ᠦᠢᠯᠡᠰ ᠶᠢᠰᠦ
ᠰᠠᠦ᠋ᠯ ᠤᠨ ᠬᠤᠪᠢᠷᠠᠯᠲᠠ
1 ᠰᠠᠦ᠋ᠯ ᠡᠵᠡᠨ ᠦ ᠱᠠᠪᠢ ᠨᠠᠷ ᠤᠨ ᠵᠦᠭ ᠬᠥᠨᠥᠭᠡᠯ ᠵᠠᠨᠤᠯ ᠢᠶᠠᠷ ᠠᠮᠢᠰᠬᠤᠯᠯᠠᠭᠰᠠᠭᠠᠷ ᠲᠡᠷᠢᠭᠦᠨ ᠲᠠᠬᠢᠯᠴᠢ ᠳᠡᠭᠡᠷ᠎ᠡ ᠣᠴᠢᠵᠤ᠂ 2 ᠳ᠋ᠠᠮᠠᠰᠺᠦ᠋ᠰ ᠬᠣᠲᠠ ᠶᠢᠨ ᠬᠤᠷᠠᠯ ᠤᠨ ᠲᠠᠩᠬᠢᠮ ᠤᠳ ᠲᠤ ᠶᠠᠪᠤᠭᠤᠯᠬᠤ ᠪᠢᠴᠢᠭ ᠢ ᠭᠤᠶᠤᠵᠠᠢ᠃ ᠡᠢᠨ ᠬᠦ ᠡᠨᠡ ᠵᠠᠮ 7 ᠢ ᠳᠠᠭᠠᠭᠴᠢ ᠬᠥᠮᠦᠨ ᠢ ᠣᠯᠪᠠᠯ ᠡᠷᠡᠭᠲᠡᠢ ᠡᠮᠡᠭᠲᠡᠢ ᠢᠯᠭᠠᠯ ᠦᠭᠡᠢ ᠬᠦᠯᠢᠭᠡᠳ ᠶᠧᠷᠦ᠋ᠰᠠᠯᠧᠮ ᠳᠤ ᠠᠪᠴᠢᠷᠠᠬᠤ ᠭᠡᠵᠦ ᠪᠠᠢᠯ᠎ᠠ᠃ 3 ᠰᠠᠦ᠋ᠯ ᠳ᠋ᠠᠮᠠᠰᠺᠦ᠋ᠰ ᠲᠤ ᠣᠢᠷᠠᠲᠤᠵᠤ ᠶᠠᠪᠤᠲᠠᠯ᠎ᠠ᠂ ᠭᠡᠨᠡᠳᠲᠡ ᠲᠩᠷᠢ ᠡᠴᠡ ᠭᠡᠷᠡᠯ ᠭᠠᠷᠴᠤ᠂ ᠲᠡᠭᠦᠨ ᠢ ᠬᠦᠷᠢᠶᠡᠯᠡᠨ ᠭᠡᠶᠢᠭᠦᠯᠦᠭᠰᠡᠨ ᠳᠦ᠂ 4 ᠰᠠᠦ᠋ᠯ ᠭᠠᠵᠠᠷ ᠲᠤ ᠤᠨᠠᠴᠢᠬᠠᠪᠠ᠃ ᠲᠡᠭᠡᠲᠡᠯ᠎ᠡ᠄ 《ᠰᠠᠦ᠋ᠯ ᠡ᠂ ᠰᠠᠦ᠋ᠯ ᠡ᠂ ᠴᠢ ᠶᠠᠭᠤᠨ ᠳᠤ ᠨᠠᠮᠠᠶᠢ ᠬᠠᠪᠴᠢᠵᠤ ᠪᠠᠢᠨ᠎ᠠ ᠪᠤᠢ︖》 ᠭᠡᠬᠦ ᠳᠠᠭᠤ ᠰᠣᠨᠣᠰᠲᠠᠯ᠎ᠠ᠃ 5 ᠰᠠᠦ᠋ᠯ᠄ 《ᠲᠠ ᠬᠡᠨ ᠪᠤᠢ︖ ᠡᠵᠡᠨ ᠡ》 ᠭᠡᠬᠦ ᠳᠦ᠂ ᠲᠡᠷᠡ᠄ 《ᠪᠢ ᠪᠣᠯ ᠴᠢᠨᠦ ᠬᠠᠪᠴᠢᠵᠤ ᠪᠠᠢᠭ᠎ᠠ ᠢᠰᠦ᠋ᠰ ᠪᠠᠢᠨ᠎ᠠ᠃ 6 ᠣᠳᠣ ᠪᠣᠰᠣᠭᠠᠳ ᠬᠣᠲᠠ ᠳᠤ ᠣᠷᠣ᠃ ᠶᠠᠭᠤ ᠬᠢᠬᠦ ᠶᠣᠰᠣᠲᠠᠢ ᠶᠢ ᠴᠢᠨᠢ ᠬᠥᠮᠦᠨ ᠬᠡᠯᠡᠵᠦ ᠥᠭᠭᠥᠨ᠎ᠡ》 ᠭᠡᠪᠡ᠃ 7 ᠬᠠᠮᠲᠤ ᠵᠠᠮᠨᠠᠭᠰᠠᠳ ᠲᠤᠨᠢ ᠲᠡᠷᠡ ᠳᠠᠭᠤ ᠰᠣᠨᠣᠰᠳᠠᠭᠰᠠᠨ ᠪᠣᠯᠪᠠᠴᠤ ᠶᠠᠭᠤ ᠴᠤ ᠦᠵᠡᠭᠳᠡᠭᠰᠡᠨ ᠦᠭᠡᠢ ᠲᠤᠯᠠ ᠲᠡᠳᠡ ᠴᠢᠮᠡᠭᠡ ᠦᠭᠡᠢ ᠵᠣᠭᠰᠣᠵᠤ ᠪᠠᠢᠯ᠎ᠠ᠃ 8 ᠰᠠᠦ᠋ᠯ ᠭᠠᠵᠠᠷ ᠠᠴᠠ ᠪᠣᠰᠣᠭᠠᠳ ᠨᠢᠳᠦ ᠪᠡᠨ ᠨᠡᠭᠡᠭᠡᠭᠰᠡᠨ ᠬᠢᠷᠢ ᠨᠢ ᠶᠠᠭᠤ ᠴᠤ ᠦᠵᠡᠬᠦ ᠪᠡᠨ ᠪᠣᠯᠢᠪᠠ᠃ ᠬᠥᠮᠦᠰ ᠭᠠᠷ ᠠᠴᠠ ᠨᠢ ᠬᠥᠲᠥᠯᠥᠨ ᠳ᠋ᠠᠮᠠᠰᠺᠦ᠋ᠰ ᠲᠤ ᠠᠪᠴᠢᠷᠠᠪᠠ᠃ 9 ᠰᠠᠦ᠋ᠯ ᠭᠤᠷᠪᠠᠨ ᠬᠣᠨᠣᠭ ᠬᠠᠷᠠᠭ᠎ᠠ ᠦᠭᠡᠢ ᠪᠠᠢᠭᠰᠠᠭᠠᠷ ᠶᠠᠭᠤ ᠴᠤ ᠢᠳᠡᠵᠦ ᠤᠤᠭᠤᠭᠰᠠᠨ ᠦᠭᠡᠢ᠃
10 ᠳ᠋ᠠᠮᠠᠰᠺᠦ᠋ᠰ ᠲᠤ ᠠᠨᠠᠨᠢᠶ᠎ᠠ ᠭᠡᠳᠡᠭ ᠱᠠᠪᠢ ᠪᠠᠢᠵᠠᠢ᠃ ᠡᠵᠡᠨ ᠦᠵᠡᠭᠳᠡᠯ ᠳᠦᠨᠢ᠄ 《ᠠᠨᠠᠨᠢᠶ᠎ᠠ ᠡ︕》 ᠭᠡᠵᠦ ᠬᠡᠯᠡᠭᠰᠡᠨ ᠳᠦ᠂ ᠲᠡᠷᠡ᠄ 《ᠡᠵᠡᠨ ᠡ᠂ ᠪᠢ ᠡ᠊ᠨᠳᠡ ᠪᠠᠢᠨ᠎ᠠ︕》 ᠭᠡᠪᠡ᠃ 11 ᠡᠵᠡᠨ ᠲᠡᠭᠦᠨ ᠳᠦ᠄ 《ᠪᠣᠰ᠂ ᠰᠢᠯᠤᠭᠤᠨ ᠬᠡᠮᠡᠬᠦ ᠭᠤᠳᠤᠮᠵᠢᠨ ᠳᠠᠬᠢ ᠶᠦᠳᠠ ᠶᠢᠨ ᠭᠡᠷ ᠲᠦ ᠬᠦᠷᠴᠦ᠂ ᠲᠠᠷᠰᠦ᠋ ᠶᠢᠨ ᠰᠠᠦ᠋ᠯ ᠭᠡᠭᠴᠢ ᠬᠥᠮᠦᠨ ᠢ ᠰᠤᠷᠠᠭᠯᠠᠵᠤ ᠣᠯᠣᠭᠠᠷᠠᠢ᠂ ᠲᠡᠷᠡ ᠳᠠᠭᠠᠳᠬᠠᠵᠤ ᠪᠠᠢᠨ᠎ᠠ᠂ 12 ᠦᠵᠡᠭᠳᠡᠯ ᠳᠡᠭᠡᠨ ᠠᠨᠠᠨᠢᠶ᠎ᠠ ᠭᠡᠳᠡᠭ ᠬᠥᠮᠦᠨ ᠥᠪᠡᠷ ᠤᠷᠤᠭᠤ ᠨᠢ ᠢᠷᠡᠵᠦ ᠳᠡᠭᠡᠷ᠎ᠡ ᠨᠢ ᠭᠠᠷ ᠢᠶᠠᠨ ᠲᠠᠯᠪᠢᠵᠤ ᠳᠠᠬᠢᠨ ᠬᠠᠷᠠᠭ᠎ᠠ ᠲᠠᠢ ᠪᠣᠯᠭᠠᠬᠤ ᠶᠢ ᠲᠡᠷᠡ ᠦᠵᠡᠯ᠎ᠡ》 ᠭᠡᠵᠦ ᠬᠡᠯᠡᠬᠦ ᠳᠦ᠂ 13 ᠠᠨᠠᠨᠢᠶ᠎ᠠ᠄ 《ᠡᠵᠡᠨ ᠡ᠂ ᠲᠡᠷᠡ ᠬᠥᠮᠦᠨ ᠶᠧᠷᠦ᠋ᠰᠠᠯᠧᠮ ᠳᠤ ᠲᠠᠨ ᠤ ᠠᠷᠢᠭᠤᠨ ᠬᠥᠮᠦᠰ ᠢ ᠶᠡᠬᠡᠳᠡ ᠬᠣᠣᠷᠯᠠᠭᠰᠠᠨ ᠢ ᠪᠢ ᠣᠯᠠᠨ ᠬᠥᠮᠦᠨ ᠡᠴᠡ ᠰᠣᠨᠣᠰᠴᠠᠢ᠃ 14 ᠲᠡᠷᠡ ᠪᠠᠰᠠ ᠲᠠᠨ ᠤ ᠨᠡᠷ᠎ᠡ ᠶᠢ ᠳᠠᠭᠤᠳᠠᠭᠴᠢ ᠪᠦᠬᠦᠨ ᠢ ᠪᠠᠷᠢᠪᠴᠢᠯᠠᠬᠤ ᠡᠷᠬᠡ ᠮᠡᠳᠡᠯ ᠢ ᠠᠬᠠᠯᠠᠬᠤ ᠲᠠᠬᠢᠯᠴᠢᠳ ᠠᠴᠠ ᠠᠪᠤᠭᠰᠠᠨ ᠶᠤᠮ》 ᠭᠡᠵᠦ ᠬᠠᠷᠢᠭᠤᠯᠬᠤ ᠳᠤ᠂ 15 ᠡᠵᠡᠨ ᠲᠡᠭᠦᠨ ᠳᠦ᠄ 《ᠶᠠᠪᠤ᠂ ᠡᠨᠡ ᠬᠥᠮᠦᠨ ᠪᠣᠯ ᠮᠢᠨᠦ ᠰᠣᠩ᠋ᠭᠣᠭᠰᠠᠨ ᠬᠡᠷᠡᠭᠯᠡᠭᠦᠷ ᠪᠢᠯᠡ᠃ ᠲᠡᠷᠡ ᠬᠠᠷᠢᠴᠤᠳ᠂ ᠬᠠᠭᠠᠳ ᠪᠣᠯᠣᠨ ᠢᠰᠷᠧᠯ ᠤᠨ ᠦᠷ᠎ᠡ ᠤᠳᠤᠮ ᠤᠨ ᠡᠮᠦᠨ᠎ᠡ ᠮᠢᠨᠦ ᠨᠡᠷ᠎ᠡ ᠶᠢ ᠤᠯᠠᠮᠵᠢᠯᠠᠬᠤ ᠪᠣᠯᠣᠨ᠎ᠠ᠃ 16 ᠪᠢ ᠲᠡᠭᠦᠨ ᠳᠦ ᠮᠢᠨᠦ ᠨᠡᠷ᠎ᠡ ᠶᠢᠨ ᠲᠥᠯᠥᠭᠡ ᠬᠡᠴᠢᠨᠡᠨ ᠵᠣᠪᠠᠯᠠᠩ ᠠᠮᠰᠠᠬᠤ ᠶᠣᠰᠣᠲᠠᠢ ᠶᠢ ᠦᠵᠡᠭᠦᠯᠦᠨ᠎ᠡ》 ᠭᠡᠪᠡ᠃ 17 ᠠᠨᠠᠨᠢᠶ᠎ᠠ ᠶᠠᠪᠤᠵᠤ ᠲᠡᠷᠡ ᠭᠡᠷ ᠲᠦ ᠣᠷᠣᠭᠠᠳ᠂ ᠲᠡᠭᠦᠨ ᠦ ᠳᠡᠭᠡᠷ᠎ᠡ ᠭᠠᠷ ᠢᠶᠠᠨ ᠲᠠᠯᠪᠢᠵᠤ᠄ 《ᠠᠨᠳᠠ ᠰᠠᠦ᠋ᠯ ᠡ᠂ ᠢᠷᠡᠬᠦ ᠵᠠᠮ ᠳᠤ ᠴᠢᠨᠢ ᠢᠯᠡᠷᠡᠭᠰᠡᠨ ᠡᠵᠡᠨ ᠢᠰᠦ᠋ᠰ ᠴᠢᠮᠠᠶᠢ ᠬᠠᠷᠠᠭ᠎ᠠ ᠲᠠᠢ ᠪᠣᠯᠭᠠᠵᠤ᠂ ᠠᠷᠢᠭᠤᠨ ᠰᠦᠨᠡᠰᠦ ᠪᠡᠷ ᠳᠦᠭᠦᠷᠭᠡᠬᠦ ᠶᠢᠨ ᠲᠤᠯᠠᠳᠠ ᠨᠠᠮᠠᠶᠢ ᠢᠯᠡᠭᠡᠯ᠎ᠡ》 ᠭᠡᠵᠦ ᠬᠡᠯᠡᠬᠦ ᠳᠦ᠂ 18 ᠰᠠᠦ᠋ᠯ ᠤᠨ ᠨᠢᠳᠦᠨ ᠡᠴᠡ ᠳᠠᠷᠤᠢᠬᠠᠨ ᠬᠠᠢᠷᠰᠤ ᠰᠢᠭ᠋ ᠶᠠᠭᠤᠮ᠎ᠠ ᠬᠠᠭᠤᠷᠠᠵᠤ ᠤᠨᠠᠭᠠᠳ ᠳᠠᠬᠢᠨ ᠬᠠᠷᠠᠭ᠎ᠠ ᠲᠠᠢ ᠪᠣᠯᠪᠠ᠃ ᠲᠡᠷᠡ ᠪᠣᠰᠴᠤ ᠤᠬᠢᠶᠠᠯ ᠬᠦᠷᠲᠡᠭᠡᠳ 19 ᠬᠣᠭᠣᠯᠠ ᠢᠳᠡᠭᠰᠡᠨ ᠦ ᠳᠠᠷᠠᠭ᠎ᠠ᠂ ᠲᠠᠮᠢᠷ ᠲᠡᠩᠬᠡᠭᠡ ᠣᠷᠣᠪᠠ᠃
ᠫᠠᠦ᠋ᠯ ᠾᠷᠢᠰᠲ᠋ᠣᠰ ᠢ ᠲᠤᠩ᠋ᠬᠠᠭᠯᠠᠵᠤ ᠡᠬᠢᠯᠡᠪᠡ
20 ᠬᠤᠷᠠᠯ ᠤᠨ ᠲᠠᠩᠬᠢᠮ ᠤᠳ ᠢᠶᠠᠷ ᠶᠠᠪᠤᠵᠤ᠂ ᠢᠰᠦ᠋ᠰ ᠪᠣᠯ ᠪᠤᠷᠬᠠᠨ ᠤ ᠬᠦᠦ ᠮᠥᠨ ᠭᠡᠵᠦ ᠲᠤᠩ᠋ᠬᠠᠭᠯᠠᠵᠤ ᠡᠬᠢᠯᠡᠪᠡ᠃ 21 ᠡᠭᠦᠨ ᠢ ᠰᠣᠨᠣᠰᠣᠭᠰᠠᠨ ᠬᠥᠮᠦᠨ ᠪᠣᠯᠭᠠᠨ ᠭᠠᠢᠬᠠᠵᠤ᠄ 《ᠶᠧᠷᠦ᠋ᠰᠠᠯᠧᠮ ᠳᠤ ᠢᠰᠦ᠋ᠰ ᠤᠨ ᠨᠡᠷ᠎ᠡ ᠶᠢ ᠳᠠᠭᠤᠳᠠᠭᠴᠢ ᠪᠦᠬᠦᠨ ᠢ ᠬᠣᠣᠷᠯᠠᠵᠤ ᠪᠠᠢᠭᠰᠠᠨ ᠬᠥᠮᠦᠨ ᠴᠢᠨᠢ ᠡᠨᠡ ᠪᠢᠰᠢ ᠤᠤ︖ ᠡᠨᠡ ᠬᠥᠮᠦᠨ ᠲᠡᠢᠮᠦ ᠬᠥᠮᠦᠰ ᠢ ᠪᠠᠷᠢᠵᠤ ᠬᠦᠯᠢᠭᠡᠳ ᠠᠬᠠᠯᠠᠬᠤ ᠲᠠᠬᠢᠯᠴᠢᠳ ᠲᠤ ᠠᠪᠠᠴᠢᠬᠤ ᠶᠢᠨ ᠲᠤᠯᠠᠳᠠ ᠡ᠊ᠨᠳᠡ ᠢᠷᠡᠭᠰᠡᠨ ᠪᠢᠰᠢ ᠤᠤ︖》 ᠭᠡᠵᠡᠭᠡᠪᠡ᠃ 22 ᠬᠠᠷᠢᠨ ᠰᠠᠦ᠋ᠯ ᠤᠯᠠᠮ ᠬᠦᠴᠦᠲᠡᠢ ᠪᠣᠯᠵᠤ᠂ ᠢᠰᠦ᠋ᠰ ᠪᠣᠯ ᠾᠷᠢᠰᠲ᠋ᠣᠰ ᠮᠥᠨ ᠭᠡᠰᠡᠨ ᠢ ᠨᠣᠲᠠᠯᠠᠭᠠᠳ ᠳ᠋ᠠᠮᠠᠰᠺᠦ᠋ᠰ ᠲᠤ ᠰᠠᠭᠤᠳᠠᠭ ᠶᠦᠳᠠᠢᠴᠤᠳ ᠢ ᠭᠠᠷᠲᠠᠭᠠᠪᠠ᠃
