1 2 3 4 5 6 7 8 9 10 11 12 13 14 15 16 17 18 19 20 21 22 23 24 25 26 27 28


ᠦᠢᠯᠡᠰ ᠬᠣᠷᠢᠨ ᠨᠢᠭᠡ
 ᠫᠠᠦ᠋ᠯ ᠳᠤ ᠤᠴᠠᠷᠠᠬᠤ ᠵᠣᠪᠠᠯᠠᠩ

1 ᠪᠢᠳᠡ ᠲᠡᠳᠡᠨ ᠡᠴᠡ ᠠᠶᠠᠷᠯᠠᠭᠰᠠᠨ ᠤ ᠳᠠᠷᠠᠭ᠎ᠠ᠂ ᠣᠩ᠋ᠭᠣᠴᠠᠨ ᠳᠤ ᠰᠠᠭᠤᠵᠤ ᠰᠢᠭᠤᠳ ᠺᠣᠰ ᠤᠷᠤᠭᠤ ᠶᠠᠪᠤᠭᠰᠠᠨ ᠪᠥᠭᠡᠳ ᠮᠠᠷᠭᠠᠰᠢ ᠨᠢ ᠷᠣᠳ᠋ ᠢᠶᠠᠷ ᠳᠠᠭᠠᠷᠢᠨ ᠫᠠᠲ᠋ᠠᠷᠠ ᠳᠤ ᠣᠴᠢᠪᠠ᠃ 2 ᠪᠢᠳᠡ ᠹᠣᠢᠨᠢᠺᠢᠶ᠎ᠠ ᠳᠤ ᠶᠠᠪᠤᠬᠤ ᠣᠩ᠋ᠭᠣᠴᠠ ᠣᠯᠵᠤ ᠰᠠᠭᠤᠭᠠᠳ ᠶᠠᠪᠤᠯ᠎ᠠ᠃ 3 ᠰᠠᠢᠫᠷᠦ᠋ᠰ ᠤᠨ ᠪᠠᠷ᠎ᠠ ᠬᠠᠷᠠᠭᠳᠠᠬᠤ ᠳᠤ᠂ ᠪᠢᠳᠡ ᠲᠡᠷᠡ ᠠᠷᠠᠯ ᠤᠨ ᠵᠡᠭᠦᠨ ᠭᠠᠷ ᠲᠠᠯ᠎ᠠ ᠪᠠᠷ ᠨᠢ ᠲᠣᠭᠣᠷᠢᠨ ᠰᠢᠷᠢᠶ᠎ᠠ ᠤᠷᠤᠭᠤ ᠶᠠᠪᠤᠭᠰᠠᠭᠠᠷ ᠲᠢᠷ ᠲᠤ ᠪᠠᠭᠤᠯ᠎ᠠ᠃ ᠣᠩ᠋ᠭᠣᠴᠠ ᠲᠡᠨᠳᠡ ᠠᠴᠢᠶ᠎ᠠ ᠪᠠᠨ ᠪᠠᠭᠤᠯᠭᠠᠬᠤ ᠤᠴᠢᠷ ᠲᠠᠢ ᠪᠠᠢᠭᠰᠠᠨ ᠶᠤᠮ᠃ 4 ᠲᠡᠨᠳᠡ ᠪᠢᠳᠡ ᠱᠠᠪᠢ ᠨᠠᠷ ᠢ ᠡᠷᠢᠵᠦ ᠣᠯᠣᠭᠠᠳ ᠳᠣᠯᠣᠭ᠎ᠠ ᠬᠣᠨᠣᠪᠠ᠃ ᠲᠡᠳᠡ ᠫᠠᠦ᠋ᠯ ᠳᠤ᠄ 《ᠶᠧᠷᠦ᠋ᠰᠠᠯᠧᠮ ᠳᠤ ᠪᠢᠲᠡᠭᠡᠢ ᠣᠴᠢ》 ᠭᠡᠵᠦ ᠠᠷᠢᠭᠤᠨ ᠰᠦᠨᠡᠰᠦ ᠪᠡᠷ ᠳᠠᠮᠵᠢᠭᠤᠯᠤᠨ ᠬᠡᠯᠡᠪᠡ᠃ 5 ᠶᠠᠪᠤᠬᠤ ᠴᠠᠭ ᠪᠣᠯᠣᠭᠰᠠᠨ ᠳᠤ᠂ ᠪᠢᠳᠡ ᠠᠶᠠᠨ ᠵᠠᠮ ᠳᠠᠭᠠᠨ ᠭᠠᠷᠤᠯ᠎ᠠ᠃ ᠪᠦᠬᠦ ᠱᠠᠪᠢ ᠨᠠᠷ ᠡᠬᠡᠨᠡᠷ ᠬᠡᠦᠬᠡᠳ ᠲᠡᠢ ᠪᠡᠨ ᠬᠠᠮᠲᠤ ᠬᠣᠲᠠ ᠠᠴᠠ ᠭᠠᠷᠲᠠᠯ᠎ᠠ ᠦᠳᠡᠵᠡᠢ᠃ ᠪᠢᠳᠡ ᠳᠠᠯᠠᠢ ᠶᠢᠨ ᠬᠥᠪᠡᠭᠡᠨ ᠳᠡᠭᠡᠷ᠎ᠡ ᠰᠥᠭᠥᠳᠥᠨ ᠳᠠᠭᠠᠳᠬᠠᠭᠠᠳ ᠰᠠᠯᠬᠤ ᠶᠣᠰᠣ ᠭᠦᠢᠴᠡᠳᠬᠡᠪᠡ᠃ 6 ᠮᠠᠨ ᠤ ᠬᠢᠨ ᠣᠩ᠋ᠭᠣᠴᠠᠨ ᠳᠤ ᠭᠠᠷᠴᠤ᠂ ᠲᠡᠳᠡ ᠭᠡᠷ ᠲᠡᠭᠡᠨ ᠬᠠᠷᠢᠯ᠎ᠠ᠃

7 ᠪᠢᠳᠡ ᠲᠢᠷ ᠡᠴᠡ ᠤᠰᠤᠨ ᠵᠠᠮ ᠢ ᠳᠠᠭᠤᠰᠲᠠᠯ᠎ᠠ ᠶᠠᠪᠤᠵᠤ ᠫᠡᠲ᠋ᠣᠯᠮᠠᠢ ᠳᠤ ᠬᠦᠷᠪᠡ᠃ ᠲᠡᠨᠳᠡ ᠪᠢᠳᠡ ᠠᠬ᠎ᠠ ᠳᠡᠭᠦᠦ ᠨᠠᠷ ᠲᠠᠢ ᠪᠠᠨ ᠮᠡᠨᠳᠦᠴᠢᠯᠡᠭᠡᠳ ᠬᠠᠮᠲᠤ ᠨᠢᠭᠡ ᠬᠣᠨᠣᠪᠠ᠃ 8 ᠮᠠᠷᠭᠠᠰᠢ ᠨᠢ ᠪᠢᠳᠡ ᠶᠠᠪᠤᠵᠤ ᠺᠠᠶᠧᠰᠠᠷᠢᠶ᠎ᠠ ᠳᠤ ᠬᠦᠷᠦᠭᠰᠡᠨ ᠪᠥᠭᠡᠳ ᠨᠥᠭᠥᠭᠡ ᠳᠣᠯᠣᠭᠠᠨ ᠬᠥᠮᠦᠨ ᠦ ᠨᠢᠭᠡ ᠪᠣᠯᠬᠤ ᠪᠠᠶᠠᠷ ᠤᠨ ᠮᠡᠳᠡᠭᠡ ᠳᠡᠯᠭᠡᠷᠡᠭᠦᠯᠦᠭᠴᠢ ᠹᠢᠯᠢᠫ ᠤᠨ ᠭᠡᠷ ᠲᠦ ᠣᠴᠢᠵᠤ ᠲᠡᠭᠦᠨ ᠲᠡᠢ ᠬᠠᠮᠲᠤ ᠬᠣᠨᠣᠪᠠ᠃ 9 ᠲᠡᠭᠦᠨ ᠳᠦ ᠡᠰᠢ ᠦᠵᠡᠭᠦᠯᠳᠡᠭ ᠳᠥᠷᠪᠡᠨ ᠣᠩ᠋ᠭᠣᠨ ᠥᠬᠢᠨ ᠲᠠᠢ ᠪᠠᠢᠵᠠᠢ᠃ 10 ᠪᠢᠳᠡ ᠬᠡᠳᠦ ᠬᠣᠨᠣᠵᠤ ᠪᠠᠢᠲᠠᠯ᠎ᠠ ᠶᠦᠳᠠᠢ ᠠᠴᠠ ᠠᠭᠠᠪ ᠭᠡᠳᠡᠭ ᠡᠰᠢ ᠦᠵᠡᠭᠦᠯᠦᠭᠴᠢ ᠢᠷᠡᠪᠡ᠃ 11 ᠲᠡᠷᠡ ᠪᠢᠳᠡᠨ ᠤᠷᠤᠭᠤ ᠢᠷᠡᠭᠰᠡᠨ ᠢᠶᠡᠨ ᠫᠠᠦ᠋ᠯ ᠤᠨ ᠪᠦᠰᠡ ᠶᠢ ᠠᠪᠴᠤ ᠬᠥᠯ ᠭᠠᠷ ᠢᠶᠠᠨ ᠬᠦᠯᠢᠭᠡᠳ᠄ 《ᠠᠷᠢᠭᠤᠨ ᠰᠦᠨᠡᠰᠦ ᠡᠢᠨ ᠬᠦ ᠶᠠᠷᠢᠵᠤ ᠪᠤᠢ᠄ 〈ᠡᠨᠡ ᠪᠦᠰᠡ ᠶᠢᠨ ᠡᠵᠡᠨ ᠢ ᠶᠧᠷᠦ᠋ᠰᠠᠯᠧᠮ ᠤᠨ ᠶᠦᠳᠠᠢᠴᠤᠳ ᠢᠩᠭᠢᠵᠦ ᠬᠦᠯᠢᠭᠡᠳ ᠬᠠᠷᠢᠴᠤᠳ ᠤᠨ ᠭᠠᠷ ᠲᠤ ᠲᠤᠰᠢᠶᠠᠬᠤ ᠪᠣᠯᠣᠨ᠎ᠠ〉 ᠭᠡᠰᠡᠨ》 ᠭᠡᠪᠡ᠃ 12 ᠡᠭᠦᠨ ᠢ ᠰᠣᠨᠣᠰᠣᠭᠠᠳ ᠪᠢᠳᠡ ᠪᠣᠯᠣᠨ ᠲᠡᠨᠳᠡᠬᠢ ᠶᠢᠨ ᠬᠢᠨ ᠫᠠᠦ᠋ᠯ ᠳᠤ᠄ 《ᠶᠧᠷᠦ᠋ᠰᠠᠯᠧᠮ ᠳᠤ ᠪᠦᠦ ᠣᠴᠢ》 ᠭᠡᠵᠦ ᠭᠤᠶᠤᠪᠠ᠃ 13 ᠫᠠᠦ᠋ᠯ᠄ 《ᠲᠠ ᠨᠠᠷ ᠶᠠᠭᠤᠨ ᠳᠤ ᠤᠬᠢᠯᠠᠵᠤ ᠵᠢᠷᠦᠬᠡ ᠶᠢ ᠮᠢᠨᠢ ᠰᠢᠮᠰᠢᠷᠡᠭᠦᠯᠦᠨ᠎ᠡ ᠪᠤᠢ︖ ᠪᠢ ᠡᠵᠡᠨ ᠢᠰᠦ᠋ᠰ ᠤᠨ ᠨᠡᠷ᠎ᠡ ᠶᠢᠨ ᠲᠥᠯᠥᠭᠡ ᠬᠦᠯᠢᠭᠳᠡᠬᠦ ᠪᠠᠢᠲᠤᠭᠠᠢ᠂ ᠶᠧᠷᠦ᠋ᠰᠠᠯᠧᠮ ᠳᠤ ᠦᠬᠦᠬᠦ ᠳᠦ ᠴᠤ ᠪᠡᠯᠡᠨ ᠪᠠᠢᠨ᠎ᠠ》 ᠭᠡᠪᠡ᠃ 14 ᠲᠡᠷᠡ ᠢᠳᠬᠠᠯ ᠢ ᠠᠪᠬᠤ ᠦᠭᠡᠢ ᠲᠤᠯᠠ ᠪᠢᠳᠡ᠄ 《ᠡᠵᠡᠨ ᠦ ᠰᠠᠨᠠᠭ᠎ᠠ ᠪᠠᠷ ᠪᠣᠯᠲᠤᠭᠠᠢ》 ᠭᠡᠳ ᠳᠤᠭᠤᠢ ᠪᠣᠯᠪᠠ᠃
 ᠶᠧᠷᠦ᠋ᠰᠠᠯᠧᠮ ᠳᠤ ᠬᠦᠷᠦᠭᠰᠡᠨ ᠨᠢ

15 ᠬᠡᠳᠦ ᠬᠣᠨᠣᠭ ᠤᠨ ᠳᠠᠷᠠᠭ᠎ᠠ᠂ ᠪᠢᠳᠡ ᠠᠴᠢᠶᠠᠯᠠᠭᠠᠳ ᠶᠧᠷᠦ᠋ᠰᠠᠯᠧᠮ ᠢ ᠵᠣᠷᠢᠯ᠎ᠠ᠃ 16 ᠺᠠᠶᠧᠰᠠᠷᠢᠶ᠎ᠠ ᠶᠢᠨ ᠬᠡᠳᠦᠨ ᠱᠠᠪᠢ ᠪᠢᠳᠡᠨ ᠢ ᠮᠠᠨᠠᠰᠣᠨ ᠤ ᠳᠤ ᠬᠦᠷᠭᠡᠭᠰᠡᠨ ᠳᠦ᠂ ᠪᠢᠳᠡ ᠲᠡᠨᠳᠡ ᠬᠣᠨᠣᠬᠤ ᠪᠣᠯᠪᠠ᠃ ᠮᠠᠨᠠᠰᠣᠨ ᠪᠣᠯ ᠰᠠᠢᠫᠷᠦ᠋ᠰ ᠤᠨ ᠬᠢ ᠪᠥᠭᠡᠳ ᠱᠠᠪᠢ ᠪᠣᠯᠣᠭᠠᠳ ᠤᠳᠠᠵᠤ ᠪᠠᠢᠭ᠎ᠠ ᠠᠵᠢ᠃

