1 2 3 4 5 6 7 8 9 10 11 12 13 14 15 16 17 18 19 20 21 22 23 24 25 26 27 28


ᠦᠢᠯᠡᠰ ᠬᠣᠷᠢᠨ ᠳᠣᠯᠣᠭ᠎ᠠ
 ᠷᠣᠮᠠ ᠳᠤ ᠬᠦᠷᠬᠦ ᠣᠩ᠋ᠭᠣᠴᠠᠨ ᠳᠤ ᠭᠠᠷᠤᠭᠰᠠᠨ ᠨᠢ

1 ᠪᠢᠳᠡᠨ ᠢ ᠢᠲ᠋ᠠᠯᠢ ᠤᠷᠤᠭᠤ ᠣᠩ᠋ᠭᠣᠴᠠ ᠪᠠᠷ ᠶᠠᠪᠤᠭᠤᠯᠬᠤ ᠰᠢᠢᠳᠪᠦᠷᠢ ᠭᠠᠷᠴᠤ᠂ ᠲᠡᠳᠡ ᠫᠠᠦ᠋ᠯ ᠪᠣᠯᠣᠨ ᠬᠡᠳᠦᠨ ᠬᠣᠷᠢᠭᠳᠠᠯ ᠢ ᠡᠵᠡᠨ ᠬᠠᠭᠠᠨ ᠤ ᠴᠡᠷᠢᠭ ᠤᠨ ᠵᠠᠭᠤᠲᠤ ᠶᠢᠨ ᠳᠠᠷᠤᠭ᠎ᠠ ᠶᠦᠯᠢ ᠳᠤ ᠲᠤᠰᠢᠶᠠᠵᠠᠢ᠃ 2 ᠠᠳ᠋ᠷᠠᠮᠦ᠋ᠲ ᠠᠴᠠ ᠢᠷᠡᠭᠡᠳ ᠠᠽᠢᠶ᠎ᠠ ᠮᠤᠵᠢ ᠶᠢᠨ ᠡᠷᠭᠢ ᠬᠠᠪᠢ ᠪᠠᠷ ᠶᠠᠪᠤᠬᠤ ᠭᠡᠵᠦ ᠪᠠᠢᠭᠰᠠᠨ ᠣᠩ᠋ᠭᠣᠴᠠᠨ ᠳᠤ ᠪᠢᠳᠡ ᠰᠠᠭᠤᠭᠠᠳ ᠶᠠᠪᠤᠯ᠎ᠠ᠃ ᠲᠧᠰᠠᠯᠦ᠋ᠨᠢᠺ ᠤᠨ ᠮᠠᠺᠧᠳᠣᠨᠢᠶ᠎ᠠ ᠬᠥᠮᠦᠨ ᠠᠷᠢᠰᠲ᠋ᠠᠷᠺ ᠪᠢᠳᠡᠨ ᠲᠡᠢ ᠬᠠᠮᠲᠤ ᠪᠠᠢᠯ᠎ᠠ᠃ 3 ᠮᠠᠷᠭᠠᠰᠢ ᠨᠢ ᠪᠢᠳᠡ ᠰᠢᠢᠳᠣᠨ ᠳᠤ ᠬᠦᠷᠦᠭᠰᠡᠨ᠃ ᠶᠦᠯᠢ ᠫᠠᠦ᠋ᠯ ᠳᠤ ᠰᠠᠢᠬᠠᠨ ᠬᠠᠨᠳᠤᠵᠤ᠂ ᠨᠠᠢᠵᠠ ᠨᠥᠬᠥᠳ ᠳᠡᠭᠡᠷ᠎ᠡ ᠪᠡᠨ ᠣᠴᠢᠨ ᠠᠰᠠᠷᠠᠭᠤᠯᠬᠤ ᠶᠢ ᠨᠢ ᠵᠥᠪᠰᠢᠶᠡᠷᠡᠪᠡ᠃ 4 ᠲᠡᠨᠳᠡ ᠡᠴᠡ ᠶᠠᠪᠤᠬᠤ ᠳᠤ᠂ ᠰᠠᠯᠬᠢ ᠡᠰᠡᠷᠭᠦ ᠪᠠᠢᠭᠰᠠᠨ ᠲᠤᠯᠠ ᠪᠢᠳᠡ ᠰᠠᠢᠫᠷᠦ᠋ᠰ ᠠᠷᠠᠯ ᠢ ᠨᠥᠮᠥᠷᠢᠳᠡᠨ ᠠᠶᠠᠯᠠᠭᠰᠠᠭᠠᠷ᠂ 5 ᠺᠢᠯᠢᠺᠢᠶ᠎ᠠ ᠪᠠ ᠫᠠᠮᠹᠦ᠋ᠯᠢᠶ᠎ᠠ ᠶᠢᠨ ᠡᠮᠦᠨᠡᠭᠦᠷ ᠥᠩᠭᠡᠷᠡᠵᠦ᠂ ᠯᠦᠺᠢᠶ᠎ᠠ ᠶᠢᠨ ᠮᠦᠷᠠ ᠳᠤ ᠬᠦᠷᠦᠯ᠎ᠡ᠃ 6 ᠵᠠᠭᠤᠲᠤ ᠶᠢᠨ ᠳᠠᠷᠤᠭ᠎ᠠ ᠲᠡᠨᠳᠡ ᠡᠴᠡ ᠢᠲ᠋ᠠᠯᠢ ᠤᠷᠤᠭᠤ ᠶᠠᠪᠤᠭ᠎ᠠ ᠠᠯᠧᠺᠰᠠᠨᠳ᠋ᠧᠷᠢᠶ᠎ᠠ ᠶᠢᠨ ᠣᠩ᠋ᠭᠣᠴᠠ ᠶᠢ ᠣᠯᠣᠭᠠᠳ ᠪᠢᠳᠡᠨ ᠢ ᠰᠠᠭᠤᠯᠭᠠᠵᠠᠢ᠃ 7 ᠣᠯᠠᠨ ᠬᠣᠨᠣᠭ ᠤᠨ ᠲᠤᠷᠰᠢ ᠣᠩ᠋ᠭᠣᠴᠠ ᠠᠯᠭᠤᠷᠬᠠᠨ ᠶᠠᠪᠤᠭᠰᠠᠭᠠᠷ ᠠᠷᠠᠢ ᠭᠡᠵᠦ ᠺᠧᠨᠢᠳ᠋ ᠤᠨ ᠴᠢᠨᠠᠳᠤ ᠲᠠᠯ᠎ᠠ ᠳᠤ ᠬᠦᠷᠦᠭᠡᠳ ᠰᠠᠯᠬᠢᠨ ᠳᠤ ᠬᠠᠰᠢᠭᠳᠠᠭᠰᠠᠨ ᠲᠤᠯᠠ ᠪᠢᠳᠡ ᠺᠷᠧᠲ᠋ᠠ ᠠᠷᠠᠯ ᠢᠶᠠᠷ ᠨᠥᠮᠥᠷᠢᠳᠡᠨ ᠰᠠᠯᠮᠣᠨᠧ ᠶᠢᠨ ᠡᠮᠦᠨᠡᠭᠦᠷ ᠥᠩᠭᠡᠷᠡᠪᠡ᠃ 8 ᠡᠷᠭᠢ ᠶᠢ ᠳᠠᠭᠠᠨ ᠯᠠᠰᠠᠶ᠎ᠠ ᠲᠣᠰᠬᠣᠨ ᠤ ᠣᠢᠷᠠᠯᠴᠠᠭᠠᠬᠢ ᠰᠠᠢᠬᠠᠨ ᠭᠠᠷᠠᠮ ᠭᠡᠬᠦ ᠭᠠᠵᠠᠷ ᠲᠤ ᠬᠦᠷᠴᠡᠢ᠃

9 ᠣᠯᠠᠨ ᠬᠣᠨᠣᠭ ᠶᠠᠪᠤᠵᠤ᠂ ᠨᠠᠮᠤᠷ ᠤᠨ ᠪᠠᠴᠠᠭ ᠪᠠᠷᠢᠬᠤ ᠤᠯᠠᠷᠢᠯ ᠴᠤ ᠥᠩᠭᠡᠷᠡᠭᠰᠡᠨ ᠲᠤᠯᠠ ᠣᠩ᠋ᠭᠣᠴᠠ ᠪᠠᠷ ᠠᠶᠠᠯᠠᠬᠤ ᠳᠤ ᠠᠶᠤᠯ ᠲᠠᠢ ᠪᠣᠯᠵᠠᠢ᠃ ᠫᠠᠦ᠋ᠯ ᠲᠡᠳᠡᠨ ᠢ ᠢᠳᠬᠠᠵᠤ᠄ 10 《ᠬᠥᠮᠦᠰ ᠡ᠂ ᠡᠨᠡ ᠠᠶᠠᠯᠠᠯ ᠴᠢᠨᠢ ᠠᠴᠢᠶ᠎ᠠ ᠪᠣᠯᠣᠨ ᠣᠩ᠋ᠭᠣᠴᠠ ᠲᠡᠳᠦᠢ ᠦᠭᠡᠢ᠂ ᠪᠢᠳᠡᠨ ᠦ ᠠᠮᠢᠨ ᠳᠤ ᠴᠤ ᠶᠡᠬᠡ ᠬᠣᠬᠢᠷᠠᠯ ᠢ ᠠᠪᠴᠢᠷᠠᠨ᠎ᠠ ᠭᠡᠵᠦ ᠪᠢ ᠦᠵᠡᠵᠦ ᠪᠠᠢᠨ᠎ᠠ》 ᠭᠡᠪᠡ᠃ 11 ᠭᠡᠪᠡᠴᠦ ᠵᠠᠭᠤᠲᠤ ᠶᠢᠨ ᠳᠠᠷᠤᠭ᠎ᠠ ᠨᠢ ᠫᠠᠦ᠋ᠯ ᠤᠨ ᠦᠭᠡᠨ ᠡᠴᠡ ᠵᠠᠯᠠᠭᠤᠷᠴᠢᠨ ᠪᠠ ᠣᠩ᠋ᠭᠣᠴᠠᠨ ᠤ ᠡᠵᠡᠨ ᠦ ᠦᠭᠡᠨ ᠳᠦ ᠢᠯᠡᠭᠦᠦ ᠢᠲᠡᠭᠡᠵᠡᠢ᠃ 12 ᠡᠨᠡ ᠭᠠᠷᠠᠮ ᠳᠤ ᠡᠪᠦᠯᠵᠢᠬᠦ ᠨᠢ ᠳᠥᠭᠥᠮ ᠦᠭᠡᠢ ᠲᠤᠯᠠ ᠡ᠊ᠨᠳᠡ ᠡᠴᠡ ᠭᠠᠷᠴᠤ᠂ ᠶᠠᠭᠠᠬᠢᠵᠤ ᠪᠠᠢᠭᠠᠳ ᠴᠤ ᠭᠡᠰᠡᠨ ᠹᠣᠢᠨᠢᠺᠰ ᠲᠤ ᠬᠦᠷᠴᠦ ᠲᠡᠨᠳᠡ ᠡᠪᠦᠯᠵᠢᠶ᠎ᠠ ᠭᠡᠵᠦ ᠣᠯᠠᠨ ᠬᠥᠮᠦᠨ ᠰᠠᠨᠠᠭᠤᠯᠭ᠎ᠠ ᠭᠠᠷᠭᠠᠵᠠᠢ᠃ ᠹᠣᠢᠨᠢᠺᠰ ᠪᠣᠯ ᠺᠷᠧᠲ᠋ᠠ ᠶᠢᠨ ᠨᠢᠭᠡ ᠭᠠᠷᠠᠮ ᠪᠥᠭᠡᠳ ᠵᠡᠭᠦᠨ ᠬᠣᠢᠰᠢ ᠪᠠ ᠵᠡᠭᠦᠨ ᠡᠮᠦᠨᠡᠰᠢ ᠬᠠᠨᠳᠤᠨ ᠪᠠᠢᠷᠢᠯᠠᠳᠠᠭ᠃
 ᠣᠩ᠋ᠭᠣᠴᠠ ᠠᠶᠤᠯ ᠳᠤ ᠤᠴᠠᠷᠠᠭᠰᠠᠨ ᠨᠢ

13 ᠲᠡᠭᠡᠲᠡᠯ᠎ᠡ ᠡᠮᠦᠨ᠎ᠡ ᠡᠴᠡ ᠵᠥᠭᠡᠯᠡᠨ ᠰᠠᠯᠬᠢᠯᠠᠭᠰᠠᠨ ᠳᠤ᠂ ᠲᠡᠳᠡ ᠰᠠᠨᠠᠭ᠎ᠠ ᠪᠠᠷ ᠪᠣᠯᠣᠯ᠎ᠠ ᠭᠡᠵᠦ ᠪᠣᠳᠣᠭᠠᠳ ᠵᠠᠩ᠋ᠭᠤᠤ ᠪᠠᠨ ᠲᠠᠲᠠᠵᠤ᠂ ᠺᠷᠧᠲ᠋ᠠ ᠶᠢᠨ ᠡᠷᠭᠢ ᠶᠢ ᠳᠠᠭᠠᠵᠤ ᠶᠠᠪᠤᠪᠠ᠃ 14 ᠬᠠᠷᠢᠨ ᠤᠳᠠᠯ ᠦᠭᠡᠢ ᠲᠡᠷᠡ ᠠᠷᠠᠯ ᠤᠨ ᠵᠦᠭ ᠡᠴᠡ ᠧᠦ᠋ᠷᠠᠺᠦ᠋ᠯᠦᠨ ᠭᠡᠭᠴᠢ ᠬᠠᠷ᠎ᠠ ᠰᠠᠯᠬᠢ ᠳᠠᠭᠠᠷᠢᠨ ᠢᠷᠡᠬᠦ ᠳᠦ᠂ 15 ᠣᠩ᠋ᠭᠣᠴᠠ ᠰᠠᠯᠬᠢᠨ ᠳᠤ ᠠᠪᠲᠠᠭᠠᠳ ᠰᠥᠷᠴᠦ ᠶᠠᠳᠠᠨ ᠰᠠᠯᠬᠢᠨ ᠤ ᠠᠶ᠎ᠠ ᠪᠠᠷ ᠬᠥᠪᠪᠥᠯ᠎ᠡ᠃ 16 ᠪᠢᠳᠡ ᠺᠯᠠᠦ᠋ᠳᠠ ᠭᠡᠭᠴᠢ ᠵᠢᠵᠢᠭ ᠠᠷᠠᠯ ᠢ ᠨᠥᠮᠥᠷᠢᠳᠡᠨ ᠶᠠᠪᠤᠬᠤ ᠳᠠᠭᠠᠨ ᠵᠠᠪᠢ ᠪᠠᠨ ᠠᠷᠠᠢ ᠭᠡᠵᠦ ᠲᠣᠭᠲᠠᠭᠠᠵᠤ ᠠᠮᠵᠢᠪᠠ᠃ 17 ᠬᠥᠮᠦᠰ ᠵᠠᠪᠢ ᠪᠠᠨ ᠳᠡᠭᠡᠭᠰᠢ ᠲᠠᠲᠠᠵᠤ ᠭᠠᠷᠭᠠᠭᠰᠠᠨ ᠤ ᠳᠠᠷᠠᠭ᠎ᠠ᠂ ᠲᠠᠲᠠᠯᠭ᠎ᠠ ᠪᠠᠨ ᠣᠩ᠋ᠭᠣᠴᠠᠨ ᠠᠴᠠ ᠪᠠᠭᠤᠯᠭᠠᠵᠤ ᠵᠠᠪᠢ ᠲᠠᠢ ᠬᠠᠮᠲᠤ ᠪᠣᠭᠣᠵᠤ ᠤᠶᠠᠪᠠ᠃ ᠲᠡᠳᠡ ᠰᠦᠷᠲ᠋ᠢ ᠭᠡᠭᠴᠢ ᠡᠷᠭᠢ ᠬᠠᠪᠢ ᠶᠢᠨ ᠡᠯᠡᠰᠦᠨ ᠳᠦ ᠰᠢᠭᠢᠳᠬᠦ ᠡᠴᠡ ᠠᠶᠤᠵᠤ᠂ ᠳᠠᠷᠪᠠᠭᠤᠯ ᠢᠶᠠᠨ ᠳᠡᠯᠭᠡᠨ ᠰᠠᠯᠬᠢᠨ ᠤ ᠠᠶ᠎ᠠ ᠪᠠᠷ ᠬᠥᠪᠪᠥᠪᠡ᠃ 18 ᠪᠢᠳᠡ ᠰᠢᠷᠦᠭᠦᠨ ᠰᠢᠭᠤᠷᠭᠠᠨ ᠳᠤ ᠳᠠᠭᠠᠷᠢᠭᠳᠠᠭᠰᠠᠨ ᠪᠣᠯᠬᠣᠷ ᠮᠠᠷᠭᠠᠰᠢ ᠨᠢ ᠬᠥᠮᠦᠰ ᠠᠴᠢᠶ᠎ᠠ ᠪᠠᠷᠠᠭ᠎ᠠ ᠪᠠᠨ ᠬᠠᠶᠠᠵᠤ᠂ 19 ᠭᠤᠷᠪᠠᠳᠤᠭᠠᠷ ᠡᠳᠦᠷ ᠨᠢ ᠲᠡᠳᠡ ᠥᠪᠡᠷᠰᠡᠳ ᠦᠨ ᠢᠶᠠᠨ ᠭᠠᠷ ᠢᠶᠠᠷ ᠣᠩ᠋ᠭᠣᠴᠠᠨ ᠤ ᠬᠡᠷᠡᠭᠰᠡᠯ ᠢᠶᠡᠨ ᠴᠤ ᠲᠠᠶᠠᠭᠳᠠᠯ᠎ᠠ᠃ 20 ᠨᠠᠷᠠ ᠪᠠ ᠣᠳᠣ ᠬᠠᠷᠠᠭᠳᠠᠬᠤ ᠦᠭᠡᠢ᠂ ᠣᠯᠠᠨ ᠬᠣᠨᠣᠭ ᠰᠢᠷᠦᠭᠦᠨ ᠰᠢᠭᠤᠷᠭᠠᠯᠠᠭᠰᠠᠭᠠᠷ ᠪᠠᠢᠵᠤ ᠪᠢᠳᠡᠨ ᠦ ᠠᠪᠤᠷᠠᠭᠳᠠᠬᠤ ᠡᠷᠡᠮᠡᠯᠵᠡᠯ ᠪᠦᠷᠢᠮᠦᠰᠦᠨ ᠲᠠᠰᠤᠷᠠᠵᠠᠢ᠃

