ᠦᠢᠯᠡᠰ ᠠᠷᠪᠠ ᠶᠢᠰᠦ
ᠧᠹᠧᠰ ᠲᠤ ᠪᠠᠶᠠᠷ ᠤᠨ ᠮᠡᠳᠡᠭᠡ ᠲᠠᠷᠬᠠᠭᠠᠭᠰᠠᠨ ᠨᠢ
1 ᠠᠫᠣᠯᠣ᠋ ᠺᠣᠷᠢᠨᠲ ᠲᠤ ᠪᠠᠢᠬᠤ ᠳᠤ᠂ ᠫᠠᠦ᠋ᠯ ᠤᠮᠠᠷᠠᠲᠤ ᠣᠷᠣᠨ ᠢᠶᠠᠷ ᠶᠠᠪᠤᠭᠰᠠᠭᠠᠷ ᠧᠹᠧᠰ ᠲᠤ ᠬᠦᠷᠴᠦ ᠬᠡᠳᠦᠨ ᠱᠠᠪᠢ ᠲᠠᠢ ᠠᠭᠤᠯᠵᠠᠭᠠᠳ᠄ 2 《ᠲᠠ ᠨᠠᠷ ᠢᠲᠡᠭᠡᠬᠦ ᠳᠡᠭᠡᠨ 19 ᠠᠷᠢᠭᠤᠨ ᠰᠦᠨᠡᠰᠦ ᠶᠢ ᠬᠦᠷᠲᠡᠭᠰᠡᠨ ᠤᠤ︖》 ᠭᠡᠰᠡᠨ ᠳᠦ᠂ ᠲᠡᠳᠡ᠄ 《ᠦᠭᠡᠢ᠂ ᠠᠷᠢᠭᠤᠨ ᠰᠦᠨᠡᠰᠦ ᠪᠠᠢᠳᠠᠭ ᠢ ᠴᠤ ᠰᠣᠨᠣᠰᠣᠭ᠎ᠠ ᠦᠭᠡᠢ》 ᠭᠡᠵᠦ ᠬᠠᠷᠢᠭᠤᠯᠪᠠ᠃ 3 ᠫᠠᠦ᠋ᠯ᠄ 《ᠲᠡᠭᠡᠪᠡᠯ ᠲᠠ ᠨᠠᠷ ᠶᠠᠮᠠᠷ ᠤᠬᠢᠶᠠᠯ ᠬᠦᠷᠲᠡᠭᠰᠡᠨ ᠪᠤᠢ︖》 ᠭᠡᠬᠦ ᠳᠦ᠂ ᠲᠡᠳᠡ᠄ 《ᠶᠣᠬᠠᠨ ᠤ ᠤᠬᠢᠶᠠᠯ》 ᠭᠡᠯᠡ᠃ 4 ᠫᠠᠦ᠋ᠯ᠄ 《ᠶᠣᠬᠠᠨ ᠭᠡᠮᠰᠢᠯ ᠤᠨ ᠤᠬᠢᠶᠠᠯ ᠬᠦᠷᠲᠡᠭᠡᠭᠰᠡᠨ᠂ ᠬᠠᠷᠢᠨ ᠲᠡᠷᠡ ᠠᠷᠠᠳ ᠲᠦᠮᠡᠨ ᠳᠦ ᠮᠢᠨᠦ ᠬᠣᠢᠨ᠎ᠠ ᠠᠴᠠ ᠢᠷᠡᠭᠴᠢ ᠳᠤ ᠢᠲᠡᠭᠡᠭᠲᠦᠨ ᠭᠡᠰᠡᠨ᠂ ᠲᠡᠷᠡ ᠨᠢ ᠢᠰᠦ᠋ᠰ ᠪᠢᠯᠡ》 ᠭᠡᠵᠡᠢ᠃ 5 ᠲᠡᠳᠡ ᠡᠭᠦᠨ ᠢ ᠰᠣᠨᠣᠰᠣᠭᠠᠳ ᠡᠵᠡᠨ ᠢᠰᠦ᠋ᠰ ᠤᠨ ᠨᠡᠷ᠎ᠡ ᠪᠡᠷ 20 ᠤᠬᠢᠶᠠᠯ ᠬᠦᠷᠲᠡᠪᠡ᠃ 6 ᠫᠠᠦ᠋ᠯ ᠲᠡᠳᠡᠨ ᠦ ᠳᠡᠭᠡᠷ᠎ᠡ ᠭᠠᠷ ᠢᠶᠠᠨ ᠲᠠᠯᠪᠢᠬᠤ ᠳᠤ᠂ ᠠᠷᠢᠭᠤᠨ ᠰᠦᠨᠡᠰᠦ ᠲᠡᠳᠡᠨ ᠦ ᠳᠡᠭᠡᠷ᠎ᠡ ᠪᠠᠭᠤᠵᠤ᠂ ᠲᠡᠳᠡ ᠥᠭᠡᠷ᠎ᠡ ᠬᠡᠯᠡ ᠨᠦᠭᠦᠳ ᠢᠶᠡᠷ ᠶᠠᠷᠢᠵᠤ ᠪᠠᠰᠠ ᠡᠰᠢ ᠦᠵᠡᠭᠦᠯᠵᠦ ᠡᠬᠢᠯᠡᠯ᠎ᠡ᠃ 7 ᠲᠡᠨᠳᠡ ᠠᠷᠪᠠᠨ ᠬᠣᠶᠠᠷ ᠣᠷᠴᠢᠮ ᠬᠥᠮᠦᠨ ᠪᠠᠢᠭᠰᠠᠨ᠃
8 ᠫᠠᠦ᠋ᠯ ᠬᠤᠷᠠᠯ ᠤᠨ ᠲᠠᠩᠬᠢᠮ ᠳᠤ ᠣᠷᠣᠵᠤ ᠪᠤᠷᠬᠠᠨ ᠤ ᠬᠠᠭᠠᠨᠴᠢᠯᠠᠯ ᠤᠨ ᠲᠤᠬᠠᠢ ᠰᠤᠷᠭᠠᠨ ᠢᠳᠬᠠᠵᠤ ᠭᠤᠷᠪᠠᠨ ᠰᠠᠷ᠎ᠠ ᠶᠢᠨ ᠲᠤᠷᠰᠢ ᠵᠣᠷᠢᠭᠲᠠᠢ ᠶᠠᠷᠢᠵᠠᠢ᠃ 9 ᠭᠡᠪᠡᠴᠦ ᠵᠠᠷᠢᠮ ᠨᠢ ᠵᠥᠷᠢᠭᠦᠳᠯᠡᠭᠡᠳ ᠢᠳᠬᠠᠯ ᠢ ᠠᠪᠤᠭ᠎ᠠ ᠦᠭᠡᠢ᠂ ᠲᠡᠳᠡ ᠣᠯᠠᠨ ᠤ ᠡᠮᠦᠨ᠎ᠡ ᠡᠨᠡ ᠵᠠᠮ ᠢ ᠮᠠᠭᠤᠯᠠᠵᠠᠢ᠃ ᠫᠠᠦ᠋ᠯ ᠲᠡᠳᠡᠨ ᠡᠴᠡ ᠰᠠᠯᠵᠤ ᠱᠠᠪᠢ ᠨᠠᠷ ᠢᠶᠠᠨ ᠳᠠᠭᠠᠭᠤᠯᠤᠨ ᠲᠦᠷᠠᠨ ᠤ ᠲᠠᠩᠬᠢᠮ ᠳᠤ ᠡᠳᠦᠷ ᠪᠦᠷᠢ ᠨᠣᠮᠯᠠᠪᠠ 21 ᠃ 10 ᠢᠩᠭᠢᠵᠦ ᠬᠣᠶᠠᠷ ᠵᠢᠯ ᠪᠣᠯᠣᠭᠰᠠᠨ ᠳᠤ᠂ ᠠᠽᠢᠶ᠎ᠠ ᠳᠤ ᠰᠠᠭᠤᠭ᠎ᠠ ᠶᠦᠳᠠᠢᠴᠤᠳ᠂ ᠭᠷᠧᠭᠴᠦᠳ ᠭᠡᠰᠡᠨ ᠦᠭᠡᠢ ᠬᠥᠮᠦᠨ ᠪᠦᠬᠦᠨ ᠡᠵᠡᠨ ᠦ ᠦᠭᠡ ᠶᠢ ᠳᠤᠭᠤᠯᠵᠠᠢ᠃
ᠧᠹᠧᠰ ᠲᠤ ᠪᠣᠯᠣᠭᠰᠠᠨ ᠭᠠᠢᠬᠠᠮᠰᠢᠭ ᠤᠳ
