1 2 3 4 5 6 7 8 9 10 11 12 13 14 15 16 17 18 19 20 21 22 23 24 25 26 27 28


ᠦᠢᠯᠡᠰ ᠬᠣᠷᠢᠨ ᠳᠥᠷᠪᠡ
 ᠶᠦᠳᠠᠢᠴᠤᠳ ᠤᠨ ᠪᠤᠷᠤᠭᠤᠳᠬᠠᠯ ᠪᠠ ᠫᠠᠦ᠋ᠯ ᠤᠨ ᠥᠮᠥᠭᠯᠡᠯ

1 ᠲᠠᠪᠤᠨ ᠡᠳᠦᠷ ᠦᠨ ᠳᠠᠷᠠᠭ᠎ᠠ᠂ ᠲᠡᠷᠢᠭᠦᠨ ᠲᠠᠬᠢᠯᠴᠢ ᠠᠨᠠᠨᠢᠶ᠎ᠠ ᠬᠡᠳᠦᠨ ᠠᠬᠠᠯᠠᠭᠴᠢ ᠪᠠ ᠲᠧᠷᠲ᠋ᠦ᠋ᠯ ᠭᠡᠭᠴᠢ ᠬᠠᠤᠯᠢᠴᠢ ᠲᠠᠢ ᠬᠠᠮᠲᠤ ᠢᠷᠡᠪᠡ᠂ ᠲᠡᠳᠡ ᠵᠠᠬᠢᠷᠤᠭᠴᠢ ᠳᠤ ᠫᠠᠦ᠋ᠯ ᠢ ᠵᠠᠭᠠᠯᠳᠤᠵᠠᠢ᠃ 2 ᠫᠠᠦ᠋ᠯ ᠢ ᠳᠠᠭᠤᠳᠠᠨ ᠠᠪᠴᠢᠷᠠᠭᠰᠠᠨ ᠳᠤ᠂ ᠲᠧᠷᠲ᠋ᠦ᠋ᠯ ᠵᠠᠭᠠᠯᠳᠤᠵᠤ ᠡᠬᠢᠯᠡᠨ᠄ 3 《ᠡᠷᠬᠢᠮ ᠬᠦᠨᠳᠦᠲᠦ ᠹᠧᠯᠢᠺᠰ ᠡ︕ ᠪᠢᠳᠡ ᠲᠠᠨ ᠤ ᠠᠴᠢ ᠪᠠᠷ ᠶᠡᠬᠡ ᠠᠮᠤᠷ ᠲᠠᠢᠪᠤᠩ ᠢ ᠡᠳ᠋ᠯᠡᠵᠦ᠂ ᠲᠠᠨ ᠤ ᠬᠣᠯᠠᠴᠢ ᠤᠬᠠᠭᠠᠨ ᠢᠶᠠᠷ ᠡᠨᠡ ᠤᠯᠤᠰ ᠠᠮᠵᠢᠯᠲᠠ ᠣᠯᠣᠭᠰᠠᠨ ᠢ ᠬᠡᠵᠢᠶ᠎ᠡ ᠴᠤ ᠬᠠᠮᠢᠭ᠎ᠠ ᠴᠤ ᠰᠠᠨᠠᠨ ᠲᠠᠨ ᠳᠤ ᠬᠠᠮᠤᠭ ᠲᠠᠯᠠᠷᠬᠠᠯ ᠢᠶᠠᠨ ᠢᠯᠡᠷᠬᠡᠶᠢᠯᠡᠶ᠎ᠡ᠃ 4 ᠲᠠᠨ ᠳᠤ ᠰᠠᠭᠠᠳ ᠦᠯᠦ ᠤᠴᠠᠷᠠᠭᠤᠯᠬᠤ ᠶᠢᠨ ᠲᠤᠯᠠᠳᠠ ᠪᠢᠳᠡᠨ ᠦ ᠲᠣᠪᠴᠢᠯᠠᠨ ᠬᠡᠯᠡᠬᠦ ᠦᠭᠡ ᠶᠢ ᠥᠷᠥᠰᠢᠶᠡᠵᠦ ᠰᠣᠨᠣᠰᠬᠤ ᠶᠢ ᠭᠤᠶᠤᠶ᠎ᠠ᠃ 5 ᠡᠨᠡ ᠬᠥᠮᠦᠨ ᠪᠣᠯ ᠬᠢᠵᠢᠭ᠂ ᠪᠦᠬᠦ ᠳᠡᠯᠡᠬᠡᠢ ᠶᠢᠨ ᠶᠦᠳᠠᠢᠴᠤᠳ ᠤᠨ ᠳᠤᠮᠳᠠ ᠪᠣᠰᠣᠯᠭ᠎ᠠ ᠭᠠᠷᠭᠠᠭᠴᠢ ᠪᠥᠭᠡᠳ ᠨᠠᠽᠠᠷᠧᠲ᠋ᠴᠤᠳ ᠭᠡᠭᠴᠢ ᠲᠡᠷᠰ ᠪᠦᠯᠦᠭ ᠦᠨ ᠲᠣᠯᠣᠭᠠᠢᠯᠠᠭᠴᠢ ᠭᠡᠳᠡᠭ ᠢ ᠪᠢᠳᠡ ᠣᠯᠵᠤ ᠮᠡᠳᠡᠭᠰᠡᠨ᠃ 6 ᠲᠡᠷᠡ ᠠᠷᠢᠭᠤᠨ ᠣᠷᠳᠣᠨ ᠢ ᠬᠦᠷᠲᠡᠯ᠎ᠡ ᠪᠤᠵᠠᠷᠯᠠᠬᠤ ᠭᠡᠰᠡᠨ ᠲᠤᠯᠠ ᠪᠢᠳᠡ ᠲᠡᠭᠦᠨ ᠢ ᠪᠠᠷᠢᠭᠰᠠᠨ ᠶᠤᠮ᠃ 7 24 8 ᠲᠠ ᠥᠪᠡᠷ ᠢᠶᠡᠨ ᠲᠡᠭᠦᠨ ᠢ ᠪᠠᠢᠴᠠᠭᠠᠵᠤ ᠦᠵᠡᠪᠡᠯ ᠪᠢᠳᠡᠨ ᠦ ᠵᠠᠭᠠᠯᠳᠤᠵᠤ ᠪᠠᠢᠭ᠎ᠠ ᠪᠦᠬᠦ ᠤᠴᠢᠷ ᠢ ᠯᠠᠪ ᠣᠢᠯᠠᠭᠠᠬᠤ ᠪᠣᠯᠣᠨ᠎ᠠ》 ᠭᠡᠯ᠎ᠡ᠃

9 ᠶᠦᠳᠠᠢᠴᠤᠳ ᠴᠤ᠄ 《ᠨᠡᠭᠡᠷᠡᠨ ᠲᠡᠢᠮᠦ ᠶᠤᠮ》 ᠭᠡᠵᠦ ᠬᠣᠰᠢᠭᠤ ᠨᠡᠮᠡᠵᠦ ᠪᠠᠲᠤᠯᠠᠪᠠ᠃

10 ᠵᠠᠬᠢᠷᠤᠭᠴᠢ ᠪᠠᠷ ᠫᠠᠦ᠋ᠯ ᠢ ᠶᠠᠷᠢᠭᠤᠯᠬᠤ ᠪᠠᠷ ᠲᠣᠯᠣᠭᠠᠢ ᠳᠣᠬᠢᠭᠰᠠᠨ ᠳᠤ᠂ ᠲᠡᠷᠡ᠄ 《ᠣᠯᠠᠨ ᠵᠢᠯ ᠤᠨ ᠲᠤᠷᠰᠢ ᠲᠠ ᠡᠨᠡ ᠤᠯᠤᠰ ᠲᠤ ᠵᠠᠷᠭᠤ ᠰᠢᠭᠦᠭᠴᠢ ᠪᠠᠢᠭᠰᠠᠭᠠᠷ ᠢᠷᠡᠭᠰᠡᠨ ᠢ ᠪᠢ ᠰᠠᠨᠠᠨ᠂ ᠤᠷᠮ᠎ᠠ ᠲᠠᠢ ᠪᠠᠷ ᠥᠪᠡᠷ ᠢ ᠪᠠᠨ ᠥᠮᠥᠭᠯᠡᠶ᠎ᠡ᠃ 11 ᠪᠢ ᠶᠧᠷᠦ᠋ᠰᠠᠯᠧᠮ ᠳᠤ ᠮᠥᠷᠭᠥᠬᠦ ᠪᠡᠷ ᠣᠴᠢᠭᠰᠠᠨ ᠠᠴᠠ ᠨᠠᠰᠢ ᠠᠷᠪᠠᠨ ᠬᠣᠶᠠᠷ ᠠᠴᠠ ᠢᠯᠡᠭᠦᠦ ᠬᠣᠨᠣᠭ᠎ᠠ ᠦᠭᠡᠢ ᠶᠢ ᠲᠠ ᠯᠠᠪᠯᠠᠪᠠᠯ ᠮᠡᠳᠡᠵᠦ ᠪᠣᠯᠣᠨ᠎ᠠ᠃ 12 ᠠᠷᠢᠭᠤᠨ ᠣᠷᠳᠣᠨ ᠳᠤ ᠬᠡᠨ ᠨᠢᠭᠡᠨ ᠲᠡᠢ ᠮᠠᠷᠭᠤᠯᠳᠤᠵᠤ ᠪᠠᠢᠭᠰᠠᠨ ᠢ ᠮᠢᠨᠢ᠂ ᠬᠤᠷᠠᠯ ᠤᠨ ᠲᠠᠩᠬᠢᠮ ᠳᠤ᠂ ᠡᠰᠡᠬᠦᠯ᠎ᠡ ᠬᠣᠲᠠ ᠶᠢᠨ ᠥᠭᠡᠷ᠎ᠡ ᠭᠠᠵᠠᠷ ᠲᠤ᠂ ᠣᠯᠠᠨ ᠬᠥᠮᠦᠨ ᠢ ᠥᠳᠥᠭᠡᠵᠦ ᠪᠠᠢᠭᠰᠠᠨ ᠢ ᠮᠢᠨᠢ ᠴᠤ ᠲᠡᠳᠡ ᠦᠵᠡᠵᠦ ᠪᠠᠢᠭ᠎ᠠ ᠦᠭᠡᠢ ᠶᠤᠮ᠃ 13 ᠲᠡᠳᠡ ᠣᠳᠣ ᠨᠠᠮᠠᠶᠢ ᠵᠠᠭᠠᠯᠳᠤᠵᠤ ᠪᠠᠢᠭ᠎ᠠ ᠴᠤ᠂ ᠲᠠᠨ ᠳᠤ ᠨᠣᠲᠠᠯᠠᠬᠤ ᠪᠠᠷᠢᠮᠲᠠ ᠥᠭᠴᠦ ᠴᠢᠳᠠᠬᠤ ᠦᠭᠡᠢ ᠪᠠᠢᠨ᠎ᠠ᠃ 14 ᠣᠳᠣ ᠪᠢ ᠲᠠᠨ ᠳᠤ ᠨᠢᠭᠡ ᠵᠦᠢᠯ ᠢ ᠲᠣᠳᠣᠷᠬᠠᠢᠯᠠᠶ᠎ᠠ᠃ ᠲᠡᠳᠡᠨ ᠦ ᠲᠡᠷᠰ ᠪᠦᠯᠦᠭ ᠭᠡᠵᠦ ᠬᠡᠯᠡᠳᠡᠭ ᠡᠨᠡ ᠵᠠᠮ ᠢᠶᠠᠷ ᠪᠢ ᠳᠡᠭᠡᠳᠦᠰ ᠦᠨ ᠢᠶᠠᠨ ᠪᠤᠷᠬᠠᠨ ᠳᠤ ᠦᠢᠯᠡᠴᠢᠯᠡᠳᠡᠭ᠌᠂ ᠮᠥᠨ ᠴᠤ ᠬᠠᠤᠯᠢ ᠪᠠ ᠡᠰᠢ ᠦᠵᠡᠭᠦᠯᠦᠭᠴᠢᠳ ᠤᠨ ᠨᠣᠮ ᠳᠤ ᠪᠢᠴᠢᠭᠳᠡᠭᠰᠡᠨ ᠪᠦᠬᠦᠨ ᠳᠦ ᠢᠲᠡᠭᠡᠳᠡᠭ ᠪᠥᠭᠡᠳ 15 ᠵᠥᠪᠲᠦ ᠪᠠ ᠪᠤᠷᠤᠭᠤᠲᠤ ᠬᠥᠮᠦᠰ ᠪᠦᠭᠦᠳᠡᠭᠡᠷ ᠢᠶᠡᠨ ᠠᠮᠢᠯᠠᠨ᠎ᠠ ᠭᠡᠵᠦ ᠲᠡᠳᠡᠨ ᠦ ᠨᠠᠢᠳᠠᠳᠠᠭᠴᠢᠯᠠᠨ ᠪᠢ ᠴᠤ ᠪᠤᠷᠬᠠᠨ ᠳᠤ ᠡᠷᠡᠮᠡᠯᠵᠡᠯ ᠲᠠᠯᠪᠢᠳᠠᠭ᠃ 16 ᠡᠢᠮᠦ ᠡᠴᠡ ᠪᠢ ᠪᠤᠷᠬᠠᠨ ᠪᠠ ᠬᠥᠮᠦᠰ ᠦᠨ ᠡᠮᠦᠨ᠎ᠡ ᠭᠡᠮ ᠵᠢᠮ ᠦᠭᠡᠢ ᠮᠥᠰᠥ ᠴᠢᠨᠠᠷ ᠲᠠᠢ ᠪᠠᠢᠬᠤ ᠶᠢ ᠦᠷᠭᠦᠯᠵᠢ ᠬᠢᠴᠢᠶᠡᠳᠡᠭ ᠪᠢᠯᠡ᠃ 17 ᠣᠯᠠᠨ ᠵᠢᠯ ᠤᠨ ᠳᠠᠷᠠᠭ᠎ᠠ᠂ ᠪᠢ ᠠᠷᠠᠳ ᠲᠦᠮᠡᠨ ᠳᠡᠭᠡᠨ ᠥᠭᠯᠢᠭᠡ ᠥᠭᠴᠦ᠂ ᠪᠤᠷᠬᠠᠨ ᠳᠤ ᠡᠷᠭᠦᠯ ᠡᠷᠭᠦᠶ᠎ᠡ ᠭᠡᠵᠦ ᠪᠤᠴᠠᠵᠤ ᠢᠷᠡᠭᠰᠡᠨ ᠪᠢᠯᠡ᠃ 18 ᠪᠢ ᠠᠷᠢᠭᠤᠨ ᠣᠷᠳᠣᠨ ᠤ ᠳᠣᠲᠣᠷ᠎ᠠ ᠴᠡᠪᠡᠷᠰᠢᠬᠦ ᠶᠣᠰᠣᠯᠠᠯ ᠢᠶᠠᠨ ᠭᠦᠢᠴᠡᠭᠡᠭᠰᠡᠨ ᠦ ᠳᠠᠷᠠᠭ᠎ᠠ᠂ ᠡᠷᠭᠦᠯ ᠡᠷᠭᠦᠵᠦ ᠪᠠᠢᠬᠤ ᠳᠤ ᠲᠡᠳᠡ ᠨᠠᠮᠠᠶᠢ ᠬᠠᠷᠠᠵᠠᠢ᠃ ᠲᠡᠨᠳᠡ ᠴᠤᠭᠯᠠᠷᠠᠭᠰᠠᠨ ᠬᠥᠮᠦᠰ ᠴᠤ ᠦᠭᠡᠢ᠂ ᠦᠢᠮᠡᠭᠡᠨ ᠴᠤ ᠦᠭᠡᠢ᠂ 19 ᠬᠠᠷᠢᠨ ᠠᠽᠢᠶ᠎ᠠ ᠮᠤᠵᠢ ᠡᠴᠡ ᠢᠷᠡᠭᠰᠡᠨ ᠬᠡᠰᠡᠭ ᠶᠦᠳᠠᠢᠴᠤᠳ ᠯᠠ ᠪᠠᠢᠭᠰᠠᠨ᠃ ᠬᠡᠷᠪᠡ ᠲᠡᠳᠡᠨ ᠳᠦ ᠨᠠᠮᠠᠶᠢ ᠡᠰᠡᠷᠭᠦᠴᠡᠬᠦ ᠵᠦᠢᠯ ᠪᠠᠢᠭᠰᠠᠨ ᠪᠣᠯ ᠥᠪᠡᠷᠰᠡᠳ ᠢᠶᠡᠨ ᠲᠠᠨ ᠳᠤ ᠢᠷᠡᠵᠦ ᠵᠠᠭᠠᠯᠳᠤᠬᠤ ᠪᠠᠢᠭᠰᠠᠨ᠃ 20 ᠡᠰᠡᠬᠦᠯ᠎ᠡ ᠨᠠᠮᠠᠶᠢ ᠰᠢᠭᠦᠬᠦ ᠵᠥᠪᠯᠡᠯ ᠦᠨ ᠡᠮᠦᠨ᠎ᠡ ᠵᠣᠭᠰᠣᠵᠤ ᠪᠠᠢᠬᠤ ᠳᠤ᠂ ᠨᠠᠳᠠ ᠠᠴᠠ ᠶᠠᠮᠠᠷ ᠨᠢᠭᠡᠨ ᠪᠤᠷᠤᠭᠤ ᠶᠢ ᠣᠯᠣᠭᠠᠳ ᠥᠪᠡᠷᠰᠡᠳ ᠢᠶᠡᠨ ᠲᠠᠨ ᠳᠤ ᠬᠡᠯᠡᠬᠦ ᠪᠠᠢᠭᠰᠠᠨ᠃ 21 ᠪᠢ ᠲᠡᠳᠡᠨ ᠦ ᠳᠤᠮᠳᠠ ᠵᠣᠭᠰᠣᠵᠤ ᠪᠠᠢᠬᠤ ᠳᠠᠭᠠᠨ᠄ 〈ᠪᠢ ᠥᠨᠥᠳᠥᠷ ᠦᠬᠦᠭᠰᠡᠳ ᠦᠨ ᠠᠮᠢᠯᠠᠯᠲᠠ ᠶᠢᠨ ᠲᠠᠯ᠎ᠠ ᠪᠠᠷ ᠲᠠ ᠨᠠᠷ ᠤᠨ ᠡᠮᠦᠨ᠎ᠡ ᠰᠢᠭᠦᠭᠳᠡᠵᠦ ᠪᠠᠢᠨ᠎ᠠ〉 ᠭᠡᠵᠦ ᠯᠠ ᠬᠠᠰᠬᠢᠷᠤᠭᠰᠠᠨ ᠲᠡᠳᠦᠢ ᠶᠤᠮ》 ᠭᠡᠵᠦ ᠶᠠᠷᠢᠯ᠎ᠠ᠃

22 ᠡᠨᠡ ᠵᠠᠮ ᠤᠨ ᠲᠠᠯ᠎ᠠ ᠪᠠᠷ ᠹᠧᠯᠢᠺᠰ ᠨᠠᠷᠢᠨ ᠮᠡᠳᠡᠳᠡᠭ ᠪᠣᠯᠪᠠᠴᠤ 《ᠮᠢᠩ᠋ᠭᠠᠲᠤ ᠶᠢᠨ ᠳᠠᠷᠤᠭ᠎ᠠ ᠯᠦᠰᠢᠶ᠎ᠠ ᠢᠷᠡᠪᠡᠯ ᠲᠠ ᠨᠠᠷ ᠤᠨ ᠬᠡᠷᠡᠭ ᠢ ᠰᠢᠢᠳᠪᠦᠷᠢᠯᠡᠶ᠎ᠡ》 ᠬᠡᠮᠡᠨ ᠰᠢᠭᠦᠬᠦ ᠪᠡᠨ ᠬᠣᠢᠰᠢᠯᠠᠭᠤᠯᠵᠠᠢ᠃ 23 ᠲᠡᠷᠡ ᠵᠠᠭᠤᠲᠤ ᠶᠢᠨ ᠳᠠᠷᠤᠭ᠎ᠠ ᠳᠤ ᠲᠤᠰᠢᠶᠠᠨ ᠫᠠᠦ᠋ᠯ ᠢ ᠬᠣᠷᠢᠬᠤ ᠳᠠᠭᠠᠨ ᠴᠢᠯᠥᠭᠡ ᠲᠠᠢ ᠪᠠᠢᠯᠭᠠᠵᠤ᠂ ᠨᠠᠢᠵᠠ ᠨᠥᠬᠥᠳ ᠨᠢ ᠢᠷᠡᠵᠦ ᠲᠤᠰᠠᠯᠠᠬᠤ ᠶᠢ ᠪᠢᠲᠡᠭᠡᠢ ᠬᠣᠷᠢᠭᠯᠠ ᠭᠡᠪᠡ᠃

24 ᠬᠡᠳᠦᠨ ᠡᠳᠦᠷ ᠦᠨ ᠳᠠᠷᠠᠭ᠎ᠠ᠂ ᠹᠧᠯᠢᠺᠰ ᠥᠪᠡᠷ ᠦᠨ ᠡᠬᠡᠨᠡᠷ ᠶᠦᠳᠠᠢ ᠪᠦᠰᠡᠭᠦᠢ ᠳ᠋ᠷᠦ᠋ᠰᠢᠯᠠ ᠲᠠᠢ ᠪᠠᠨ ᠬᠠᠮᠲᠤ ᠢᠷᠡᠭᠡᠳ ᠫᠠᠦ᠋ᠯ ᠢ ᠳᠠᠭᠤᠳᠠᠭᠤᠯᠵᠤ᠂ ᠾᠷᠢᠰᠲ᠋ᠣᠰ ᠢᠰᠦ᠋ᠰ ᠲᠤ ᠢᠲᠡᠭᠡᠬᠦ ᠢᠲᠡᠭᠡᠯ ᠦᠨ ᠲᠠᠯ᠎ᠠ ᠪᠠᠷ ᠰᠣᠨᠣᠰᠪᠠ᠃ 25 ᠫᠠᠦ᠋ᠯ ᠵᠥᠪᠲᠦ ᠪᠠᠢᠳᠠᠯ᠂ ᠪᠡᠶ᠎ᠡ ᠪᠡᠨ ᠵᠠᠬᠢᠷᠬᠤ ᠬᠡᠷᠡᠭ ᠪᠣᠯᠣᠨ ᠬᠣᠵᠢᠮ ᠪᠣᠯᠬᠤ ᠰᠢᠭᠦᠯᠲᠡ ᠶᠢᠨ ᠲᠤᠬᠠᠢ ᠰᠤᠷᠭᠠᠮᠵᠢᠯᠠᠭᠰᠠᠨ ᠳᠤ᠂ ᠹᠧᠯᠢᠺᠰ ᠠᠶᠤᠵᠤ᠄ 《ᠣᠳᠣ ᠪᠣᠯᠣᠯ᠎ᠠ︕ ᠴᠢ ᠶᠠᠪᠤᠵᠤ ᠪᠣᠯᠣᠨ᠎ᠠ᠂ ᠵᠠᠪ ᠲᠠᠢ ᠦᠶ᠎ᠡ ᠳᠡᠭᠡᠨ ᠪᠢ ᠴᠢᠮᠠᠶᠢ ᠳᠠᠭᠤᠳᠠᠶ᠎ᠠ》 ᠭᠡᠵᠡᠢ᠃ 26 ᠹᠧᠯᠢᠺᠰ ᠪᠠᠰᠠ ᠫᠠᠦ᠋ᠯ ᠡᠴᠡ ᠵᠣᠭᠣᠰ ᠮᠥᠩᠭᠥ ᠣᠯᠬᠤ ᠶᠢ ᠭᠣᠷᠢᠳᠠᠨ ᠲᠡᠭᠦᠨ ᠢ ᠪᠠᠢᠨ ᠳᠠᠬᠢᠨ ᠳᠠᠭᠤᠳᠠᠨ ᠶᠠᠷᠢᠯᠴᠠᠳᠠᠭ ᠪᠠᠢᠯ᠎ᠠ᠃ 27 ᠬᠣᠶᠠᠷ ᠵᠢᠯ ᠪᠣᠯᠣᠭᠰᠠᠨ᠎ᠠ᠂ ᠹᠧᠯᠢᠺᠰ ᠤᠨ ᠲᠤᠰᠢᠶᠠᠯ ᠳᠤ ᠫᠣᠷᠺᠢᠣ᠋ ᠹᠧᠰᠲ ᠭᠠᠷᠴᠠᠢ᠃ ᠹᠧᠯᠢᠺᠰ ᠶᠦᠳᠠᠢᠴᠤᠳ ᠲᠤ ᠲᠠᠯ᠎ᠠ ᠵᠠᠰᠠᠬᠤ ᠶᠢ ᠬᠦᠰᠡᠨ ᠫᠠᠦ᠋ᠯ ᠢ ᠬᠣᠷᠢᠭᠰᠠᠭᠠᠷ ᠪᠠᠢᠪᠠ᠃