᠂ ᠪᠢᠳᠡᠨ ᠦ ᠳᠡᠭᠡᠳᠦᠰ ᠲᠦ ᠠᠮᠤ ᠬᠦᠨᠡᠰᠦ ᠣᠯᠳᠠᠭ᠎ᠠ ᠦᠭᠡᠢ᠃ 12 ᠬᠠᠷᠢᠨ ᠶᠧᠵᠢᠫᠲ ᠲᠤ ᠠᠮᠤ ᠲᠠᠷᠢᠶ᠎ᠠ ᠪᠠᠢᠬᠤ ᠶᠢ ᠰᠣᠨᠣᠰᠣᠭᠠᠳ ᠶᠠᠺᠣᠪ ᠪᠢᠳᠡᠨ ᠦ ᠳᠡᠭᠡᠳᠦᠰ ᠢ ᠲᠡᠰᠢ ᠪᠠᠨ ᠠᠩᠬ᠎ᠠ ᠤᠳᠠᠭ᠎ᠠ ᠶᠠᠪᠤᠭᠤᠯᠵᠠᠢ᠃ 13 ᠬᠣᠶᠠᠷᠲᠠ ᠶᠠᠪᠤᠭᠤᠯᠬᠤ ᠳᠤᠨᠢ᠂ ᠶᠣᠰᠧᠹ ᠥᠪᠡᠷ ᠢ ᠪᠠᠨ ᠠᠬ᠎ᠠ ᠳᠡᠭᠦᠦᠰ ᠲᠡᠭᠡᠨ ᠢᠯᠡᠴᠢᠯᠡᠭᠰᠡᠨ ᠳᠦ ᠲᠡᠭᠦᠨ ᠦ ᠲᠥᠷᠥᠯ ᠤᠭᠰᠠᠭ᠎ᠠ ᠶᠢ ᠹᠠᠷᠠᠣ᠋ ᠮᠡᠳᠡᠵᠡᠢ᠃ 14 ᠲᠡᠭᠡᠭᠡᠳ ᠶᠣᠰᠧᠹ ᠬᠥᠮᠦᠨ ᠢᠯᠡᠭᠡᠨ᠂ ᠡᠴᠢᠭᠡ ᠶᠠᠺᠣᠪ ᠪᠣᠯᠣᠨ ᠪᠦᠬᠦ ᠭᠡᠷ ᠦᠨ ᠢᠶᠠᠨ ᠳᠠᠯᠠᠨ ᠲᠠᠪᠤᠨ ᠬᠥᠮᠦᠨ ᠢ ᠤᠷᠢᠭᠰᠠᠨ ᠳᠤ᠂ 15 ᠶᠠᠺᠣᠪ ᠪᠠ ᠪᠢᠳᠡᠨ ᠦ ᠳᠡᠭᠡᠳᠦᠰ ᠶᠧᠵᠢᠫᠲ ᠲᠤ ᠣᠴᠢᠵᠤ ᠲᠡᠨᠳᠡ ᠨᠠᠰᠤ ᠪᠠᠷᠠᠭᠠᠳ 16 ᠱᠧᠺᠧᠮ ᠳᠤ ᠠᠪᠠᠴᠢᠭᠳᠠᠵᠤ ᠲᠡᠨᠳᠡᠬᠢ ᠶᠢᠨ ᠪᠤᠯᠠᠰᠢᠨ ᠳᠤ ᠣᠷᠣᠰᠢᠭᠤᠯᠤᠭᠳᠠᠵᠠᠢ᠃ ᠲᠡᠷᠡ ᠪᠤᠯᠠᠰᠢ ᠶᠢ ᠠᠪᠷᠠᠬᠠᠮ ᠱᠧᠺᠧᠮ ᠤᠨ ᠬᠥᠮᠦᠨ ᠬᠠᠮᠣᠷ ᠤᠨ ᠬᠥᠪᠡᠭᠦᠳ ᠡᠴᠡ ᠮᠥᠩᠭᠥ ᠪᠡᠷ ᠬᠤᠳᠠᠯᠳᠤᠵᠤ ᠠᠪᠤᠭᠰᠠᠨ ᠪᠢᠯᠡ᠃
17 ᠪᠤᠷᠬᠠᠨ ᠤ ᠠᠪᠷᠠᠬᠠᠮ ᠳᠤ ᠠᠮᠠᠯᠠᠭᠰᠠᠨ ᠢᠶᠠᠨ ᠪᠡᠶᠡᠯᠡᠭᠦᠯᠬᠦ ᠴᠠᠭ ᠣᠢᠷᠠᠲᠤᠬᠤ ᠳᠤ᠂ ᠮᠠᠨ ᠤ ᠠᠷᠠᠳ ᠲᠦᠮᠡᠨ ᠶᠧᠵᠢᠫᠲ ᠲᠤ ᠦᠷᠡᠵᠢᠵᠦ ᠣᠯᠠᠰᠢᠷᠠᠭᠰᠠᠨ ᠪᠠᠢᠯ᠎ᠠ᠃ 18 ᠲᠡᠷᠡ ᠦᠶ᠎ᠡ ᠳᠦ᠂ ᠶᠣᠰᠧᠹ ᠤᠨ ᠲᠤᠬᠠᠢ ᠮᠡᠳᠡᠳᠡᠭ ᠦᠭᠡᠢ ᠥᠭᠡᠷ᠎ᠡ ᠨᠢᠭᠡᠨ ᠬᠠᠭᠠᠨ ᠶᠧᠵᠢᠫᠲ ᠤᠨ ᠬᠠᠭᠠᠨ ᠰᠢᠷᠡᠭᠡᠨ ᠳᠦ ᠰᠠᠭᠤᠪᠠ᠃ 