21 ᠬᠥᠮᠦᠰ ᠶᠠᠭᠤᠮ᠎ᠠ ᠢᠳᠡᠯ ᠦᠭᠡᠢ ᠤᠲᠠᠯ᠎ᠠ᠃ ᠫᠠᠦ᠋ᠯ ᠲᠡᠳᠡᠨ ᠦ ᠳᠤᠮᠳᠠ ᠵᠣᠭᠰᠣᠭᠠᠳ᠄ 《ᠬᠥᠮᠦᠰ ᠡ︕ ᠲᠠ ᠨᠠᠷ ᠮᠢᠨᠦ ᠦᠭᠡ ᠶᠢ ᠠᠪᠤᠭᠠᠳ ᠺᠷᠧᠲ᠋ᠠ ᠠᠴᠠ ᠬᠥᠳᠡᠯᠦᠭᠰᠡᠨ ᠦᠭᠡᠢ ᠪᠣᠯ ᠡᠢᠮᠦ ᠰᠦᠢᠳᠦᠯ ᠬᠣᠬᠢᠷᠠᠯ ᠠᠴᠠ ᠵᠠᠢᠯᠠᠬᠤ ᠪᠠᠢᠭᠰᠠᠨ ᠶᠤᠮ᠃ 22 ᠭᠡᠪᠡᠴᠦ ᠪᠢ ᠣᠳᠣ ᠢᠳᠬᠠᠶ᠎ᠠ᠂ ᠲᠠ ᠨᠠᠷ ᠵᠣᠷᠢᠭᠲᠠᠢ ᠪᠠᠢᠭᠠᠷᠠᠢ᠂ ᠲᠠ ᠨᠠᠷ ᠤᠨ ᠬᠡᠨ ᠨᠢ ᠴᠤ ᠠᠮᠢ ᠪᠠᠨ ᠠᠯᠳᠠᠬᠤ ᠦᠭᠡᠢ᠂ ᠣᠩ᠋ᠭᠣᠴᠠ ᠪᠠᠨ ᠯᠠ ᠠᠯᠳᠠᠨ᠎ᠠ᠃ 23 ᠨᠠᠮᠠᠶᠢ ᠥᠪᠡᠷ ᠦᠨ ᠢᠶᠠᠨ ᠪᠣᠯᠭᠠᠨ ᠦᠢᠯᠡᠴᠢᠯᠡᠭᠦᠯᠳᠡᠭ᠌ ᠲᠡᠷᠡ ᠪᠤᠷᠬᠠᠨ ᠤ ᠡᠯᠴᠢ ᠥᠴᠥᠭᠡᠳᠦᠷ ᠰᠥᠨᠢ ᠮᠢᠨᠦ ᠳᠡᠷᠭᠡᠳᠡ ᠵᠣᠭᠰᠣᠭᠠᠳ᠄ 24 〈ᠫᠠᠦ᠋ᠯ ᠡ᠂ ᠪᠦᠦ ᠠᠶᠤ︕ ᠴᠢ ᠵᠠᠪᠠᠯ ᠺᠠᠶᠧᠰᠠᠷ ᠤᠨ ᠡᠮᠦᠨ᠎ᠡ ᠵᠣᠭᠰᠣᠬᠤ ᠪᠣᠯᠣᠨ᠎ᠠ᠃ ᠠᠩ᠋ᠬᠠᠷᠤᠭᠲᠤᠨ᠂ ᠬᠠᠮᠲᠤ ᠶᠠᠪᠤᠭᠰᠠᠳ ᠢ ᠴᠢᠨᠢ ᠪᠤᠷᠬᠠᠨ ᠴᠢᠮ᠎ᠠ ᠳᠤ ᠰᠣᠶᠣᠷᠬᠠᠭᠰᠠᠨ〉 ᠭᠡᠰᠡᠨ ᠪᠢᠯᠡ᠃ 25 ᠲᠡᠢᠮᠦ ᠡᠴᠡ ᠬᠥᠮᠦᠰ ᠡ᠂ ᠵᠣᠷᠢᠭᠲᠠᠢ ᠪᠠᠢᠵᠠᠭ᠎ᠠ᠂ ᠨᠠᠳᠠ ᠳᠤ ᠬᠡᠯᠡᠭᠰᠡᠨ ᠶᠣᠰᠣᠭᠠᠷ ᠨᠢ ᠪᠣᠯᠣᠨ᠎ᠠ ᠭᠡᠵᠦ ᠪᠢ ᠪᠤᠷᠬᠠᠨ ᠳᠤ ᠢᠲᠡᠭᠡᠵᠦ ᠪᠠᠢᠨ᠎ᠠ᠃ 26 ᠬᠠᠷᠢᠨ ᠪᠢᠳᠡ ᠨᠢᠭᠡᠨ ᠠᠷᠠᠯ ᠳᠤ ᠵᠠᠪᠠᠯ ᠭᠠᠵᠠᠷᠳᠠᠬᠤ ᠪᠣᠯᠣᠨ᠎ᠠ》 ᠭᠡᠪᠡ᠃