17 ᠶᠧᠷᠦ᠋ᠰᠠᠯᠧᠮ ᠳᠤ ᠬᠦᠷᠬᠦ ᠳᠦ᠂ ᠠᠬ᠎ᠠ ᠳᠡᠭᠦᠦ ᠨᠠᠷ ᠪᠢᠳᠡᠨ ᠢ ᠪᠠᠶᠠᠷ ᠲᠠᠢ ᠪᠠᠷ ᠤᠭᠲᠤᠨ ᠠᠪᠤᠯ᠎ᠠ᠃ 18 ᠳᠠᠷᠠᠭ᠎ᠠ ᠡᠳᠦᠷ ᠨᠢ ᠫᠠᠦ᠋ᠯ ᠪᠢᠳᠡᠨ ᠲᠡᠢ ᠬᠠᠮᠲᠤ ᠶᠠᠺᠣᠪ ᠤᠨ ᠳᠤ ᠣᠴᠢᠭᠰᠠᠨ ᠳᠤ᠂ ᠠᠬᠠᠯᠠᠭᠴᠢᠳ ᠪᠦᠭᠦᠳᠡᠭᠡᠷ ᠲᠡᠨᠳᠡ ᠪᠠᠢᠵᠠᠢ᠃ 19 ᠲᠡᠳᠡᠨ ᠲᠡᠢ ᠮᠡᠨᠳᠦᠴᠢᠯᠡᠭᠰᠡᠨ ᠦ ᠳᠠᠷᠠᠭ᠎ᠠ᠂ ᠥᠪᠡᠷ ᠦᠨ ᠬᠢᠨᠢ ᠦᠢᠯᠡᠴᠢᠯᠡᠭᠡ ᠪᠡᠷ ᠳᠠᠮᠵᠢᠭᠤᠯᠤᠨ ᠪᠤᠷᠬᠠᠨ ᠬᠠᠷᠢᠴᠤᠳ ᠤᠨ ᠳᠤᠮᠳᠠ ᠶᠠᠭᠤ ᠶᠠᠭᠤ ᠦᠢᠯᠡᠳᠦᠭᠰᠡᠨ ᠢ ᠫᠠᠦ᠋ᠯ ᠨᠢᠭᠡ ᠨᠢᠭᠡ ᠪᠡᠷ ᠨᠢ ᠳᠤᠭᠤᠯᠭᠠᠭᠰᠠᠨ ᠳᠤ᠂ 20 ᠲᠡᠳᠡ ᠰᠣᠨᠣᠰᠣᠭᠠᠳ ᠪᠤᠷᠬᠠᠨ ᠢ ᠠᠯᠳᠠᠷᠰᠢᠭᠤᠯᠵᠤ᠂ ᠫᠠᠦ᠋ᠯ ᠳᠤ᠄ 《ᠠᠨᠳᠠ ᠮᠢᠨᠢ᠂ ᠲᠠᠨ ᠤ ᠬᠠᠷᠠᠵᠤ ᠪᠠᠢᠭᠠᠴᠢᠯᠠᠨ ᠶᠦᠳᠠᠢᠴᠤᠳ ᠤᠨ ᠳᠤᠮᠳᠠ ᠢᠲᠡᠭᠡᠭᠰᠡᠨ ᠬᠥᠮᠦᠨ ᠲᠦᠮᠡ ᠮᠢᠩ᠋ᠭ᠎ᠠ ᠪᠤᠢ ᠪᠥᠭᠡᠳ ᠲᠡᠳᠡ ᠪᠦᠭᠦᠳᠡᠭᠡᠷ ᠬᠠᠤᠯᠢ ᠳᠤ ᠬᠠᠯᠠᠭᠤᠨ ᠰᠡᠳᠬᠢᠯ ᠲᠠᠢ ᠪᠠᠢᠳᠠᠭ᠃ 21 ᠬᠠᠷᠢᠨ ᠲᠡᠳᠡ ᠲᠠᠨ ᠢ ᠬᠠᠷᠢᠴᠤᠳ ᠤᠨ ᠳᠤᠮᠳᠠ ᠰᠠᠭᠤᠭ᠎ᠠ ᠪᠦᠬᠦ ᠶᠦᠳᠠᠢ ᠬᠥᠮᠦᠨ ᠳᠦ ᠬᠡᠦᠬᠡᠳ ᠦᠨ ᠢᠶᠠᠨ ᠬᠥᠪᠴᠢᠷᠬᠡᠢ ᠶᠢ ᠪᠢᠲᠡᠭᠡᠢ ᠬᠥᠨᠳᠡ᠂ ᠪᠠᠰᠠ ᠶᠣᠰᠣ ᠵᠠᠩᠰᠢᠯ ᠢᠶᠠᠨ ᠪᠢᠲᠡᠭᠡᠢ ᠳᠠᠭ᠎ᠠ ᠬᠡᠮᠡᠨ ᠮᠣᠰᠧ ᠡᠴᠡ ᠰᠠᠯᠬᠤ ᠶᠢ ᠵᠢᠭᠠᠳᠠᠭ ᠭᠡᠵᠦ ᠰᠣᠨᠣᠰᠴᠠᠢ᠃ 22 ᠲᠡᠭᠡᠪᠡᠯ ᠶᠠᠭᠠᠬᠢᠬᠤ ᠪᠢᠯᠡ︖ ᠲᠡᠳᠡ ᠲᠠᠨ ᠤ ᠢᠷᠡᠭᠰᠡᠨ ᠢ ᠯᠠᠪᠲᠠᠢ ᠰᠣᠨᠣᠰᠬᠤ ᠲᠤᠯᠠ 23 ᠲᠠ ᠪᠢᠳᠡᠨ ᠦ ᠦᠭᠡ ᠪᠡᠷ ᠬᠢᠭᠡᠷᠡᠢ᠃ ᠠᠨᠳᠠᠭᠠᠢ ᠡᠷᠭᠦᠭᠰᠡᠨ ᠳᠥᠷᠪᠡᠨ ᠬᠥᠮᠦᠨ ᠪᠢᠳᠡᠨ ᠳᠦ ᠪᠤᠢ᠃ 24 ᠲᠠ ᠲᠡᠳᠡᠨ ᠢ ᠳᠠᠭᠠᠭᠤᠯᠵᠤ ᠶᠠᠪᠤᠭᠠᠳ ᠬᠠᠮᠲᠤ ᠳᠠᠭᠠᠨ ᠴᠡᠪᠡᠷᠯᠡᠬᠦ ᠶᠣᠰᠣᠯᠠᠯ ᠢ ᠭᠦᠢᠴᠡᠳᠬᠡᠭᠡᠷᠡᠢ᠂ ᠦᠰᠦ ᠬᠤᠰᠤᠭᠤᠯᠬᠤ ᠵᠠᠷᠤᠳᠠᠯ ᠢ ᠨᠢ ᠲᠥᠯᠥᠭᠡᠷᠡᠢ᠃ ᠲᠡᠭᠡᠪᠡᠯ ᠲᠠᠨ ᠤ ᠲᠤᠬᠠᠢ ᠰᠣᠨᠣᠰᠣᠭᠰᠠᠨ ᠵᠦᠢᠯ ᠨᠢ ᠣᠷᠣ ᠦᠭᠡᠢ᠂ ᠲᠠᠨ ᠢ ᠴᠤ ᠬᠠᠤᠯᠢ ᠶᠢ ᠰᠠᠬᠢᠵᠤ ᠵᠥᠪ ᠠᠮᠢᠳᠤᠷᠠᠳᠠᠭ ᠭᠡᠵᠦ ᠬᠥᠮᠦᠨ ᠪᠦᠬᠦᠨ ᠮᠡᠳᠡᠬᠦ ᠪᠣᠯᠣᠨ᠎ᠠ᠃ 25 ᠢᠲᠡᠭᠡᠭᠰᠡᠨ ᠬᠠᠷᠢᠴᠤᠳ ᠤᠨ ᠲᠤᠬᠠᠢ ᠳᠤ ᠭᠡᠪᠡᠯ᠂ ᠰᠢᠲᠦᠭᠡᠨ ᠳᠦ ᠡᠷᠭᠦᠭᠰᠡᠨ ᠮᠢᠬ᠎ᠠ ᠪᠠ ᠴᠢᠰᠤ᠂ ᠪᠣᠭᠣᠮᠢᠯᠠᠵᠤ ᠠᠯᠠᠭᠰᠠᠨ ᠠᠮᠢᠲᠠᠨ ᠤ ᠮᠢᠬ᠎ᠠ ᠪᠠ ᠰᠠᠳᠤᠷ ᠰᠠᠮᠠᠭᠤᠨ ᠠᠴᠠ ᠴᠡᠭᠡᠷᠯᠡᠬᠦ ᠶᠢ ᠲᠣᠭᠲᠠᠭᠠᠭᠠᠳ ᠪᠢᠳᠡ ᠵᠠᠬᠢᠳᠠᠯ ᠶᠠᠪᠤᠭᠤᠯᠤᠭᠰᠠᠨ》 ᠭᠡᠪᠡ᠃ 26 ᠫᠠᠦ᠋ᠯ ᠳᠠᠷᠠᠭ᠎ᠠ ᠡᠳᠦᠷ ᠨᠢ ᠥᠨᠥᠬᠢ ᠬᠥᠮᠦᠰ ᠢ ᠳᠠᠭᠠᠭᠤᠯᠤᠨ ᠬᠠᠮᠲᠤ ᠪᠠᠷ ᠴᠡᠪᠡᠷᠯᠡᠬᠦ ᠶᠣᠰᠣᠯᠠᠯ ᠭᠦᠢᠴᠡᠳᠬᠡᠭᠡᠳ ᠠᠷᠢᠭᠤᠨ ᠣᠷᠳᠣᠨ ᠳᠤ ᠣᠷᠣᠭᠰᠠᠨ ᠪᠥᠭᠡᠳ ᠬᠡᠵᠢᠶ᠎ᠡ ᠴᠡᠪᠡᠷᠯᠡᠬᠦ ᠶᠣᠰᠣᠯᠠᠯ ᠳᠠᠭᠤᠰᠬᠤ᠂ ᠬᠥᠮᠦᠨ ᠨᠢᠭᠡ ᠪᠦᠷᠢ ᠶᠢᠨ ᠲᠥᠯᠥᠭᠡ ᠲᠠᠬᠢᠯ ᠡᠷᠭᠦᠬᠦ ᠶᠢ ᠵᠠᠷᠯᠠᠪᠠ᠃