19 ᠲᠡᠷᠡ ᠪᠡᠷ ᠮᠠᠨ ᠤ ᠦᠨᠳᠦᠰᠦᠲᠡᠨ ᠦ ᠡᠰᠡᠷᠭᠦ ᠵᠠᠯᠢ ᠭᠠᠷᠭᠠᠨ᠂ ᠳᠡᠭᠡᠳᠦᠰ ᠢ ᠲᠠᠷᠴᠢᠯᠠᠭᠠᠵᠤ᠂ ᠨᠢᠯᠬ᠎ᠠ ᠬᠡᠦᠬᠡᠳ ᠤᠳ ᠢ ᠨᠢ ᠠᠮᠢᠳᠤ ᠦᠯᠡᠳᠡᠭᠡᠬᠦ ᠦᠭᠡᠢ ᠶᠢᠨ ᠲᠤᠯᠠᠳᠠ ᠠᠯᠪᠠᠳᠠᠨ ᠬᠠᠶᠠᠭᠤᠯᠳᠠᠭ ᠪᠠᠢᠵᠠᠢ᠃ 20 ᠲᠡᠷᠡ ᠦᠶ᠎ᠡ ᠳᠦ ᠮᠣᠰᠧ ᠲᠥᠷᠥᠵᠡᠢ᠃ ᠪᠤᠷᠬᠠᠨ ᠤ ᠮᠡᠯᠮᠡᠢ ᠳᠦ ᠲᠠᠭᠠᠯᠠᠭᠳᠠᠭᠰᠠᠨ ᠲᠡᠷᠡ ᠡᠴᠢᠭᠡ ᠶᠢᠨ ᠢᠶᠠᠨ ᠭᠡᠷ ᠲᠦ ᠭᠤᠷᠪᠠᠨ ᠰᠠᠷ᠎ᠠ ᠪᠣᠢᠵᠢᠭᠠᠳ 21 ᠭᠠᠳᠠᠨ᠎ᠠ ᠬᠠᠶᠠᠭᠳᠠᠬᠤ ᠳᠤ᠂ ᠹᠠᠷᠠᠣ᠋ ᠶᠢᠨ ᠥᠬᠢᠨ ᠣᠯᠵᠤ ᠠᠪᠤᠭᠠᠳ ᠦᠷᠡᠴᠢᠯᠡᠨ ᠲᠡᠵᠢᠭᠡᠪᠡ᠃ 22 ᠮᠣᠰᠧ ᠶᠧᠵᠢᠫᠲ᠋ᠴᠦᠳ ᠦᠨ ᠠᠯᠢᠪᠠ ᠡᠷᠳᠡᠮ ᠤᠬᠠᠭᠠᠨ ᠢ ᠰᠤᠷᠴᠤ᠂ ᠦᠭᠡ ᠶᠠᠷᠢᠶ᠎ᠠ᠂ ᠠᠵᠢᠯ ᠦᠢᠯᠡ ᠳᠦ ᠴᠢᠳᠠᠮᠠᠭᠠᠢ ᠪᠣᠯᠣᠭᠠᠳ ᠪᠠᠢᠭᠰᠠᠨ᠃
23 ᠲᠡᠷᠡ ᠳᠥᠴᠢᠨ ᠨᠠᠰᠤ ᠬᠦᠷᠦᠭᠡᠳ ᠥᠪᠡᠷ ᠦᠨ ᠠᠬ᠎ᠠ ᠳᠡᠭᠦᠦ ᠨᠠᠷ᠂ ᠢᠰᠷᠧᠯᠴᠦᠳ ᠤᠷᠤᠭᠤ ᠪᠠᠨ ᠣᠴᠢᠬᠤ ᠪᠣᠳᠣᠯ ᠲᠥᠷᠥᠵᠡᠢ᠃ 24 ᠮᠣᠰᠧ ᠨᠢᠭᠡ ᠢᠰᠷᠧᠯ ᠬᠥᠮᠦᠨ ᠦ ᠰᠢᠳᠤᠷᠭᠤ ᠪᠤᠰᠤ ᠪᠠᠷ ᠳᠠᠷᠤᠯᠠᠭᠳᠠᠬᠤ ᠶᠢ ᠬᠠᠷᠠᠭᠠᠳ ᠳᠠᠷᠤᠯᠠᠭᠳᠠᠵᠤ ᠪᠤᠢ ᠨᠥᠭᠥᠭᠡ ᠬᠥᠮᠦᠨ ᠦ ᠲᠠᠯ᠎ᠠ ᠳᠤ ᠣᠷᠣᠵᠤ᠂ ᠶᠧᠵᠢᠫᠲ ᠬᠥᠮᠦᠨ ᠢ ᠴᠣᠬᠢᠨ ᠠᠯᠠᠵᠤ ᠥᠰᠢᠶ᠎ᠡ ᠶᠢ ᠨᠢ ᠠᠪᠴᠤ ᠥᠭᠴᠡᠢ᠃ 25 〈ᠪᠤᠷᠬᠠᠨ ᠮᠢᠨᠦ ᠭᠠᠷ ᠢᠶᠠᠷ ᠳᠠᠮᠵᠢᠭᠤᠯᠵᠤ ᠥᠪᠡᠷᠰᠡᠳ ᠢ ᠨᠢ ᠠᠪᠤᠷᠠᠨ᠎ᠠ ᠭᠡᠳᠡᠭ ᠢ ᠠᠬ᠎ᠠ ᠳᠡᠭᠦᠦ ᠨᠠᠷ ᠮᠢᠨᠢ ᠣᠢᠯᠠᠭᠠᠬᠤ ᠪᠢᠵᠡ〉 ᠭᠡᠵᠦ ᠮᠣᠰᠧ ᠪᠣᠳᠣᠭᠰᠠᠨ ᠪᠣᠯᠪᠠᠴᠤ ᠲᠡᠳᠡ ᠨᠠᠷ ᠲᠡᠭᠡᠵᠦ ᠣᠢᠯᠠᠭᠠᠭᠰᠠᠨ ᠦᠭᠡᠢ᠃ 26 ᠳᠠᠷᠠᠭ᠎ᠠ ᠡᠳᠦᠷ ᠨᠢ ᠮᠣᠰᠧ ᠬᠡᠷᠡᠭᠦᠯ ᠬᠢᠵᠦ ᠪᠠᠢᠭ᠎ᠠ ᠬᠣᠶᠠᠷ ᠢᠰᠷᠧᠯ ᠬᠥᠮᠦᠨ ᠲᠡᠢ ᠲᠠᠭᠠᠷᠠᠭᠠᠳ᠄ 〈ᠲᠠ ᠨᠠᠷ ᠠᠬ᠎ᠠ ᠳᠡᠭᠦᠦᠰ ᠪᠠᠢᠲᠠᠯ᠎ᠠ ᠪᠠᠨ ᠶᠠᠭᠤᠨ ᠳᠤ ᠪᠡᠶ᠎ᠡ ᠪᠡᠶ᠎ᠡ ᠪᠡᠨ ᠱᠣᠭᠣᠪᠳᠣᠷᠯᠠᠨᠠ ᠪᠤᠢ︖〉 ᠬᠡᠮᠡᠨ ᠡᠪᠰᠡᠭᠦᠯᠬᠦ ᠭᠡᠲᠡᠯ᠎ᠡ᠂ 27 ᠨᠥᠭᠥᠭᠡᠳᠡᠬᠢ ᠪᠠᠨ ᠱᠣᠭᠣᠪᠳᠣᠷᠯᠠᠵᠤ ᠪᠠᠢᠭᠰᠠᠨ ᠬᠥᠮᠦᠨ ᠮᠣᠰᠧ ᠶᠢ ᠲᠦᠯᠬᠢᠵᠦ᠄ 〈ᠬᠡᠨ ᠴᠢᠮ᠎ᠠ ᠶᠢ ᠪᠢᠳᠡᠨ ᠢ ᠵᠠᠬᠢᠷᠬᠤ᠂ ᠰᠢᠭᠦᠬᠦ ᠬᠥᠮᠦᠨ ᠪᠣᠯᠭᠠᠭᠰᠠᠨ ᠪᠤᠢ︖ 28 ᠴᠢ ᠥᠴᠥᠭᠡᠳᠦᠷ ᠶᠧᠵᠢᠫᠲ ᠬᠥᠮᠦᠨ ᠢ ᠠᠯᠠᠭᠰᠠᠨ ᠰᠢᠭ᠋ ᠢᠶᠠᠨ ᠨᠠᠮᠠᠶᠢ ᠪᠠᠰᠠ ᠠᠯᠠᠬᠤ ᠨᠢ ᠤᠤ︖〉 ᠭᠡᠪᠡ᠃ 29 ᠮᠣᠰᠧ ᠡᠭᠦᠨ ᠢ ᠰᠣᠨᠣᠰᠣᠭᠠᠳ ᠵᠢᠭᠤᠲᠠᠭᠰᠠᠨ ᠪᠥᠭᠡᠳ ᠮᠢᠳᠢᠶᠠᠨ ᠨᠤᠲᠤᠭ ᠲᠤ ᠴᠠᠭᠠᠴᠢᠯᠠᠨ ᠰᠠᠭᠤᠬᠤ ᠪᠣᠯᠪᠠ᠃ ᠲᠡᠨᠳᠡ ᠲᠡᠷᠡ ᠬᠣᠶᠠᠷ ᠬᠦᠦ ᠲᠥᠷᠥᠭᠦᠯᠵᠡᠢ᠃
30 ᠳᠥᠴᠢᠨ ᠵᠢᠯ ᠪᠣᠯᠣᠭᠰᠠᠨ ᠤ ᠳᠠᠷᠠᠭ᠎ᠠ᠂ ᠮᠣᠰᠧ ᠰᠢᠨᠠᠢ ᠠᠭᠤᠯᠠ ᠶᠢᠨ ᠴᠥᠯ ᠳᠤ ᠪᠠᠢᠬᠤ ᠳᠤ᠂ ᠨᠢᠭᠡᠨ ᠲᠩᠷᠢ ᠡᠯᠴᠢ ᠥᠷᠭᠡᠰᠦᠲᠦ ᠪᠤᠲᠠᠨ ᠤ ᠳᠤᠮᠳᠠ ᠭᠠᠯ ᠤᠨ ᠳᠥᠯᠥ ᠪᠡᠷ ᠦᠵᠡᠭᠳᠡᠪᠡ᠃ 31 ᠮᠣᠰᠧ ᠡᠭᠦᠨ ᠢ ᠬᠠᠷᠠᠭᠠᠳ ᠭᠠᠢᠬᠠᠵᠤ᠂ ᠨᠢᠭᠲᠠᠯᠠᠨ ᠦᠵᠡᠬᠦ ᠪᠡᠷ ᠳᠥᠭᠥᠨ ᠣᠴᠢᠲᠠᠯ᠎ᠠ ᠡᠵᠡᠨ ᠦ ᠳᠠᠭᠤ ᠭᠠᠷᠴᠤ᠄ 32 〈ᠪᠢ ᠪᠣᠯ ᠴᠢᠨᠦ ᠳᠡᠭᠡᠳᠦᠰ ᠦᠨ ᠪᠤᠷᠬᠠᠨ᠂ ᠠᠪᠷᠠᠬᠠᠮ᠂ ᠢᠰᠠᠺ ᠪᠣᠯᠣᠨ ᠶᠠᠺᠣᠪ ᠤᠨ ᠪᠤᠷᠬᠠᠨ ᠪᠢᠯᠡ〉 ᠭᠡᠰᠡᠨ ᠳᠦ᠂ ᠮᠣᠰᠧ ᠰᠦᠷᠳᠡᠨ ᠴᠡᠴᠡᠷᠡᠭᠡᠳ ᠨᠢᠭᠲᠠᠯᠠᠨ ᠦᠵᠡᠬᠦ ᠪᠡᠷ ᠵᠢᠷᠦᠬᠡᠯᠡᠭᠡ ᠦᠭᠡᠢ᠃ 33 ᠲᠡᠭᠡᠲᠡᠯ᠎ᠡ ᠡᠵᠡᠨ ᠲᠡᠭᠦᠨ ᠳᠦ᠄ 〈ᠱᠠᠬᠠᠢ ᠪᠠᠨ ᠲᠠᠢᠯ᠂ ᠵᠣᠭᠰᠣᠵᠤ ᠪᠠᠢᠭ᠎ᠠ ᠭᠠᠵᠠᠷ ᠴᠢᠨᠢ ᠠᠷᠢᠭᠤᠨ ᠶᠤᠮ᠃ 34 ᠪᠢ ᠶᠧᠵᠢᠫᠲ ᠲᠤ ᠪᠤᠢ ᠠᠷᠠᠳ ᠲᠦᠮᠡᠨ ᠦ ᠪᠠᠨ ᠵᠣᠪᠠᠯᠠᠩ ᠢ ᠦᠨᠡᠨ ᠬᠦ ᠬᠠᠷᠠᠵᠤ᠂ ᠲᠡᠳᠡᠨ ᠦ ᠶᠣᠣᠯᠠᠬᠤ ᠶᠢ ᠰᠣᠨᠣᠰᠣᠭᠠᠳ ᠲᠡᠳᠡᠨ ᠢ ᠠᠪᠤᠷᠠᠬᠤ ᠪᠠᠷ ᠪᠠᠭᠤᠵᠤ ᠢᠷᠡᠯ᠎ᠡ᠃ ᠵᠠ᠂ ᠨᠠᠰᠢ ᠪᠠᠨ︕ ᠪᠢ ᠴᠢᠮᠠᠶᠢ ᠶᠧᠵᠢᠫᠲ ᠤᠷᠤᠭᠤ ᠢᠯᠡᠭᠡᠶ᠎ᠡ〉 ᠭᠡᠪᠡ᠃
35 〈ᠬᠡᠨ ᠲᠠᠨ ᠢ ᠵᠠᠬᠢᠷᠤᠭᠴᠢ ᠪᠠ ᠰᠢᠭᠦᠭᠴᠢ ᠪᠣᠯᠭᠠᠭᠰᠠᠨ ᠪᠤᠢ︖〉 ᠭᠡᠵᠦ ᠬᠥᠮᠦᠰ ᠦᠨ ᠭᠣᠯᠣᠭᠰᠠᠨ ᠲᠡᠷᠡ ᠬᠦ ᠮᠣᠰᠧ ᠶᠢ ᠪᠤᠷᠬᠠᠨ ᠥᠷᠭᠡᠰᠦᠲᠦ ᠪᠤᠲᠠᠨ ᠤ ᠳᠤᠮᠳᠠ ᠢᠯᠡᠷᠡᠭᠰᠡᠨ ᠲᠩᠷᠢ ᠶᠢᠨ ᠡᠯᠴᠢ ᠶᠢᠨ ᠭᠠᠷ ᠢᠶᠠᠷ ᠵᠠᠬᠢᠷᠤᠭᠴᠢ ᠪᠠ ᠴᠢᠯᠥᠭᠡᠯᠡᠭᠴᠢ ᠪᠣᠯᠭᠠᠨ ᠢᠯᠡᠭᠡᠵᠡᠢ᠃ 36 ᠲᠡᠷᠡ ᠶᠧᠵᠢᠫᠲ ᠤᠨ ᠣᠷᠣᠨ᠂ ᠤᠯᠠᠭᠠᠨ ᠲᠠᠩᠭᠢᠰ ᠪᠠ ᠴᠥᠯ ᠳᠤ ᠳᠥᠴᠢᠨ ᠵᠢᠯ ᠤᠨ ᠲᠤᠷᠰᠢ ᠰᠣᠳᠣᠨ ᠵᠦᠢᠯ᠂ ᠰᠢᠳᠢ ᠲᠡᠮᠳᠡᠭ ᠢ ᠦᠢᠯᠡᠳᠴᠦ ᠠᠷᠠᠳ ᠲᠦᠮᠡᠨ ᠢ ᠳᠠᠭᠠᠭᠤᠯᠤᠨ ᠭᠠᠷᠭᠠᠭᠰᠠᠨ᠃ 37 ᠶᠠᠭ ᠲᠡᠷᠡ ᠮᠣᠰᠧ ᠢᠰᠷᠧᠯᠴᠦᠳ ᠲᠦ᠄ 〈ᠪᠤᠷᠬᠠᠨ ᠲᠠ ᠨᠠᠷ ᠤᠨ ᠲᠥᠯᠥᠭᠡ ᠨᠠᠳᠠ ᠰᠢᠭ᠋ ᠨᠢᠭᠡ ᠡᠰᠢ ᠦᠵᠡᠭᠦᠯᠦᠭᠴᠢ ᠶᠢ ᠠᠬ᠎ᠠ ᠳᠡᠭᠦᠦᠰ ᠦᠨ ᠴᠢᠨᠢ ᠳᠣᠲᠣᠷ᠎ᠠ ᠠᠴᠠ ᠪᠣᠰᠬᠠᠨ᠎ᠠ〉 ᠭᠡᠵᠦ ᠬᠡᠯᠡᠭᠰᠡᠨ᠂ 38 ᠲᠡᠷᠡ ᠴᠥᠯ ᠳᠠᠬᠢ ᠴᠢᠭᠤᠯᠭᠠᠨ ᠤ ᠦᠶ᠎ᠡ ᠳᠦ᠂ ᠥᠪᠡᠷ ᠲᠡᠢ ᠨᠢ ᠰᠢᠨᠠᠢ ᠠᠭᠤᠯᠠᠨ ᠳᠡᠭᠡᠷ᠎ᠡ ᠶᠠᠷᠢᠵᠤ ᠪᠠᠢᠭᠰᠠᠨ ᠲᠩᠷᠢ ᠡᠯᠴᠢ ᠪᠠ ᠪᠢᠳᠡᠨ ᠦ ᠳᠡᠭᠡᠳᠦᠰ ᠦᠨ ᠬᠣᠭᠣᠷᠣᠨᠳᠣ ᠪᠠᠢᠵᠤ᠂ ᠠᠮᠢᠳᠤ ᠦᠭᠡ ᠬᠦᠯᠢᠶᠡᠵᠦ ᠠᠪᠤᠭᠠᠳ ᠪᠢᠳᠡᠨ ᠳᠦ ᠳᠠᠮᠵᠢᠭᠤᠯᠤᠭᠰᠠᠨ ᠶᠤᠮ᠃ 39 ᠬᠠᠷᠢᠨ ᠪᠢᠳᠡᠨ ᠦ ᠳᠡᠭᠡᠳᠦᠰ ᠮᠣᠰᠧ ᠳᠤ ᠵᠠᠬᠢᠷᠤᠭᠳᠠᠬᠤ ᠳᠤᠷ᠎ᠠ ᠦᠭᠡᠢ ᠲᠠᠲᠠᠭᠠᠯᠵᠠᠵᠤ᠂ ᠶᠧᠵᠢᠫᠲ ᠤᠷᠤᠭᠤ ᠰᠡᠳᠬᠢᠯ ᠨᠢ ᠪᠤᠴᠠᠨ ᠡᠷᠭᠢᠭᠡᠳ 40 ᠠᠷᠣᠨ ᠳᠤ᠄ 〈ᠪᠢᠳᠡᠨ ᠦ ᠡᠮᠦᠨ᠎ᠡ ᠶᠠᠪᠤᠬᠤ ᠪᠤᠷᠬᠠᠳ ᠢ ᠪᠦᠲᠦᠭᠡᠵᠦ ᠥᠭᠭᠥᠭᠡᠴᠢ᠂ ᠪᠢᠳᠡᠨ ᠢ ᠶᠧᠵᠢᠫᠲ ᠡᠴᠡ ᠭᠠᠷᠭᠠᠵᠤ ᠠᠪᠴᠢᠷᠠᠭᠰᠠᠨ ᠮᠣᠰᠧ ᠳᠤ ᠶᠠᠭᠤ ᠲᠣᠬᠢᠶᠠᠯᠳᠤᠭᠰᠠᠨ ᠢ ᠪᠢᠳᠡ ᠮᠡᠳᠡᠬᠦ ᠦᠭᠡᠢ ᠪᠠᠢᠨ᠎ᠠ〉 ᠭᠡᠵᠦ ᠬᠡᠯᠡᠵᠡᠢ᠃ 41 ᠲᠡᠷᠡ ᠡᠳᠦᠷ ᠤᠳ ᠲᠤ ᠲᠡᠳᠡ ᠲᠤᠭᠤᠯ ᠪᠦᠲᠦᠭᠡᠵᠦ᠂ ᠮᠥᠨ ᠲᠡᠷᠡ ᠰᠢᠲᠦᠭᠡᠨ ᠳᠡᠭᠡᠨ ᠲᠠᠬᠢᠯ ᠡᠷᠭᠦᠨ᠂ ᠥᠪᠡᠷᠰᠡᠳ ᠦᠨ ᠢᠶᠠᠨ ᠭᠠᠷ ᠢᠶᠠᠷ ᠬᠢᠭᠰᠡᠨ ᠶᠠᠭᠤᠮᠠᠨ ᠳᠠᠭᠠᠨ ᠪᠠᠶᠠᠷᠯᠠᠵᠠᠭᠠᠵᠤ ᠪᠠᠢᠯ᠎ᠠ᠃ 42 ᠡᠢᠮᠦ ᠡᠴᠡ ᠪᠤᠷᠬᠠᠨ ᠲᠡᠳᠡᠨ ᠡᠴᠡ ᠡᠷᠭᠢᠵᠦ᠂ ᠲᠡᠳᠡᠨ ᠢ ᠲᠩᠷᠢ ᠶᠢᠨ ᠡᠷᠬᠡᠰ ᠲᠦ ᠮᠥᠷᠭᠥᠳᠡᠭ ᠴᠢᠭ ᠢᠶᠠᠷ ᠨᠢ ᠣᠷᠬᠢᠪᠠ᠃ ᠡᠨᠡ ᠨᠢ ᠡᠰᠢ ᠦᠵᠡᠭᠦᠯᠦᠭᠴᠢᠳ ᠤᠨ ᠨᠣᠮ ᠳᠤ᠄ 〈ᠢᠰᠷᠧᠯ ᠤᠨ ᠬᠢᠨ ᠡ ᠲᠠ ᠨᠠᠷ ᠴᠥᠯ ᠳᠤ ᠳᠥᠴᠢᠨ ᠵᠢᠯ ᠪᠠᠢᠬᠤ ᠳᠠᠭᠠᠨ ᠨᠠᠳᠠ ᠳᠤ ᠯᠠ ᠵᠣᠯᠢᠶᠠᠰᠤᠨ ᠤ ᠡᠷᠭᠦᠯ᠂ ᠲᠠᠬᠢᠯ ᠲᠠᠯᠪᠢᠵᠤ ᠪᠠᠢᠭᠰᠠᠨ ᠤᠤ︖