27 ᠠᠷᠪᠠᠨ ᠳᠥᠷᠪᠡᠳᠡᠬᠢ ᠰᠥᠨᠢ ᠳᠡᠭᠡᠨ ᠪᠢᠳᠡ ᠠᠳ᠋ᠷᠢᠶᠠᠲ ᠲᠠᠩᠭᠢᠰ ᠢᠶᠠᠷ ᠲᠡᠨᠦᠵᠦ ᠪᠠᠢᠯ᠎ᠠ᠃ ᠰᠥᠨᠢ ᠳᠥᠯᠢ ᠪᠠᠷ ᠤᠰᠤᠴᠢᠳ ᠭᠠᠵᠠᠷ ᠲᠤ ᠳᠥᠭᠥᠯ᠎ᠡ ᠭᠡᠵᠦ ᠪᠣᠳᠣᠭᠠᠳ 28 ᠤᠰᠤᠨ ᠤ ᠭᠦᠨ ᠢ ᠬᠡᠮᠵᠢᠬᠦ ᠳᠦ᠂ ᠬᠣᠷᠢᠨ ᠠᠯᠲᠠ ᠪᠠᠢᠭᠰᠠᠨ ᠪᠥᠭᠡᠳ ᠪᠠᠰᠠ ᠵᠢᠭᠠᠬᠠᠨ ᠶᠠᠪᠤᠭᠠᠳ ᠳᠠᠬᠢᠨ ᠬᠡᠮᠵᠢᠬᠦ ᠳᠦ ᠠᠷᠪᠠᠨ ᠲᠠᠪᠤᠨ ᠠᠯᠲᠠ ᠪᠠᠢᠵᠠᠢ᠃ 29 ᠪᠢᠳᠡ ᠬᠠᠳᠠᠨ ᠳᠤ ᠮᠥᠷᠭᠥᠬᠦ ᠡᠴᠡ ᠠᠶᠤᠵᠤ᠂ ᠣᠩ᠋ᠭᠣᠴᠠᠨ ᠤ ᠬᠢᠲᠦᠭᠡ ᠡᠴᠡ ᠳᠥᠷᠪᠡᠨ ᠵᠠᠩ᠋ᠭᠤᠤ ᠶᠢ ᠬᠠᠶᠠᠴᠢᠬᠠᠭᠠᠳ ᠦᠷ ᠴᠠᠢᠬᠤ ᠶᠢ ᠬᠦᠯᠢᠶᠡᠪᠡ᠃ 30 ᠬᠠᠷᠢᠨ ᠤᠰᠤᠴᠢᠳ ᠣᠩ᠋ᠭᠣᠴᠠ ᠠᠴᠠ ᠳᠤᠲᠠᠭᠠᠬᠤ ᠪᠠᠷ ᠣᠷᠣᠯᠳᠤᠵᠤ᠂ ᠣᠩ᠋ᠭᠣᠴᠠᠨ ᠤ ᠬᠣᠰᠢᠭᠤᠨ ᠠᠴᠠ ᠵᠠᠩ᠋ᠭᠤᠤ ᠪᠠᠨ ᠬᠠᠶᠠᠬᠤ ᠳᠦᠷᠢ ᠭᠠᠷᠭᠠᠨ ᠵᠠᠪᠢ ᠪᠠᠨ ᠲᠠᠩᠭᠢᠰ ᠲᠤ ᠪᠠᠭᠤᠯᠭᠠᠵᠠᠢ᠃ 31 ᠫᠠᠦ᠋ᠯ ᠵᠠᠭᠤᠲᠤ ᠶᠢᠨ ᠳᠠᠷᠤᠭ᠎ᠠ ᠪᠣᠯᠣᠨ ᠴᠡᠷᠢᠭ ᠤᠳ ᠲᠤ᠄ 《ᠡᠨᠡ ᠬᠥᠮᠦᠰ ᠣᠩ᠋ᠭᠣᠴᠠᠨ ᠳᠤ ᠦᠯᠡᠳᠡᠬᠦ ᠡᠴᠡ ᠨᠠᠰᠢ ᠲᠠ ᠨᠠᠷ ᠠᠪᠤᠷᠠᠭᠳᠠᠬᠤ ᠠᠷᠭ᠎ᠠ ᠦᠭᠡᠢ》 ᠭᠡᠰᠡᠨ ᠳᠦ᠂ 32 ᠴᠡᠷᠢᠭ ᠤᠳ ᠳᠡᠭᠡᠰᠦ ᠶᠢ ᠲᠠᠰᠤ ᠴᠠᠪᠴᠢᠨ ᠵᠠᠪᠢ ᠪᠠᠨ ᠤᠨᠠᠭᠠᠯ᠎ᠠ᠃

33 ᠦᠷ ᠴᠠᠢᠬᠤ ᠦᠶ᠎ᠡ ᠪᠡᠷ ᠫᠠᠦ᠋ᠯ ᠶᠠᠭᠤᠮ᠎ᠠ ᠢᠳᠡᠭᠡᠷᠡᠢ ᠭᠡᠵᠦ ᠪᠦᠬᠦ ᠬᠥᠮᠦᠨ ᠢ ᠢᠳᠬᠠᠨ᠄ 《ᠲᠠ ᠨᠠᠷ ᠥᠯ ᠬᠣᠭᠣᠯᠠ ᠦᠭᠡᠢ᠂ ᠶᠠᠭᠤ ᠴᠤ ᠢᠳᠡᠯ ᠦᠭᠡᠢ ᠬᠠᠷᠠᠩ᠋ᠭᠤᠳᠤᠭᠰᠠᠭᠠᠷ ᠠᠷᠪᠠᠨ ᠳᠥᠷᠪᠡ ᠬᠣᠨᠣᠴᠢᠬᠠᠯ᠎ᠠ᠃ 34 ᠣᠳᠣ ᠲᠠ ᠨᠠᠷ ᠢ ᠶᠠᠭᠤᠮ᠎ᠠ ᠢᠳᠡᠭᠡᠴᠢ ᠭᠡᠵᠦ ᠪᠢ ᠢᠳᠬᠠᠶ᠎ᠠ᠃ ᠲᠠ ᠨᠠᠷ ᠠᠪᠤᠷᠠᠭᠳᠠᠬᠤ ᠶᠢᠨ ᠲᠥᠯᠥᠭᠡ ᠲᠡᠭᠡᠬᠦ ᠬᠡᠷᠡᠭᠲᠡᠢ᠃ ᠲᠠ ᠨᠠᠷ ᠤᠨ ᠬᠡᠨ ᠨᠢ ᠴᠤ ᠲᠣᠯᠣᠭᠠᠢ ᠠᠴᠠ ᠪᠠᠨ ᠰᠢᠷᠬᠡᠭ ᠦᠰᠦ ᠠᠯᠳᠠᠬᠤ ᠦᠭᠡᠢ ᠶᠤᠮ》 ᠭᠡᠵᠦ ᠬᠡᠯᠡᠭᠡᠳ 35 ᠪᠣᠣᠪᠣ ᠠᠪᠴᠤ ᠣᠯᠠᠨ ᠤ ᠡᠮᠦᠨ᠎ᠡ ᠪᠤᠷᠬᠠᠨ ᠳᠤ ᠲᠠᠯᠠᠷᠬᠠᠭᠠᠳ ᠬᠤᠪᠢᠶᠠᠨ ᠢᠳᠡᠵᠦ ᠡᠬᠢᠯᠡᠭᠰᠡᠨ ᠳᠦ᠂ 36 ᠲᠡᠳᠡ ᠪᠦᠭᠦᠳᠡᠭᠡᠷ ᠤᠷᠮᠠᠰᠢᠵᠤ ᠮᠥᠨ ᠶᠠᠭᠤᠮ᠎ᠠ ᠢᠳᠡᠵᠡᠭᠡᠯ᠎ᠡ᠃ 37 ᠣᠩ᠋ᠭᠣᠴᠠᠨ ᠳᠡᠭᠡᠷ᠎ᠡ ᠪᠢᠳᠡ ᠪᠦᠭᠦᠳᠡ ᠬᠣᠶᠠᠷ ᠵᠠᠭᠤ ᠳᠠᠯᠠᠨ ᠵᠢᠷᠭᠤᠭᠤᠯᠠ ᠪᠠᠢᠪᠠ᠃ 38 ᠲᠡᠳᠡ ᠴᠠᠳᠲᠠᠯ᠎ᠠ ᠢᠳᠡᠭᠰᠡᠨ ᠦ ᠳᠠᠷᠠᠭ᠎ᠠ᠂ ᠬᠦᠨᠡᠰᠦ ᠪᠡᠨ ᠲᠠᠩᠭᠢᠰ ᠲᠤ ᠬᠠᠶᠠᠵᠤ ᠣᠩ᠋ᠭᠣᠴᠠ ᠪᠠᠨ ᠬᠥᠩᠭᠡᠷᠡᠭᠦᠯᠦᠯ᠎ᠡ᠃

39 ᠦᠷ ᠴᠠᠢᠬᠤ ᠳᠤ᠂ ᠲᠠᠨᠢᠬᠤ ᠦᠭᠡᠢ ᠨᠢᠭᠡᠨ ᠭᠠᠵᠠᠷ ᠬᠠᠷᠠᠭᠳᠠᠵᠠᠢ᠃ ᠲᠡᠳᠡ ᠡᠯᠡᠰᠦᠷᠬᠡᠭ ᠡᠷᠭᠢ ᠪᠦᠬᠦᠢ ᠨᠢᠭᠡᠨ ᠲᠣᠬᠣᠢ ᠶᠢ ᠬᠠᠷᠠᠭᠠᠳ᠂ ᠴᠢᠳᠠᠪᠠᠯ ᠣᠩ᠋ᠭᠣᠴᠠ ᠪᠠᠨ ᠲᠡᠰᠢ ᠨᠢ ᠭᠠᠷᠭᠠᠶ᠎ᠠ ᠭᠡᠵᠦ ᠰᠢᠢᠳᠪᠡ᠃ 40 ᠲᠡᠭᠡᠭᠡᠳ ᠵᠠᠩ᠋ᠭᠤᠤ ᠶᠢ ᠲᠠᠰᠤᠯᠤᠨ ᠲᠠᠩᠭᠢᠰ ᠲᠤ ᠣᠷᠬᠢᠵᠤ᠂ ᠪᠠᠰᠠ ᠵᠠᠯᠠᠭᠤᠷ ᠤᠨ ᠳᠡᠭᠡᠰᠦ ᠶᠢ ᠰᠤᠯᠠᠳᠬᠠᠨ ᠡᠮᠦᠨ᠎ᠡ ᠲᠠᠯ᠎ᠠ ᠶᠢᠨ ᠳᠠᠷᠪᠠᠭᠤᠯ ᠢ ᠳᠡᠯᠭᠡᠭᠡᠳ ᠰᠠᠯᠬᠢᠨ ᠤ ᠠᠶ᠎ᠠ ᠪᠠᠷ ᠡᠷᠭᠢ ᠶᠢᠨ ᠵᠦᠭ ᠣᠳᠣᠯ᠎ᠠ᠃ 41 ᠬᠠᠷᠢᠨ ᠬᠣᠶᠠᠷ ᠤᠷᠤᠰᠬᠠᠯ ᠤᠨ ᠠᠭᠤᠯᠵᠠᠷ ᠲᠤ ᠣᠩ᠋ᠭᠣᠴᠠ ᠣᠷᠣᠲᠠᠯ᠎ᠠ ᠡᠷᠭᠢ ᠬᠠᠪᠢ ᠶᠢᠨ ᠡᠯᠡᠰᠦᠨ ᠳᠦ ᠰᠢᠭᠢᠳᠴᠦ᠂ ᠣᠩ᠋ᠭᠣᠴᠠᠨ ᠤ ᠬᠣᠰᠢᠭᠤ ᠵᠣᠭᠣᠭᠳᠠᠵᠤ ᠬᠥᠳᠡᠯᠬᠦ ᠦᠭᠡᠢ ᠪᠣᠯᠣᠭᠠᠳ ᠬᠢᠲᠦᠭᠡ ᠨᠢ ᠬᠦᠴᠦᠲᠦ ᠳᠠᠪᠠᠯᠭᠠᠨ ᠳᠤ ᠴᠣᠬᠢᠭᠳᠠᠨ ᠪᠤᠲᠠᠷᠠᠵᠤ ᠡᠬᠢᠯᠡᠪᠡ᠃ 42 ᠴᠡᠷᠢᠭ ᠤᠳ ᠶᠠᠯᠠᠲᠠᠳ ᠢ ᠤᠰᠤᠨ ᠳᠤ ᠤᠮᠪᠠᠨ ᠳᠤᠲᠠᠭᠠᠴᠢᠬᠠᠬᠤ ᠪᠣᠯᠣᠭᠤᠵᠠᠢ ᠭᠡᠳ ᠲᠡᠳᠡ ᠨᠠᠷ ᠢ ᠠᠯᠠᠬᠤ ᠪᠠᠷ ᠰᠠᠨᠠᠭᠠᠷᠬᠠᠭᠰᠠᠨ ᠪᠣᠯᠪᠠᠴᠤ 43 ᠵᠠᠭᠤᠲᠤ ᠶᠢᠨ ᠳᠠᠷᠤᠭ᠎ᠠ ᠫᠠᠦ᠋ᠯ ᠢ ᠠᠪᠤᠷᠠᠬᠤ ᠶᠢ ᠬᠦᠰᠡᠵᠦ ᠲᠡᠳᠡᠨ ᠢ ᠪᠣᠯᠢᠭᠤᠯᠤᠨ᠂ ᠤᠮᠪᠠᠵᠤ ᠴᠢᠳᠠᠳᠠᠭ ᠬᠥᠮᠦᠰ ᠲᠦ ᠣᠩ᠋ᠭᠣᠴᠠᠨ ᠠᠴᠠ ᠤᠷᠢᠳᠠᠪᠠᠷ ᠦᠰᠦᠷᠴᠦ ᠬᠠᠭᠤᠷᠠᠢ ᠳᠤ ᠭᠠᠷ ᠬᠡᠮᠡᠨ᠂ 44 ᠦᠯᠡᠳᠡᠭᠰᠡᠨ ᠬᠥᠮᠦᠰ ᠲᠦ ᠬᠠᠪᠲᠠᠰᠤ ᠪᠤᠶᠤ ᠣᠩ᠋ᠭᠣᠴᠠᠨ ᠠᠴᠠ ᠭᠠᠷᠤᠭᠰᠠᠨ ᠶᠠᠭᠤᠮ᠎ᠠ ᠶᠢ ᠠᠰᠢᠭᠯᠠ ᠭᠡᠵᠦ ᠲᠤᠰᠢᠶᠠᠵᠠᠢ᠃ ᠡᠢᠨ ᠬᠦ ᠪᠦᠬᠦ ᠬᠥᠮᠦᠨ ᠬᠠᠭᠤᠷᠠᠢ ᠳᠤ ᠬᠦᠷᠴᠦ ᠠᠪᠤᠷᠠᠭᠳᠠᠪᠠ᠃