 ᠫᠠᠦ᠋ᠯ ᠪᠠᠷᠢᠪᠴᠢᠯᠠᠭᠳᠠᠭᠰᠠᠨ ᠨᠢ

27 ᠳᠣᠯᠣᠭᠠᠨ ᠬᠣᠨᠣᠭ ᠨᠢ ᠳᠠᠭᠤᠰᠬᠤ ᠰᠢᠬᠠᠬᠤ ᠳᠤ᠂ ᠠᠽᠢᠶ᠎ᠠ ᠮᠤᠵᠢ ᠡᠴᠡ ᠢᠷᠡᠭᠰᠡᠨ ᠶᠦᠳᠠᠢᠴᠤᠳ ᠫᠠᠦ᠋ᠯ ᠤᠨ ᠠᠷᠢᠭᠤᠨ ᠣᠷᠳᠣᠨ ᠳᠤ ᠪᠠᠢᠭ᠎ᠠ ᠶᠢ ᠬᠠᠷᠠᠭᠠᠳ ᠠᠷᠠᠳ ᠣᠯᠠᠨ ᠢ ᠥᠳᠥᠭᠡᠨ ᠲᠡᠭᠦᠨ ᠢ ᠪᠠᠷᠢᠪᠴᠢᠯᠠᠵᠤ ᠴᠢᠩᠭ᠍᠎ᠠ ᠳᠠᠭᠤ ᠪᠠᠷ᠄ 28 《ᠢᠰᠷᠧᠯᠴᠦᠳ ᠡ︕ ᠲᠤᠰᠠᠯᠠᠭᠠᠴᠢ︕ ᠬᠠᠮᠢᠭ᠎ᠠ ᠰᠠᠢ ᠦᠭᠡᠢ᠂ ᠬᠡᠨ ᠳᠦ ᠴᠤ ᠪᠢᠳᠡᠨ ᠦ ᠠᠷᠠᠳ ᠲᠦᠮᠡᠨ᠂ ᠬᠠᠤᠯᠢ ᠪᠠ ᠡᠨᠡ ᠭᠠᠵᠠᠷ ᠢ ᠡᠰᠡᠷᠭᠦᠴᠡᠬᠦ ᠶᠢ ᠵᠢᠭᠠᠳᠠᠭ ᠬᠥᠮᠦᠨ ᠴᠢᠨᠢ ᠡᠨᠡ ᠪᠠᠢᠨ᠎ᠠ᠃ ᠡᠭᠦᠨ ᠡᠴᠡ ᠭᠠᠳᠠᠨ᠎ᠠ᠂ ᠭᠷᠧᠭᠴᠦᠳ ᠢ ᠬᠦᠷᠲᠡᠯ᠎ᠡ ᠣᠷᠳᠣᠨ ᠳᠤ ᠳᠠᠭᠠᠭᠤᠯᠵᠤ ᠣᠷᠣᠭᠠᠳ ᠡᠨᠡ ᠠᠷᠢᠭᠤᠨ ᠭᠠᠵᠠᠷ ᠢ ᠪᠤᠵᠠᠷᠯᠠᠭᠰᠠᠨ》 ᠭᠡᠵᠡᠢ᠃ 29 ᠲᠡᠳᠡ ᠧᠹᠧᠰ ᠬᠥᠮᠦᠨ ᠲᠷᠣᠹᠢᠮ ᠤᠨ ᠫᠠᠦ᠋ᠯ ᠲᠠᠢ ᠬᠠᠮᠲᠤ ᠬᠣᠲᠠ ᠳᠤ ᠪᠠᠢᠭ᠎ᠠ ᠶᠢ ᠦᠵᠡᠵᠦ ᠪᠠᠢᠭᠰᠠᠨ ᠤᠴᠢᠷ ᠠᠴᠠ ᠫᠠᠦ᠋ᠯ ᠲᠡᠭᠦᠨ ᠢ ᠳᠠᠭᠠᠭᠤᠯᠵᠤ ᠠᠷᠢᠭᠤᠨ ᠣᠷᠳᠣᠨ ᠳᠤ ᠣᠷᠣᠭᠰᠠᠨ ᠭᠡᠵᠦ ᠪᠣᠳᠣᠵᠠᠭᠠᠭᠰᠠᠨ ᠠᠵᠢ᠃ 30 ᠪᠦᠬᠦ ᠬᠣᠲᠠ ᠲᠦᠷᠬᠢᠵᠦ᠂ ᠠᠷᠠᠳ ᠣᠯᠠᠨ ᠭᠦᠶᠦᠯᠴᠡᠨ ᠢᠷᠡᠭᠡᠳ ᠫᠠᠦ᠋ᠯ ᠢ ᠪᠠᠷᠢᠵᠤ ᠣᠷᠳᠣᠨ ᠠᠴᠠ ᠴᠢᠷᠴᠦ ᠭᠠᠷᠭᠠᠮᠠᠭᠴᠠ ᠡᠭᠦᠳᠡ ᠨᠦᠭᠦᠳ ᠬᠠᠭᠠᠭᠳᠠᠵᠠᠢ᠃ 31 ᠲᠡᠳᠡ ᠫᠠᠦ᠋ᠯ ᠢ ᠠᠯᠠᠬᠤ ᠭᠡᠵᠦ ᠪᠠᠢᠲᠠᠯ᠎ᠠ ᠪᠦᠬᠦ ᠶᠧᠷᠦ᠋ᠰᠠᠯᠧᠮ ᠦᠢᠮᠡᠵᠦ ᠪᠠᠢᠭ᠎ᠠ ᠭᠡᠰᠡᠨ ᠮᠡᠳᠡᠭᠦᠯᠦᠯᠭᠡ ᠮᠢᠩ᠋ᠭᠠᠲᠤ ᠶᠢᠨ ᠳᠠᠷᠤᠭ᠎ᠠ ᠳᠤ ᠬᠦᠷᠪᠡ᠃ 32 ᠲᠡᠷᠡ ᠴᠡᠷᠢᠭ ᠤᠳ ᠪᠠ ᠵᠠᠭᠤᠲᠤ ᠶᠢᠨ ᠳᠠᠷᠤᠭ᠎ᠠ ᠪᠠᠨ ᠳᠠᠭᠠᠭᠤᠯᠤᠨ ᠳᠠᠷᠤᠢ ᠳᠤᠨᠢ ᠲᠡᠳᠡᠨ ᠤᠷᠤᠭᠤ ᠭᠦᠶᠦᠨ ᠣᠴᠢᠯ᠎ᠠ᠃ ᠬᠥᠮᠦᠰ ᠮᠢᠩ᠋ᠭᠠᠲᠤ ᠶᠢᠨ ᠳᠠᠷᠤᠭ᠎ᠠ ᠪᠠ ᠴᠡᠷᠢᠭ ᠢ ᠦᠵᠡᠭᠡᠳ ᠫᠠᠦ᠋ᠯ ᠢ ᠵᠣᠳᠣᠬᠤ ᠪᠠᠨ ᠪᠣᠯᠢᠪᠠ᠃ 33 ᠮᠢᠩ᠋ᠭᠠᠲᠤ ᠶᠢᠨ ᠳᠠᠷᠤᠭ᠎ᠠ ᠳᠥᠭᠥᠵᠦ ᠬᠦᠷᠦᠨ ᠫᠠᠦ᠋ᠯ ᠢ ᠪᠠᠷᠢᠭᠰᠠᠨ ᠤ ᠳᠠᠷᠠᠭ᠎ᠠ᠂ 《ᠬᠣᠶᠠᠷ ᠭᠢᠨᠵᠢ ᠪᠠᠷ ᠭᠢᠨᠵᠢᠯᠡ》 ᠭᠡᠵᠦ ᠲᠤᠰᠢᠶᠠᠭᠠᠳ ᠴᠤᠭᠯᠠᠷᠠᠭᠰᠠᠨ ᠣᠯᠠᠨ ᠠᠴᠠ ᠲᠡᠭᠦᠨ ᠦ ᠬᠡᠨ ᠪᠣᠯᠬᠤ ᠪᠠ ᠶᠠᠭᠤ ᠬᠢᠭᠰᠡᠨ ᠢ ᠨᠢ ᠠᠰᠠᠭᠤᠭᠰᠠᠨ ᠳᠤ᠂ 34 ᠴᠤᠭᠯᠠᠷᠠᠭᠰᠠᠨ ᠣᠯᠠᠨ ᠤ ᠵᠠᠷᠢᠮ ᠨᠢ ᠡᠢᠮᠦ᠂ ᠵᠠᠷᠢᠮ ᠨᠢ ᠲᠡᠢᠮᠦ ᠭᠡᠵᠦ ᠣᠷᠢᠯᠠᠯᠳᠤᠨ᠎ᠠ᠃ ᠮᠢᠩ᠋ᠭᠠᠲᠤ ᠶᠢᠨ ᠳᠠᠷᠤᠭ᠎ᠠ ᠡᠨᠡ ᠦᠢᠮᠡᠭᠡᠨ ᠳᠦ ᠪᠣᠳᠠᠲᠤ ᠪᠠᠢᠳᠠᠯ ᠢ ᠮᠡᠳᠡᠵᠦ ᠴᠢᠳᠠᠬᠤ ᠦᠭᠡᠢ ᠪᠣᠯᠬᠤ ᠳᠠᠭᠠᠨ ᠫᠠᠦ᠋ᠯ ᠢ ᠬᠤᠸᠠᠷᠠᠨ ᠳᠤ ᠠᠪᠠᠴᠢᠬᠤ ᠶᠢ ᠲᠤᠰᠢᠶᠠᠪᠠ᠃ 35 ᠫᠠᠦ᠋ᠯ ᠱᠠᠲᠤᠨ ᠳᠡᠭᠡᠷ᠎ᠡ ᠬᠦᠷᠬᠦ ᠳᠦ᠂ ᠣᠯᠠᠨ ᠬᠥᠮᠦᠨ ᠳᠣᠭᠰᠢᠷᠠᠭᠠᠳ ᠪᠠᠢᠬᠤ ᠲᠤᠯᠠ ᠴᠡᠷᠢᠭ ᠤᠳ ᠲᠡᠭᠦᠨ ᠢ ᠡᠷᠭᠦᠵᠦ ᠶᠠᠪᠤᠪᠠ᠃ 36 ᠠᠷᠠᠳ ᠣᠯᠠᠨ ᠠᠷᠤ ᠠᠴᠠ ᠨᠢ ᠳᠠᠭᠠᠭᠰᠠᠭᠠᠷ 《ᠲᠡᠭᠦᠨ ᠢ ᠠᠯᠠ︕》 ᠭᠡᠵᠦ ᠬᠠᠰᠬᠢᠷᠤᠯᠳᠤᠵᠤ ᠪᠠᠢᠯ᠎ᠠ᠃

37 ᠫᠠᠦ᠋ᠯ ᠢ ᠴᠡᠷᠢᠭ ᠤᠨ ᠬᠤᠸᠠᠷᠠᠨ ᠳᠤ ᠠᠪᠴᠤ ᠣᠷᠣᠬᠤ ᠭᠡᠵᠦ ᠪᠠᠢᠲᠠᠯ᠎ᠠ ᠲᠡᠷᠡ ᠮᠢᠩ᠋ᠭᠠᠲᠤ ᠶᠢᠨ ᠳᠠᠷᠤᠭ᠎ᠠ ᠠᠴᠠ᠄ 《ᠪᠢ ᠲᠠᠨ ᠳᠤ ᠶᠠᠭᠤᠮ᠎ᠠ ᠶᠠᠷᠢᠵᠤ ᠪᠣᠯᠬᠤ ᠤᠤ︖》 ᠭᠡᠵᠦ ᠠᠰᠠᠭᠤᠪᠠ᠃ ᠮᠢᠩ᠋ᠭᠠᠲᠤ ᠶᠢᠨ ᠳᠠᠷᠤᠭ᠎ᠠ᠄ 《ᠴᠢ ᠭᠷᠧᠭ ᠬᠡᠯᠡ ᠮᠡᠳᠡᠳᠡᠭ ᠶᠤᠮ ᠤᠤ︖ 38 ᠲᠡᠭᠡᠪᠡᠯ ᠴᠢ ᠲᠦᠷᠦᠭᠦᠬᠡᠨ ᠦᠢᠮᠡᠭᠡᠨ ᠳᠡᠭᠳᠡᠭᠡᠵᠦ᠂ ᠳᠥᠷᠪᠡᠨ ᠮᠢᠩ᠋ᠭᠠᠨ ᠶᠠᠷᠭᠠᠴᠢᠨ ᠢ ᠳᠠᠭᠠᠭᠤᠯᠵᠤ ᠴᠥᠯ ᠤᠷᠤᠭᠤ ᠶᠠᠪᠤᠭᠰᠠᠨ ᠶᠧᠵᠢᠫᠲ ᠬᠥᠮᠦᠨ ᠪᠢᠰᠢ ᠤᠤ︖》 ᠭᠡᠪᠡ᠃ 39 《ᠪᠢ ᠶᠦᠳᠠᠢ ᠬᠥᠮᠦᠨ ᠪᠠᠢᠨ᠎ᠠ᠃ ᠺᠢᠯᠢᠺᠢᠶ᠎ᠠ ᠶᠢᠨ ᠵᠢᠷ ᠤᠨ ᠪᠤᠰᠤ ᠬᠣᠲᠠ ᠲᠠᠷᠰᠦ᠋ ᠶᠢᠨ ᠢᠷᠭᠡᠨ ᠶᠤᠮ᠃ ᠠᠷᠠᠳ ᠣᠯᠠᠨ ᠳᠤ ᠶᠠᠷᠢᠬᠤ ᠶᠢ ᠮᠢᠨᠢ ᠵᠥᠪᠰᠢᠶᠡᠷᠡᠭᠡᠴᠢ》 ᠭᠡᠵᠦ ᠫᠠᠦ᠋ᠯ ᠭᠤᠶᠤᠬᠤ ᠳᠤ᠂ 40 ᠮᠢᠩ᠋ᠭᠠᠲᠤ ᠶᠢᠨ ᠳᠠᠷᠤᠭ᠎ᠠ ᠵᠥᠪᠰᠢᠶᠡᠷᠡᠪᠡ᠃ ᠫᠠᠦ᠋ᠯ ᠱᠠᠲᠤᠨ ᠳᠡᠭᠡᠷ᠎ᠡ ᠵᠣᠭᠰᠣᠭᠠᠳ ᠭᠠᠷ ᠢᠶᠠᠷ ᠢᠶᠠᠨ ᠳᠣᠬᠢᠬᠤ ᠳᠤ᠂ ᠠᠷᠠᠳ ᠣᠯᠠᠨ ᠨᠠᠮ ᠵᠢᠮ ᠪᠣᠯᠪᠠ᠃ ᠫᠠᠦ᠋ᠯ ᠢᠪᠷᠠᠢ ᠬᠡᠯᠡ ᠪᠡᠷ ᠶᠠᠷᠢᠯ᠎ᠠ᠄