43 ᠲᠠ ᠨᠠᠷ ᠪᠠᠰᠠ ᠥᠪᠡᠷᠰᠡᠳ ᠦᠨ ᠮᠥᠷᠭᠥᠯ ᠬᠢᠬᠦ ᠪᠡᠷ ᠪᠦᠲᠦᠭᠡᠭᠰᠡᠨ ᠬᠥᠷᠥᠭ ᠤᠳ᠂ ᠮᠣᠯᠣᠬᠠ ᠶᠢᠨ ᠮᠠᠢᠬᠠᠨ᠂ ᠷᠣᠮᠹᠠ ᠪᠤᠷᠬᠠᠨ ᠤ ᠪᠠᠨ ᠣᠳᠣ ᠵᠡᠷᠭᠡ ᠶᠢ ᠡᠭᠦᠷᠴᠦ ᠶᠠᠪᠤᠳᠠᠭ ᠪᠠᠢᠭᠰᠠᠨ᠂ ᠡᠢᠮᠦ ᠡᠴᠡ ᠪᠢ ᠲᠠ ᠨᠠᠷ ᠢ ᠪᠠᠪᠢᠯᠣᠨ ᠤ ᠴᠢᠨᠠᠳᠤ ᠤᠷᠤᠭᠤ ᠴᠥᠯᠡᠵᠦ ᠶᠠᠪᠤᠭᠤᠯᠤᠨ᠎ᠠ〉
ᠭᠡᠵᠦ ᠪᠢᠴᠢᠭᠳᠡᠭᠰᠡᠨ ᠲᠡᠢ ᠠᠳᠠᠯᠢ ᠶᠤᠮ᠃
44 ᠪᠢᠳᠡᠨ ᠦ ᠳᠡᠭᠡᠳᠦᠰ ᠴᠥᠯ ᠳᠤ ᠭᠡᠷᠡᠴᠢᠯᠡᠯ ᠦᠨ ᠮᠠᠢᠬᠠᠨ ᠲᠠᠢ ᠪᠠᠢᠵᠠᠢ᠃ ᠪᠤᠷᠬᠠᠨ ᠮᠣᠰᠧ ᠳᠤ ᠵᠠᠭᠪᠤᠷ ᠦᠵᠡᠭᠦᠯᠦᠨ ᠵᠢᠭᠠᠪᠤᠷᠢᠯᠠᠭᠰᠠᠨ ᠶᠣᠰᠣᠭᠠᠷ ᠲᠡᠷᠡ ᠮᠠᠢᠬᠠᠨ ᠪᠦᠲᠦᠭᠡᠭᠳᠡᠵᠡᠢ᠃ 45 ᠡᠭᠦᠨ ᠢ ᠮᠠᠨ ᠤ ᠳᠡᠭᠡᠳᠦᠰ ᠥᠪᠯᠡᠭᠰᠡᠨ᠂ ᠪᠤᠷᠬᠠᠨ ᠲᠡᠳᠡᠨ ᠦ ᠡᠮᠦᠨ᠎ᠡ ᠡᠴᠡ ᠬᠠᠷᠢᠴᠤᠳ ᠢ ᠬᠥᠭᠡᠭᠡᠭᠰᠡᠨ ᠦ ᠳᠠᠷᠠᠭ᠎ᠠ᠂ ᠶᠣᠱᠦ᠋ᠶ᠎ᠠ ᠲᠠᠢ ᠬᠠᠮᠲᠤ ᠬᠠᠷᠢᠴᠤᠳ ᠤᠨ ᠭᠠᠵᠠᠷ ᠢ ᠡᠵᠡᠯᠡᠬᠦ ᠦᠶ᠎ᠡ ᠳᠡᠭᠡᠨ ᠠᠪᠴᠢᠷᠠᠭᠠᠳ᠂ ᠡᠨᠡ ᠨᠢ ᠳ᠋ᠠᠸᠢᠳ᠋ ᠤᠨ ᠦᠶ᠎ᠡ ᠬᠦᠷᠲᠡᠯ᠎ᠡ ᠪᠠᠢᠵᠠᠢ᠃ 46 ᠪᠤᠷᠬᠠᠨ ᠤ ᠲᠠᠭᠠᠯᠠᠯ ᠢ ᠣᠯᠤᠭᠰᠠᠨ ᠳ᠋ᠠᠸᠢᠳ᠋ ᠶᠠᠺᠣᠪ ᠤᠨ ᠪᠤᠷᠬᠠᠨ ᠤ ᠣᠷᠣᠰᠢᠬᠤ ᠥᠷᠭᠥᠭᠡ ᠶᠢ ᠪᠡᠯᠡᠳᠬᠡᠶ᠎ᠡ ᠭᠡᠵᠦ ᠭᠤᠶᠤᠭᠰᠠᠨ ᠪᠣᠯᠪᠠᠴᠤ 47 ᠪᠤᠷᠬᠠᠨ ᠤ ᠥᠷᠭᠥᠭᠡ ᠶᠢ ᠰᠣᠯᠣᠮᠣᠨ ᠪᠠᠢᠭᠤᠯᠤᠭᠰᠠᠨ ᠶᠤᠮ᠃ 48 ᠭᠡᠪᠡᠴᠦ ᠬᠠᠮᠤᠭ ᠤᠨ ᠳᠡᠭᠡᠳᠦ ᠨᠢᠭᠡᠨ ᠨᠢ ᠬᠥᠮᠦᠨ ᠦ ᠭᠠᠷ ᠢᠶᠠᠷ ᠪᠦᠲᠦᠭᠡᠭᠰᠡᠨ ᠣᠷᠳᠣᠨ ᠳᠤ ᠣᠷᠣᠰᠢᠳᠠᠭ ᠪᠢᠰᠢ᠂ ᠡᠰᠢ ᠦᠵᠡᠭᠦᠯᠦᠭᠴᠢ᠄
49 〈ᠡᠵᠡᠨ ᠠᠢᠯᠠᠳᠴᠤ ᠪᠠᠢᠨ᠎ᠠ᠄ ᠲᠩᠷᠢ ᠪᠣᠯ ᠮᠢᠨᠦ ᠰᠡᠨᠲᠢ ᠭᠠᠵᠠᠷ ᠪᠣᠯ ᠮᠢᠨᠦ ᠬᠥᠯ ᠦᠨ ᠭᠢᠰᠬᠢᠭᠦᠷ ᠲᠠ ᠨᠠᠷ ᠮᠢᠨᠦ ᠲᠥᠯᠥᠭᠡ ᠶᠠᠮᠠᠷ ᠰᠢᠦ ᠥᠷᠭᠥᠭᠡ ᠪᠣᠰᠬᠠᠬᠤ ᠶᠤᠮ ᠪᠤᠢ︖ ᠠᠮᠠᠷᠠᠬᠤ ᠭᠠᠵᠠᠷ ᠮᠢᠨᠢ ᠬᠠᠮᠢᠭ᠎ᠠ ᠪᠠᠢᠬᠤ ᠶᠤᠮ ᠪᠤᠢ︖
50 ᠡᠨᠡ ᠪᠦᠬᠦᠨ ᠢ ᠮᠢᠨᠦ ᠮᠤᠲᠤᠷ ᠪᠦᠲᠦᠭᠡᠭᠰᠡᠨ ᠪᠢᠰᠢ ᠤᠤ︖〉 ᠭᠡᠰᠡᠨ ᠶᠤᠮ᠃
51 ᠬᠠᠲᠠᠭᠤ ᠬᠦᠵᠦᠭᠦᠦ ᠲᠠᠢ᠂ ᠬᠠᠷᠢᠴᠤᠳ ᠤᠨ ᠵᠢᠷᠦᠬᠡ ᠪᠠ ᠴᠢᠬᠢ ᠲᠠᠢ ᠬᠥᠮᠦᠰ ᠡ︕ ᠲᠠ ᠨᠠᠷ ᠳᠡᠭᠡᠳᠦᠰ ᠲᠡᠢ ᠪᠡᠨ ᠠᠳᠠᠯᠢ ᠪᠠᠷ ᠠᠷᠢᠭᠤᠨ ᠰᠦᠨᠡᠰᠦ ᠶᠢ ᠦᠷᠭᠦᠯᠵᠢ ᠡᠰᠡᠷᠭᠦᠴᠡᠵᠦ ᠪᠠᠢᠳᠠᠭ᠃ 52 ᠲᠠ ᠨᠠᠷ ᠤᠨ ᠳᠡᠭᠡᠳᠦᠰ ᠡᠰᠢ ᠦᠵᠡᠭᠦᠯᠦᠭᠴᠢᠳ ᠤᠨ ᠠᠯᠢ ᠶᠢ ᠨᠢ ᠬᠠᠪᠴᠢᠭᠠ ᠦᠭᠡᠢ ᠪᠤᠢ︖ ᠵᠥᠪᠲᠦ ᠬᠥᠮᠦᠨ ᠢᠷᠡᠨ᠎ᠡ ᠭᠡᠵᠦ ᠬᠡᠯᠡᠭᠰᠡᠨ ᠡᠰᠢ ᠦᠵᠡᠭᠦᠯᠦᠭᠴᠢᠳ ᠢ ᠲᠡᠳᠡ ᠠᠯᠠᠭᠰᠠᠨ ᠪᠣᠯ᠂ ᠥᠨᠥ ᠶᠢᠨ ᠲᠠ ᠨᠠᠷ ᠨᠥᠭᠥᠭᠡ ᠵᠥᠪᠲᠦ ᠬᠥᠮᠦᠨ ᠡᠴᠡ ᠤᠷᠪᠠᠵᠤ᠂ ᠲᠡᠭᠦᠨ ᠢ ᠬᠥᠨᠥᠭᠡᠭᠰᠡᠨ ᠶᠤᠮ᠃ 53 ᠲᠠ ᠨᠠᠷ ᠲᠩᠷᠢ ᠡᠯᠴᠢ ᠶᠢᠨ ᠳᠠᠮᠵᠢᠭᠤᠯᠵᠤ ᠥᠭᠭᠥᠭᠰᠡᠨ ᠬᠠᠤᠯᠢ ᠶᠢ ᠬᠦᠯᠢᠶᠡᠵᠦ ᠠᠪᠤᠭᠰᠠᠨ ᠪᠣᠯᠪᠠᠴᠤ ᠰᠠᠬᠢᠭ᠎ᠠ ᠦᠭᠡᠢ》 ᠭᠡᠵᠦ ᠬᠡᠯᠡᠪᠡ᠃
ᠭᠡᠷᠡᠴᠢᠯᠡᠵᠦ ᠦᠷᠡᠭᠳᠡᠭᠰᠡᠨ ᠨᠢ