11 ᠪᠤᠷᠬᠠᠨ ᠫᠠᠦ᠋ᠯ ᠤᠨ ᠭᠠᠷ ᠢᠶᠠᠷ ᠳᠠᠮᠵᠢᠭᠤᠯᠤᠨ ᠶᠡᠷᠦ ᠪᠤᠰᠤ ᠶᠢᠨ ᠰᠢᠳᠢ ᠲᠡᠮᠳᠡᠭ ᠤᠳ ᠢ ᠦᠢᠯᠡᠳᠴᠦ ᠪᠠᠢᠪᠠ᠃ 12 ᠬᠥᠮᠦᠰ ᠫᠠᠦ᠋ᠯ ᠤᠨ ᠠᠷᠠᠰᠤᠨ ᠳᠤ ᠬᠦᠷᠦᠭᠰᠡᠨ ᠠᠯᠴᠢᠭᠤᠷ ᠪᠤᠶᠤ ᠬᠣᠷᠮᠣᠢᠪᠴᠢ ᠶᠢ ᠠᠪᠤᠭᠠᠳ ᠡᠪᠡᠳᠴᠢᠲᠡᠨ ᠦ ᠳᠡᠭᠡᠷ᠎ᠡ ᠲᠠᠯᠪᠢᠬᠤ ᠳᠤ᠂ ᠡᠪᠡᠳᠴᠢᠨ ᠨᠢ ᠠᠷᠢᠯᠵᠤ ᠮᠠᠭᠤ ᠴᠢᠳᠬᠥᠷ ᠤᠳ ᠴᠤ ᠵᠠᠢᠯᠠᠵᠤ ᠪᠠᠢᠯ᠎ᠠ᠃ 13 ᠲᠡᠷᠡ ᠦᠶ᠎ᠡ ᠳᠦ᠂ ᠵᠣᠷᠴᠢᠨ ᠶᠠᠪᠤᠵᠤ ᠴᠢᠳᠬᠥᠷ ᠵᠠᠢᠯᠠᠭᠤᠯᠤᠭᠴᠢ ᠬᠡᠰᠡᠭ ᠶᠦᠳᠠᠢᠴᠤᠳ ᠴᠤ ᠴᠢᠳᠬᠥᠷ ᠣᠷᠣᠰᠢᠭᠰᠠᠨ ᠬᠥᠮᠦᠰ ᠳᠡᠭᠡᠷ᠎ᠡ᠄ 《ᠫᠠᠦ᠋ᠯ ᠤᠨ ᠲᠤᠩ᠋ᠬᠠᠭᠯᠠᠳᠠᠭ ᠢᠰᠦ᠋ᠰ ᠢᠶᠠᠷ ᠪᠢ ᠲᠠ ᠨᠠᠷ ᠲᠤ ᠲᠤᠰᠢᠶᠠᠶ᠎ᠠ︕》 ᠭᠡᠵᠦ ᠡᠵᠡᠨ ᠢᠰᠦ᠋ᠰ ᠤᠨ ᠨᠡᠷ᠎ᠡ ᠶᠢ ᠳᠠᠭᠤᠳᠠᠬᠤ ᠪᠠᠷ ᠣᠷᠣᠯᠳᠤᠪᠠ᠃ 14 ᠡᠢᠨ ᠬᠦ ᠦᠢᠯᠡᠳᠦᠭᠰᠡᠳ ᠨᠢ ᠶᠦᠳᠠᠢ ᠶᠢᠨ ᠲᠡᠷᠢᠭᠦᠨ ᠲᠠᠬᠢᠯᠴᠢ ᠰᠧᠺᠦ᠋ᠶᠠ ᠶᠢᠨ ᠳᠣᠯᠣᠭᠠᠨ ᠬᠦᠦ ᠪᠠᠢᠪᠠ᠃ 15 ᠨᠢᠭᠡᠨ ᠡᠳᠦᠷ᠂ ᠴᠢᠳᠬᠥᠷ᠄ 《ᠪᠢ ᠢᠰᠦ᠋ᠰ ᠢ ᠮᠡᠳᠡᠨ᠎ᠡ᠂ ᠫᠠᠦ᠋ᠯ ᠢ ᠴᠤ ᠲᠠᠨᠢᠨ᠎ᠠ᠃ ᠬᠠᠷᠢᠨ ᠲᠠ ᠨᠠᠷ ᠬᠡᠨ ᠪᠤᠢ︖》 ᠭᠡᠵᠦ ᠬᠠᠷᠢᠭᠤᠯᠤᠩ᠋ᠭᠤᠲᠠ 16 ᠴᠢᠳᠬᠥᠷ ᠣᠷᠣᠰᠢᠭᠰᠠᠨ ᠬᠥᠮᠦᠨ ᠲᠡᠳᠡᠨ ᠤᠷᠤᠭᠤ ᠦᠰᠦᠷᠦᠨ ᠡᠵᠡᠮᠳᠡᠵᠦ᠂ ᠬᠦᠴᠦ ᠪᠡᠷ ᠢᠶᠠᠨ ᠲᠠᠢᠯᠵᠠᠢ᠃ ᠴᠠᠭᠠᠳᠤᠭᠤᠯᠠ ᠨᠢ ᠰᠢᠷᠬᠠᠲᠤᠵᠤ ᠲᠡᠷᠡ ᠭᠡᠷ ᠡᠴᠡ ᠨᠢᠴᠦᠭᠦᠨ ᠵᠢᠭᠤᠲᠠᠪᠠ᠃ 17 ᠧᠹᠧᠰ ᠲᠤ ᠰᠠᠭᠤᠭ᠎ᠠ ᠶᠦᠳᠠᠢᠴᠤᠳ ᠪᠠ ᠭᠷᠧᠭᠴᠦᠳ ᠡᠭᠦᠨ ᠢ ᠰᠣᠨᠣᠰᠣᠭᠠᠳ ᠪᠦᠭᠦᠳᠡᠭᠡᠷ ᠠᠶᠤᠵᠤ᠂ ᠡᠵᠡᠨ ᠢᠰᠦ᠋ᠰ ᠤᠨ ᠨᠡᠷ᠎ᠡ ᠶᠢ ᠮᠠᠨᠳᠤᠭᠤᠯᠪᠠ᠃ 18 ᠣᠯᠠᠨ ᠬᠥᠮᠦᠨ ᠢᠲᠡᠭᠡᠭᠰᠡᠨ ᠦ ᠪᠠᠨ ᠳᠠᠷᠠᠭ᠎ᠠ ᠢᠷᠡᠵᠦ᠂ ᠬᠢᠭᠰᠡᠨ ᠬᠡᠷᠡᠭ ᠢᠶᠡᠨ ᠬᠦᠯᠢᠶᠡᠨ ᠥᠴᠢᠵᠡᠢ᠃ 19 ᠣᠯᠠᠨ ᠶᠢᠯᠸᠢᠴᠢᠨ ᠨᠣᠮ ᠢᠶᠠᠨ ᠴᠤᠭᠯᠠᠭᠤᠯᠵᠤ ᠪᠦᠭᠦᠳᠡ ᠶᠢᠨ ᠡᠮᠦᠨ᠎ᠡ ᠰᠢᠲᠠᠭᠠᠪᠠ᠃ ᠨᠣᠮ ᠤᠨ ᠦᠨ᠎ᠡ ᠶᠢ ᠲᠣᠭᠠᠴᠠᠯᠠᠪᠠᠯ ᠨᠡᠢᠲᠡ ᠲᠠᠪᠤᠨ ᠲᠦᠮᠡᠨ ᠮᠥᠩᠭᠥᠨ ᠵᠣᠭᠣᠰ 22 ᠪᠠᠢᠯ᠎ᠠ᠃ 20 ᠡᠢᠨ ᠬᠦ ᠡᠵᠡᠨ ᠦ ᠦᠭᠡ ᠬᠦᠴᠦᠲᠡᠢ ᠳᠡᠯᠭᠡᠷᠡᠵᠦ ᠪᠡᠬᠢᠵᠢᠪᠡ᠃
21 ᠡᠳᠡᠭᠡᠷ ᠶᠠᠪᠤᠳᠠᠯ ᠤᠨ ᠳᠠᠷᠠᠭ᠎ᠠ᠂ ᠫᠠᠦ᠋ᠯ ᠮᠠᠺᠧᠳᠣᠨᠢᠶ᠎ᠠ ᠪᠣᠯᠣᠨ ᠠᠺᠠᠢᠶ᠎ᠠ ᠪᠠᠷ ᠳᠠᠭᠠᠷᠢᠨ ᠶᠧᠷᠦ᠋ᠰᠠᠯᠧᠮ ᠳᠤ ᠣᠴᠢᠬᠤ ᠪᠠᠷ ᠰᠡᠳᠬᠢᠯ ᠰᠢᠭᠤᠳᠤᠨ᠄ 《ᠪᠢ ᠲᠡᠨᠳᠡ ᠬᠦᠷᠦᠭᠰᠡᠨ ᠦ ᠳᠠᠷᠠᠭ᠎ᠠ᠂ ᠷᠣᠮᠠ ᠶᠢ ᠴᠤ ᠦᠵᠡᠬᠦ ᠶᠣᠰᠣᠲᠠᠢ》 ᠭᠡᠯᠡ᠃ 22 ᠲᠡᠷᠡ ᠥᠪᠡᠷ ᠢ ᠨᠢ ᠲᠤᠰᠠᠯᠠᠭᠴᠢᠳ ᠤᠨ ᠳᠤᠮᠳᠠ ᠠᠴᠠ ᠲᠢᠮᠣᠲ᠂ ᠧᠷᠠᠰᠲ ᠬᠣᠶᠠᠷ ᠢ ᠮᠠᠺᠧᠳᠣᠨᠢᠶ᠎ᠠ ᠳᠤ ᠶᠠᠪᠤᠭᠤᠯᠵᠤ᠂ ᠥᠪᠡᠷ ᠢᠶᠡᠨ ᠠᠽᠢᠶ᠎ᠠ ᠮᠤᠵᠢ ᠳᠤ ᠲᠦᠷ ᠰᠠᠭᠤᠪᠠ᠃
ᠬᠢᠮᠡᠯ ᠰᠢᠲᠦᠭᠡᠨ ᠪᠠ ᠦᠢᠮᠡᠭᠡᠨ
23 ᠲᠡᠷᠡ ᠦᠶ᠎ᠡ ᠳᠦ᠂ ᠡᠨᠡ ᠵᠠᠮ ᠠᠴᠠ ᠪᠣᠯᠵᠤ ᠪᠠᠭ᠎ᠠ ᠦᠭᠡᠢ ᠦᠢᠮᠡᠭᠡᠨ ᠪᠣᠯᠵᠠᠢ᠃ 24 ᠳ᠋ᠧᠮᠧᠲ᠋ᠷᠢ ᠭᠡᠳᠡᠭ ᠮᠥᠩᠭᠥᠨ ᠳᠠᠷᠬᠠᠨ ᠠᠷᠲ᠋ᠧᠮᠢ 23 ᠳᠠᠭᠢᠨᠢ ᠶᠢᠨ ᠭᠦᠩ᠋ᠭᠠᠷᠪᠠ ᠨᠦᠭᠦᠳ ᠢ ᠮᠥᠩᠭᠥ ᠪᠡᠷ ᠬᠢᠵᠦ ᠤᠷᠠᠴᠤᠳ ᠲᠠᠭᠠᠨ ᠪᠠᠭ᠎ᠠ ᠦᠭᠡᠢ ᠣᠷᠣᠯᠭ᠎ᠠ ᠠᠪᠴᠢᠷᠠᠳᠠᠭ ᠪᠠᠢᠪᠠ᠃ 25 ᠲᠡᠷᠡ ᠠᠵᠢᠯᠴᠢᠳ ᠪᠠ ᠮᠡᠷᠭᠡᠵᠢᠯ ᠨᠢᠭᠡᠲᠡᠳ ᠢᠶᠡᠨ ᠴᠤᠭᠯᠠᠭᠤᠯᠤᠭᠠᠳ᠄ 《ᠬᠥᠮᠦᠰ ᠡ᠂ ᠪᠢᠳᠡ ᠡᠨᠡ ᠠᠵᠢᠯ ᠤᠨ ᠠᠴᠢ ᠪᠠᠷ ᠪᠠᠶᠠᠨ ᠠᠮᠢᠳᠤᠷᠠᠵᠤ ᠪᠠᠢᠭ᠎ᠠ ᠶᠢ ᠲᠠ ᠨᠠᠷ ᠮᠡᠳᠡᠨ᠎ᠡ᠃ 26 ᠭᠡᠲᠡᠯ᠎ᠡ ᠡᠨᠡ ᠫᠠᠦ᠋ᠯ ᠬᠡᠮᠡᠭᠴᠢ᠄ 〈ᠬᠥᠮᠦᠨ ᠦ ᠭᠠᠷ ᠢᠶᠠᠷ ᠬᠢᠭᠰᠡᠨ ᠨᠢ ᠴᠥᠮ ᠪᠤᠷᠬᠠᠨ ᠪᠢᠰᠢ〉 ᠭᠡᠵᠦ ᠧᠹᠧᠰ ᠲᠡᠳᠦᠢ ᠦᠭᠡᠢ᠂ ᠠᠽᠢᠶ᠎ᠠ ᠮᠤᠵᠢ ᠳᠠᠶᠠᠭᠠᠷ ᠤᠨ ᠣᠯᠠᠨ ᠲᠦᠮᠡᠨ ᠢ ᠢᠳᠬᠠᠨ ᠬᠣᠯᠠᠳᠠᠭᠤᠯᠤᠭᠰᠠᠨ ᠢ ᠲᠠ ᠨᠠᠷ ᠴᠤ ᠦᠵᠡᠵᠦ ᠰᠣᠨᠣᠰᠣᠭᠰᠠᠨ ᠰᠢᠦ ᠳᠠ᠃ 27 ᠡᠭᠦᠨ ᠡᠴᠡ ᠪᠣᠯᠵᠤ ᠪᠢᠳᠡᠨ ᠦ ᠮᠡᠷᠭᠡᠵᠢᠯ ᠬᠥᠩᠭᠡᠪᠴᠢᠯᠡᠭᠳᠡᠬᠦ ᠲᠡᠳᠦᠢ ᠦᠭᠡᠢ᠂ ᠶᠡᠬᠡ ᠳᠠᠭᠢᠨᠢ ᠠᠷᠲ᠋ᠧᠮᠢ ᠶᠢᠨ ᠰᠦᠮ᠎ᠡ ᠦᠯᠦ ᠲᠣᠭᠣᠮᠰᠠᠷᠯᠠᠭᠳᠠᠵᠤ᠂ ᠠᠽᠢᠶ᠎ᠠ ᠮᠤᠵᠢ ᠪᠠ ᠳᠡᠯᠡᠬᠡᠢ ᠳᠠᠶᠠᠭᠠᠷ ᠤᠨ ᠰᠦᠰᠦᠭᠯᠡᠳᠡᠭ ᠳᠠᠭᠢᠨᠢ ᠶᠢᠨ ᠰᠦᠷ ᠵᠢᠪᠬᠤᠯᠠᠩ ᠴᠤ ᠠᠯᠠᠭ᠎ᠠ ᠪᠣᠯᠬᠤ ᠠᠶᠤᠯ ᠲᠠᠢ ᠪᠠᠢᠨ᠎ᠠ》 ᠭᠡᠵᠦ ᠬᠡᠯᠡᠭᠰᠡᠨ ᠪᠠᠢᠯ᠎ᠠ᠃
28 ᠲᠡᠳᠡ ᠨᠠᠷ ᠡᠭᠦᠨ ᠢ ᠰᠣᠨᠣᠰᠣᠭᠠᠳ ᠪᠠᠭᠲᠠᠷᠠᠲᠠᠯ᠎ᠠ ᠠᠭᠤᠷᠯᠠᠵᠤ᠄ 《ᠧᠹᠧᠰ ᠤᠨ ᠠᠷᠲ᠋ᠧᠮᠢ ᠠᠭᠤᠤ ᠶᠡᠬᠡ︕》 ᠭᠡᠵᠦ ᠬᠠᠰᠬᠢᠷᠴᠤ ᠭᠠᠷᠪᠠ᠃ 29 ᠪᠦᠬᠦ ᠬᠣᠲᠠ ᠪᠤᠵᠢᠭᠢᠨᠠᠭᠠᠨ ᠢᠶᠠᠷ ᠳᠦᠭᠦᠷᠴᠡᠢ᠃ ᠬᠥᠮᠦᠰ ᠫᠠᠦ᠋ᠯ ᠲᠠᠢ ᠬᠠᠮᠲᠤ ᠠᠶᠠᠯᠠᠭᠴᠢ ᠮᠠᠺᠧᠳᠣᠨᠢᠶ᠎ᠠ ᠶᠢᠨ ᠭᠠᠢᠶᠣ᠋ ᠪᠠ ᠠᠷᠢᠰᠲ᠋ᠠᠷᠺ ᠢ ᠪᠠᠷᠢᠪᠴᠢᠯᠠᠨ ᠵᠦᠴᠦᠭᠡ ᠶᠢᠨ ᠬᠦᠷᠢᠶᠡᠯᠡᠩ ᠳᠤ ᠵᠡᠷᠭᠡ ᠪᠡᠷ ᠢᠪᠡᠷᠡᠨ ᠣᠷᠣᠵᠠᠭᠠᠪᠠ᠃ 30 ᠫᠠᠦ᠋ᠯ ᠴᠤᠭᠯᠠᠷᠠᠭᠰᠠᠨ ᠣᠯᠠᠨ ᠤ ᠳᠤᠮᠳᠠ ᠣᠷᠣᠬᠤ ᠭᠡᠰᠡᠨ ᠳᠦ᠂ ᠱᠠᠪᠢ ᠨᠠᠷ ᠨᠢ ᠵᠥᠪᠰᠢᠶᠡᠷᠡᠬᠦ ᠦᠭᠡᠢ ᠪᠠᠢᠯ᠎ᠠ᠃ 31 ᠮᠥᠨ ᠠᠽᠢᠶ᠎ᠠ ᠮᠤᠵᠢ ᠶᠢᠨ ᠨᠣᠶᠠᠳ ᠤᠨ ᠳᠤᠮᠳᠠ ᠠᠴᠠ ᠫᠠᠦ᠋ᠯ ᠤᠨ ᠬᠡᠳᠦᠨ ᠨᠠᠢᠵᠠ ᠲᠡᠭᠦᠨ ᠳᠦ ᠬᠡᠯᠡ ᠶᠠᠪᠤᠭᠤᠯᠵᠤ᠂ ᠵᠦᠴᠦᠭᠡ ᠶᠢᠨ ᠬᠦᠷᠢᠶᠡᠯᠡᠩ ᠳᠤ ᠪᠦᠦ ᠣᠷᠣ ᠭᠡᠵᠦ ᠢᠳᠬᠠᠵᠠᠢ᠃ 32 ᠴᠤᠭᠯᠠᠷᠠᠭᠰᠠᠳ ᠪᠤᠵᠢᠭᠢᠨᠠᠯᠳᠤᠨ ᠵᠠᠷᠢᠮ ᠨᠢ ᠡᠢᠮᠦ᠂ ᠵᠠᠷᠢᠮ ᠨᠢ ᠲᠡᠢᠮᠦ ᠭᠡᠵᠦ ᠬᠠᠰᠬᠢᠷᠤᠯᠳᠤᠭᠰᠠᠭᠠᠷ ᠣᠯᠠᠩᠬᠢ ᠨᠢ ᠶᠠᠭᠤᠨ ᠳᠤ ᠴᠤᠭᠯᠠᠷᠠᠭᠰᠠᠨ ᠢᠶᠠᠨ ᠴᠤ ᠮᠡᠳᠡᠬᠦ ᠦᠭᠡᠢ ᠪᠠᠢᠯ᠎ᠠ᠃ 33 ᠶᠦᠳᠠᠢᠴᠤᠳ ᠠᠯᠧᠺᠰᠠᠨᠳᠧᠷ ᠭᠡᠭᠴᠢ ᠶᠢ ᠤᠷᠤᠭᠰᠢ ᠲᠦᠯᠬᠢᠭᠰᠡᠨ ᠳᠦ᠂ ᠵᠠᠷᠢᠮ ᠨᠢ ᠲᠡᠭᠦᠨ ᠢ ᠴᠤᠭᠯᠠᠷᠠᠭᠰᠠᠳ ᠤᠨ ᠡᠮᠦᠨ᠎ᠡ ᠭᠠᠷᠭᠠᠪᠠ᠃ ᠠᠯᠧᠺᠰᠠᠨᠳᠧᠷ ᠭᠠᠷ ᠢᠶᠠᠷ ᠢᠶᠠᠨ ᠳᠣᠬᠢᠭᠠᠳ ᠣᠯᠠᠨ ᠳᠤ ᠤᠴᠢᠷᠯᠠᠬᠤ ᠭᠡᠲᠡᠯ᠎ᠡ 34 ᠬᠥᠮᠦᠰ ᠲᠡᠭᠦᠨ ᠢ ᠶᠦᠳᠠᠢ ᠬᠥᠮᠦᠨ ᠭᠡᠵᠦ ᠲᠠᠨᠢᠭᠠᠳ ᠴᠥᠮ ᠢᠶᠡᠷ ᠢᠶᠠᠨ ᠳᠠᠭᠤ ᠨᠡᠢᠯᠡᠭᠦᠯᠦᠨ᠄ 《ᠧᠹᠧᠰ ᠤᠨ ᠠᠷᠲ᠋ᠧᠮᠢ ᠠᠭᠤᠤ ᠶᠡᠬᠡ︕》 ᠭᠡᠵᠦ ᠬᠣᠶᠠᠷ ᠴᠠᠭ ᠬᠢᠷᠢ ᠲᠠᠢ ᠬᠠᠰᠬᠢᠷᠤᠯᠳᠤᠭᠰᠠᠭᠠᠷ ᠪᠠᠢᠯ᠎ᠠ᠃ 35 ᠬᠣᠲᠠ ᠶᠢᠨ ᠵᠠᠬᠢᠷᠤᠭᠴᠢ ᠠᠷᠠᠳ ᠣᠯᠠᠨ ᠢ ᠨᠠᠮᠳᠠᠭᠠᠵᠤ᠄ 《ᠧᠹᠧᠰᠴᠤᠳ ᠡ︕ ᠧᠹᠧᠰ ᠪᠣᠯ ᠠᠭᠤᠤ ᠶᠡᠬᠡ ᠠᠷᠲ᠋ᠧᠮᠢ ᠶᠢᠨ ᠰᠦᠮ᠎ᠡ ᠪᠣᠯᠣᠨ ᠲᠩᠷᠢ ᠡᠴᠡ ᠪᠠᠭᠤᠭᠰᠠᠨ ᠴᠠᠯᠢᠭ ᠤᠨ ᠬᠢᠨᠢ ᠬᠠᠮᠠᠭᠠᠯᠠᠭᠴᠢ ᠬᠣᠲᠠ ᠮᠥᠨ ᠭᠡᠳᠡᠭ ᠢ ᠬᠡᠨ ᠮᠡᠳᠡᠬᠦ ᠦᠭᠡᠢ ᠪᠤᠢ︖ 36 ᠡᠨᠡ ᠪᠣᠯ ᠨᠢᠴᠤᠭᠠᠭᠳᠠᠰᠢ ᠦᠭᠡᠢ ᠦᠨᠡᠨ᠂ ᠲᠡᠢᠮᠦ ᠡᠴᠡ ᠲᠠ ᠨᠠᠷ ᠲᠠᠢᠪᠤᠰᠢᠷᠠ᠂ ᠬᠠᠭᠤᠮᠠᠭᠠᠢ ᠶᠠᠭᠤᠮ᠎ᠠ ᠪᠢᠲᠡᠭᠡᠢ ᠬᠢ᠃ 37 ᠲᠠ ᠨᠠᠷ ᠤᠨ ᠠᠪᠴᠢᠷᠠᠭᠰᠠᠨ ᠬᠥᠮᠦᠰ ᠴᠢᠨᠢ ᠰᠦᠮ᠎ᠡ ᠶᠢ ᠲᠣᠨᠣᠭ᠎ᠠ ᠦᠭᠡᠢ᠂ ᠪᠢᠳᠡᠨ ᠦ ᠳᠠᠭᠢᠨᠢ ᠶᠢ ᠴᠤ ᠳᠣᠷᠣᠮᠵᠢᠯᠠᠭᠠ ᠦᠭᠡᠢ᠃ 38 ᠬᠡᠷᠪᠡ ᠳ᠋ᠧᠮᠧᠲ᠋ᠷᠢ ᠪᠣᠯᠣᠨ ᠲᠡᠭᠦᠨ ᠲᠡᠢ ᠬᠠᠮᠲᠤᠷᠠᠭᠴᠢ ᠤᠷᠠᠴᠤᠳ ᠬᠡᠨ ᠢ ᠵᠠᠭᠠᠯᠳᠤᠬᠤ ᠬᠡᠷᠡᠭ ᠲᠡᠢ ᠪᠠᠢᠪᠠᠯ ᠵᠠᠭᠠᠯᠳᠤᠭ᠂ ᠰᠢᠭᠦᠬᠦ ᠭᠠᠵᠠᠷ ᠨᠡᠭᠡᠭᠡᠯᠲᠡ ᠲᠠᠢ ᠪᠥᠭᠡᠳ ᠨᠤᠲᠤᠭ ᠤᠨ ᠵᠠᠬᠢᠷᠤᠭᠴᠢᠳ ᠴᠤ ᠪᠠᠢᠵᠤ ᠪᠠᠢᠭ᠎ᠠ᠃ 39 ᠲᠠ ᠨᠠᠷ ᠡᠭᠦᠨ ᠡᠴᠡ ᠢᠯᠡᠭᠦᠦ ᠶᠢ ᠬᠦᠰᠡᠪᠡᠯ ᠲᠡᠭᠦᠨ ᠢ ᠬᠠᠤᠯᠢ ᠶᠣᠰᠣᠨ ᠤ ᠴᠢᠭᠤᠯᠭᠠᠨ ᠢᠶᠠᠷ ᠰᠢᠢᠳᠪᠦᠷᠢᠯᠡᠭᠦᠯᠬᠦ ᠪᠣᠯᠣᠨ᠎ᠠ᠃ 40 ᠥᠨᠥᠳᠥᠷ ᠪᠢᠳᠡ ᠪᠣᠰᠣᠯᠭ᠎ᠠ ᠶᠢᠨ ᠬᠡᠷᠡᠭ ᠢᠶᠡᠷ ᠪᠤᠷᠤᠭᠤᠳᠬᠠᠭᠳᠠᠬᠤ ᠠᠶᠤᠯ ᠲᠠᠢ ᠪᠣᠯᠵᠤ ᠪᠠᠢᠨ᠎ᠠ᠃ ᠡᠨᠡ ᠦᠢᠮᠡᠭᠡᠨ ᠢ ᠵᠥᠪᠲᠥᠭᠡᠬᠦ ᠰᠢᠯᠲᠠᠭ ᠴᠤ ᠪᠢᠳᠡᠨ ᠳᠦ ᠠᠯᠠᠭ᠎ᠠ ᠪᠠᠢᠨ᠎ᠠ》 ᠭᠡᠳ 41 ᠴᠤᠭᠯᠠᠷᠠᠭᠰᠠᠳ ᠢ ᠲᠠᠷᠬᠠᠭᠠᠪᠠ᠃