23 ᠨᠡᠯᠢᠶᠡᠳ ᠡᠳᠦᠷ ᠥᠩᠭᠡᠷᠡᠭᠰᠡᠨ ᠦ ᠳᠠᠷᠠᠭ᠎ᠠ᠂ ᠶᠦᠳᠠᠢᠴᠤᠳ ᠲᠡᠭᠦᠨ ᠢ ᠠᠯᠠᠬᠤ ᠪᠠᠷ ᠬᠤᠤᠪᠢᠯᠳᠤᠭᠰᠠᠨ ᠪᠣᠯᠪᠠᠴᠤ 24 ᠲᠥᠯᠥᠪᠯᠡᠭᠡ ᠨᠢ ᠰᠠᠦ᠋ᠯ ᠳᠤ ᠮᠡᠳᠡᠭᠳᠡᠵᠡᠢ᠃ ᠲᠡᠳᠡ ᠲᠡᠭᠦᠨ ᠢ ᠠᠯᠠᠬᠤ ᠪᠠᠷ ᠡᠳᠦᠷ ᠰᠥᠨᠢ ᠦᠭᠡᠢ ᠬᠣᠲᠠ ᠶᠢᠨ ᠬᠠᠭᠠᠯᠭ᠎ᠠ ᠶᠢ ᠰᠠᠬᠢᠵᠤ ᠪᠠᠢᠪᠠ᠃ 25 ᠡᠢᠮᠦ ᠡᠴᠡ ᠱᠠᠪᠢ ᠨᠠᠷ ᠰᠠᠦ᠋ᠯ ᠢ ᠰᠥᠨᠢ ᠪᠠᠷ ᠰᠠᠭᠰᠤᠨ ᠳᠤ ᠰᠠᠭᠤᠯᠭᠠᠭᠠᠳ ᠬᠡᠷᠡᠮ ᠢᠶᠡᠷ ᠪᠠᠭᠤᠯᠭᠠᠵᠠᠢ᠃
26 ᠰᠠᠦ᠋ᠯ ᠶᠧᠷᠦ᠋ᠰᠠᠯᠧᠮ ᠳᠤ ᠣᠴᠢᠭᠠᠳ ᠱᠠᠪᠢ ᠨᠠᠷ ᠲᠠᠢ ᠬᠣᠯᠪᠣᠭ᠎ᠠ ᠪᠠᠢᠭᠤᠯᠬᠤ ᠭᠡᠰᠡᠨ ᠪᠣᠯᠪᠠᠴᠤ ᠲᠡᠳᠡ ᠪᠦᠭᠦᠳᠡᠭᠡᠷ ᠠᠶᠤᠭᠠᠳ ᠲᠡᠭᠦᠨ ᠢ ᠱᠠᠪᠢ ᠪᠣᠯᠣᠭᠰᠠᠨ ᠭᠡᠵᠦ ᠢᠲᠡᠭᠡᠬᠦ ᠦᠭᠡᠢ ᠪᠠᠢᠯ᠎ᠠ᠃ 27 ᠬᠠᠷᠢᠨ ᠪᠠᠷᠨᠠᠪᠠ ᠰᠠᠦ᠋ᠯ ᠢ ᠰᠢᠳᠠᠷ ᠱᠠᠪᠢ ᠨᠠᠷ ᠤᠷᠤᠭᠤ ᠠᠪᠴᠢᠷᠠᠭᠠᠳ ᠲᠡᠭᠦᠨ ᠦ ᠵᠠᠮ ᠳᠠᠭᠠᠨ ᠡᠵᠡᠨ ᠢ ᠬᠡᠷᠬᠢᠨ ᠣᠯᠵᠤ ᠦᠵᠡᠭᠰᠡᠨ᠂ ᠡᠵᠡᠨ ᠦ ᠲᠡᠭᠦᠨ ᠳᠦ ᠬᠡᠯᠡᠭᠰᠡᠨ ᠢ ᠪᠠ ᠳ᠋ᠠᠮᠠᠰᠺᠦ᠋ᠰ ᠲᠤ ᠢᠰᠦ᠋ᠰ ᠤᠨ ᠨᠡᠷ᠎ᠡ ᠪᠡᠷ ᠬᠡᠷᠬᠢᠨ ᠵᠣᠷᠢᠭᠲᠠᠢ ᠶᠠᠷᠢᠭᠰᠠᠨ ᠢ ᠲᠠᠢᠯᠪᠤᠷᠢᠯᠠᠵᠤ ᠥᠭᠴᠡᠢ᠃ 28 ᠡᠢᠮᠦ ᠡᠴᠡ ᠰᠠᠦ᠋ᠯ ᠶᠧᠷᠦ᠋ᠰᠠᠯᠧᠮ ᠤᠨ ᠡᠨᠡᠭᠦᠷ ᠲᠡᠷᠡᠭᠦᠷ ᠶᠠᠪᠤᠨ᠂ ᠡᠵᠡᠨ ᠦ ᠨᠡᠷ᠎ᠡ ᠪᠡᠷ ᠵᠣᠷᠢᠭᠲᠠᠢ ᠶᠠᠷᠢᠵᠤ ᠱᠠᠪᠢ ᠨᠠᠷ ᠲᠠᠢ ᠬᠠᠮᠲᠤ ᠪᠠᠢᠯᠴᠠᠯᠠ᠃ 29 ᠲᠡᠷᠡ ᠭᠷᠧᠭ ᠬᠡᠯᠡ ᠲᠠᠢ ᠶᠦᠳᠠᠢᠴᠤᠳ ᠲᠠᠢ ᠮᠡᠳᠬᠡᠯᠴᠡᠭᠰᠡᠨ ᠳᠦ᠂ ᠲᠡᠳᠡ ᠲᠡᠭᠦᠨ ᠢ ᠠᠯᠠᠬᠤ ᠪᠠᠷ ᠣᠷᠣᠯᠳᠤᠵᠠᠢ᠃ 30 ᠠᠬ᠎ᠠ ᠳᠡᠭᠦᠦ ᠨᠠᠷ ᠨᠢ ᠡᠭᠦᠨ ᠢ ᠮᠡᠳᠡᠭᠡᠳ ᠰᠠᠦ᠋ᠯ ᠢ ᠺᠠᠶᠧᠰᠠᠷᠢᠶ᠎ᠠ ᠬᠣᠲᠠ ᠳᠤ ᠠᠪᠠᠴᠢᠵᠤ᠂ ᠲᠡᠨᠳᠡ ᠡᠴᠡ ᠲᠠᠷᠰᠦ᠋ ᠬᠣᠲᠠ ᠤᠷᠤᠭᠤ ᠶᠠᠪᠤᠭᠤᠯᠪᠠ᠃
ᠫᠧᠲ᠋ᠧᠷ ᠣᠯᠠᠨ ᠭᠠᠵᠠᠷ ᠢᠶᠠᠷ ᠪᠠᠶᠠᠷ ᠤᠨ ᠮᠡᠳᠡᠭᠡ ᠲᠠᠷᠬᠠᠭᠠᠪᠠ
31 ᠶᠦᠳᠠᠢ᠂ ᠭᠠᠯᠢᠯᠠᠶ᠎ᠠ᠂ ᠰᠠᠮᠠᠷᠢᠶ᠎ᠠ ᠳᠠᠶᠠᠭᠠᠷ ᠤᠨ ᠴᠢᠭᠤᠯᠭᠠᠨ ᠠᠮᠤᠷ ᠲᠠᠢᠪᠤᠩ ᠪᠣᠯᠵᠤ ᠪᠣᠰᠬᠠᠨ ᠪᠠᠢᠭᠤᠯᠤᠭᠳᠠᠵᠤ ᠪᠠᠢᠭᠰᠠᠨ ᠪᠠ ᠡᠵᠡᠨ ᠡᠴᠡ ᠡᠮᠢᠶᠡᠯ ᠲᠡᠢ ᠠᠮᠢᠳᠤᠷᠠᠨ ᠠᠷᠢᠭᠤᠨ ᠰᠦᠨᠡᠰᠦᠨ ᠦ ᠠᠴᠢ ᠪᠠᠷ ᠲᠣᠭ᠎ᠠ ᠨᠢ ᠣᠯᠠᠰᠢᠷᠠᠭᠰᠠᠭᠠᠷ ᠪᠠᠢᠪᠠ᠃
32 ᠫᠧᠲ᠋ᠧᠷ ᠭᠠᠵᠠᠷ ᠭᠠᠵᠠᠷ ᠢᠶᠠᠷ ᠶᠠᠪᠤᠬᠤ ᠳᠠᠭᠠᠨ᠂ ᠯᠦᠳᠠ ᠳᠤ ᠰᠠᠭᠤᠳᠠᠭ ᠠᠷᠢᠭᠤᠨ ᠬᠥᠮᠦᠰ ᠳᠡᠭᠡᠷ᠎ᠡ ᠣᠴᠢᠭᠠᠳ 33 ᠠᠢᠨᠢᠶᠠ ᠭᠡᠳᠡᠭ ᠨᠢᠭᠡ ᠬᠥᠮᠦᠨ ᠲᠡᠢ ᠤᠴᠠᠷᠠᠪᠠ᠃ ᠲᠡᠷᠡ ᠰᠠ ᠡᠪᠡᠳᠴᠢᠨ ᠢᠶᠠᠷ ᠨᠠᠢ᠌ᠮᠠᠨ ᠵᠢᠯ ᠬᠡᠪᠲᠡᠷᠢ ᠳᠤ ᠪᠠᠢᠵᠠᠢ᠃ 34 ᠫᠧᠲ᠋ᠧᠷ ᠲᠡᠭᠦᠨ ᠳᠦ᠄ 《ᠠᠢᠨᠢᠶᠠ ᠡ︕ ᠢᠰᠦ᠋ᠰ ᠾᠷᠢᠰᠲ᠋ᠣᠰ ᠴᠢᠮᠠᠶᠢ ᠡᠳᠡᠭᠡᠭᠡᠨ᠎ᠡ᠃ ᠪᠣᠰᠣᠭᠠᠳ ᠣᠷᠣ ᠳᠡᠪᠢᠰᠬᠡᠷ ᠢᠶᠡᠨ ᠬᠤᠷᠢᠶ᠎ᠠ》 ᠭᠡᠰᠡᠨ ᠳᠦ᠂ ᠲᠡᠷᠡ ᠳᠠᠷᠤᠢᠬᠠᠨ ᠪᠣᠰᠪᠠ᠃ 35 ᠯᠦᠳᠠ ᠪᠠ ᠱᠠᠷᠣᠨ ᠳᠤ ᠰᠠᠭᠤᠭᠴᠢᠳ ᠪᠦᠭᠦᠳᠡᠭᠡᠷ ᠢᠶᠡᠨ ᠲᠡᠭᠦᠨ ᠢ ᠬᠠᠷᠠᠭᠠᠳ ᠡᠵᠡᠨ ᠤᠷᠤᠭᠤ ᠡᠷᠭᠢᠭᠰᠡᠨ ᠪᠢᠯᠡ᠃
36 ᠶᠣᠫᠠ ᠳᠤ ᠲᠠᠪᠢᠲ᠋ᠠ (ᠭᠷᠧᠭ ᠢᠶᠠᠷ ᠳ᠋ᠣᠷᠺᠠ) ᠭᠡᠳᠡᠭ ᠡᠮᠡᠭᠲᠡᠢ ᠱᠠᠪᠢ ᠪᠠᠢᠵᠠᠢ᠃ ᠲᠡᠷᠡ ᠰᠠᠢᠨ ᠢ ᠶᠡᠬᠡᠳᠡ ᠦᠢᠯᠡᠳᠴᠦ ᠥᠭᠯᠢᠭᠡ ᠥᠭᠳᠡᠭ᠃ 37 ᠲᠡᠷᠡ ᠦᠶ᠎ᠡ ᠪᠡᠷ ᠲᠠᠪᠢᠲ᠋ᠠ ᠡᠪᠡᠳᠴᠢᠯᠡᠵᠦ ᠨᠠᠰᠤ ᠪᠠᠷᠠᠭᠰᠠᠨ ᠳᠤ᠂ ᠬᠥᠮᠦᠰ ᠲᠡᠭᠦᠨ ᠢ ᠤᠭᠢᠶᠠᠭᠠᠳ ᠳᠡᠭᠡᠳᠦ ᠳᠠᠪᠬᠤᠷ ᠤᠨ ᠥᠷᠥᠭᠡᠨ ᠳᠦ ᠲᠠᠯᠪᠢᠵᠠᠢ᠃ 38 ᠯᠦᠳᠠ ᠶᠣᠫᠠ ᠠᠴᠠ ᠣᠢᠷᠠᠬᠠᠨ ᠲᠤᠯᠠ ᠫᠧᠲ᠋ᠧᠷ ᠤᠨ ᠲᠡᠨᠳᠡ ᠪᠠᠢᠬᠤ ᠶᠢ ᠱᠠᠪᠢ ᠨᠠᠷ ᠰᠣᠨᠣᠰᠣᠭᠠᠳ ᠬᠣᠶᠠᠷ ᠬᠥᠮᠦᠨ ᠶᠠᠪᠤᠭᠤᠯᠵᠤ᠄ 《ᠲᠦᠳᠡᠭᠡᠯᠵᠡᠯ ᠦᠭᠡᠢ ᠢᠷᠡᠭᠡᠴᠢ︕》 ᠭᠡᠵᠦ ᠭᠤᠶᠤᠵᠠᠢ᠃ 39 ᠫᠧᠲ᠋ᠧᠷ ᠪᠣᠰᠴᠤ ᠲᠡᠳᠡᠨ ᠲᠡᠢ ᠬᠠᠮᠲᠤ ᠶᠠᠪᠤᠵᠤ ᠬᠦᠷᠬᠦ ᠳᠦ᠂ ᠬᠥᠮᠦᠰ ᠲᠡᠭᠦᠨ ᠢ ᠳᠠᠭᠠᠭᠤᠯᠤᠨ ᠳᠡᠭᠡᠳᠦ ᠳᠠᠪᠬᠤᠷ ᠤᠨ ᠥᠷᠥᠭᠡᠨ ᠳᠦ ᠭᠠᠷᠪᠠ᠃ ᠪᠡᠯᠪᠡᠰᠦᠨ ᠡᠮᠡᠭᠲᠡᠢᠴᠦᠳ ᠪᠦᠭᠦᠳᠡᠭᠡᠷ ᠲᠡᠭᠦᠨ ᠢ ᠲᠣᠭᠣᠷᠢᠨ ᠵᠣᠭᠰᠣᠵᠤ ᠤᠬᠢᠯᠠᠯᠳᠤᠭᠰᠠᠭᠠᠷ᠂ ᠳ᠋ᠣᠷᠺᠠ ᠶᠢᠨ ᠲᠡᠳᠡᠨ ᠲᠡᠢ ᠬᠠᠮᠲᠤ ᠪᠠᠢᠬᠤ ᠦᠶ᠎ᠡ ᠳᠡᠭᠡᠨ ᠬᠢᠭᠰᠡᠨ ᠳᠣᠲᠣᠷ ᠭᠠᠳᠠᠷ ᠬᠤᠪᠴᠠᠰᠤ ᠶᠢ ᠦᠵᠡᠭᠦᠯᠪᠡ᠃ 40 ᠫᠧᠲ᠋ᠧᠷ ᠲᠡᠳᠡᠨ ᠢ ᠪᠦᠭᠦᠳᠡ ᠶᠢ ᠨᠢ ᠭᠠᠷᠭᠠᠭᠠᠳ ᠰᠥᠭᠥᠳᠴᠦ ᠳᠠᠭᠠᠳᠬᠠᠪᠠ᠃ ᠲᠡᠭᠡᠭᠡᠳ ᠱᠠᠷᠢᠯ ᠤᠷᠤᠭᠤ ᠡᠷᠭᠢᠵᠦ᠄ 《ᠲᠠᠪᠢᠲ᠋ᠠ ᠡ︕ ᠪᠣᠰ︕》 ᠭᠡᠰᠡᠨ ᠳᠦ᠂ ᠲᠡᠷᠡ ᠨᠢᠳᠦ ᠪᠡᠨ ᠨᠡᠭᠡᠭᠡᠵᠦ ᠫᠧᠲ᠋ᠧᠷ ᠢ ᠬᠠᠷᠠᠭᠠᠳ ᠪᠣᠰᠴᠤ ᠰᠠᠭᠤᠪᠠ᠃ 41 ᠫᠧᠲ᠋ᠧᠷ ᠭᠠᠷ ᠢᠶᠠᠨ ᠰᠤᠩ᠋ᠭᠠᠨ ᠲᠡᠭᠦᠨ ᠢ ᠪᠣᠰᠬᠠᠭᠠᠳ ᠠᠷᠢᠭᠤᠨ ᠬᠥᠮᠦᠰ ᠪᠠ ᠪᠡᠯᠪᠡᠰᠦᠨ ᠡᠮᠡᠭᠲᠡᠢᠴᠦᠳ ᠢ ᠳᠠᠭᠤᠳᠠᠨ ᠲᠠᠪᠢᠲ᠋ᠠ ᠶᠢᠨ ᠠᠮᠢᠯᠠᠭᠰᠠᠨ ᠢ ᠦᠵᠡᠭᠦᠯᠪᠡ᠃ 42 ᠶᠣᠫᠠ ᠳᠠᠶᠠᠭᠠᠷ ᠡᠨᠡ ᠮᠡᠳᠡᠭᠡ ᠲᠠᠷᠬᠠᠵᠤ᠂ ᠣᠯᠠᠨ ᠬᠥᠮᠦᠨ ᠡᠵᠡᠨ ᠳᠦ ᠢᠲᠡᠭᠡᠭᠰᠡᠨ ᠪᠠᠢᠨ᠎ᠠ᠃ 43 ᠫᠧᠲ᠋ᠧᠷ ᠶᠣᠫᠠ ᠶᠢᠨ ᠡᠯᠳᠡᠭᠦᠷᠴᠢᠨ ᠰᠢᠮᠣᠨ ᠤ ᠭᠡᠷ ᠲᠦ ᠨᠡᠯᠢᠶᠡᠳ ᠬᠤᠭᠤᠴᠠᠭ᠎ᠠ ᠰᠠᠭᠤᠵᠠᠢ᠃