54 ᠲᠡᠳᠡ ᠡᠳᠡᠭᠡᠷ ᠦᠭᠡ ᠶᠢ ᠰᠣᠨᠣᠰᠣᠭᠠᠳ ᠪᠠᠭᠲᠠᠷᠠᠲᠠᠯ᠎ᠠ ᠠᠭᠤᠷᠯᠠᠵᠤ᠂ ᠰᠲ᠋ᠧᠹᠠᠨ ᠤ ᠥᠭᠡᠳᠡ ᠡᠴᠡ ᠰᠢᠳᠦ ᠪᠡᠨ ᠬᠠᠪᠢᠷᠴᠤ ᠪᠠᠢᠯ᠎ᠠ᠃ 55 ᠬᠠᠷᠢᠨ ᠰᠲ᠋ᠧᠹᠠᠨ ᠠᠷᠢᠭᠤᠨ ᠰᠦᠨᠡᠰᠦ ᠪᠡᠷ ᠳᠦᠭᠦᠷᠴᠦ᠂ ᠲᠩᠷᠢ ᠥᠭᠡᠳᠡ ᠰᠢᠷᠲᠡᠨ ᠪᠤᠷᠬᠠᠨ ᠤ ᠠᠯᠳᠠᠷ ᠰᠤᠤ ᠪᠠ ᠪᠤᠷᠬᠠᠨ ᠤ ᠪᠠᠷᠠᠭᠤᠨ ᠲᠠᠯ᠎ᠠ ᠳᠤ ᠵᠣᠭᠰᠣᠵᠤ ᠪᠤᠢ ᠢᠰᠦ᠋ᠰ ᠢ ᠬᠠᠷᠠᠭᠠᠳ᠄ 56 《ᠦᠵᠡᠭᠲᠦᠨ︕ ᠲᠩᠷᠢ ᠨᠡᠭᠡᠭᠡᠭᠳᠡᠵᠦ ᠬᠥᠮᠦᠨ ᠦ ᠬᠦᠦ ᠪᠤᠷᠬᠠᠨ ᠤ ᠪᠠᠷᠠᠭᠤᠨ ᠲᠠᠯ᠎ᠠ ᠳᠤ ᠵᠣᠭᠰᠣᠵᠤ ᠪᠤᠢ ᠶᠢ ᠪᠢ ᠬᠠᠷᠠᠵᠤ ᠪᠠᠢᠨ᠎ᠠ》 ᠭᠡᠰᠡᠨ ᠳᠦ᠂ 57 ᠲᠡᠳᠡ ᠴᠢᠩᠭ᠍᠎ᠠ ᠳᠠᠭᠤᠨ ᠢᠶᠠᠷ ᠬᠠᠰᠬᠢᠷᠴᠤ᠂ ᠴᠢᠬᠢ ᠪᠠᠨ ᠪᠥᠭᠯᠡᠨ ᠲᠡᠭᠦᠨ ᠤᠷᠤᠭᠤ ᠵᠡᠷᠭᠡᠪᠡᠷ ᠳᠠᠭᠠᠷᠢᠵᠤ᠂ 58 ᠬᠣᠲᠠ ᠶᠢᠨ ᠭᠠᠳᠠᠨ᠎ᠠ ᠴᠢᠷᠴᠦ ᠭᠠᠷᠭᠠᠭᠠᠳ ᠴᠢᠯᠠᠭᠤ ᠪᠠᠷ ᠴᠣᠬᠢᠵᠤ ᠡᠬᠢᠯᠡᠪᠡ᠃ ᠥᠨᠥᠬᠢ ᠭᠡᠷᠡᠴᠢᠯᠡᠭᠴᠢᠳ ᠬᠤᠪᠴᠠᠰᠤ ᠪᠠᠨ ᠲᠠᠢᠯᠵᠤ ᠰᠠᠦ᠋ᠯ ᠭᠡᠳᠡᠭ ᠵᠠᠯᠠᠭᠤ ᠶᠢᠨ ᠬᠥᠯ ᠦᠨ ᠡᠮᠦᠨ᠎ᠡ ᠲᠠᠯᠪᠢᠪᠠ᠃ 59 ᠲᠡᠳᠡ ᠨᠠᠷ ᠴᠢᠯᠠᠭᠤ ᠪᠠᠷ ᠴᠣᠬᠢᠵᠤ ᠪᠠᠢᠬᠤ ᠳᠤ᠂ ᠰᠲ᠋ᠧᠹᠠᠨ ᠡᠵᠡᠨ ᠢ ᠳᠠᠭᠤᠳᠠᠨ᠄ 《ᠡᠵᠡᠨ ᠢᠰᠦ᠋ᠰ ᠮᠢᠨᠢ ᠡ᠂ ᠰᠦᠨᠡᠰᠦ ᠶᠢ ᠮᠢᠨᠢ ᠬᠦᠯᠢᠶᠡᠨ ᠠᠪᠤᠭᠠᠴᠢ︕》 ᠭᠡᠳ 60 ᠰᠥᠭᠥᠳᠴᠦ ᠴᠢᠩᠭ᠍᠎ᠠ ᠳᠠᠭᠤᠨ ᠢᠶᠠᠷ ᠬᠠᠰᠬᠢᠷᠤᠨ᠄ 《ᠡᠵᠡᠨ ᠡ᠂ ᠡᠨᠡ ᠨᠢᠭᠦᠯ ᠢ ᠲᠡᠳᠡ ᠨᠠᠷ ᠲᠤ ᠪᠦᠦ ᠤᠨᠤᠭᠠᠭᠠᠴᠢ︕》 ᠭᠡᠵᠦ ᠬᠡᠯᠡᠭᠡᠳ ᠨᠣᠢᠷᠰᠣᠪᠠ᠃