1 2 3 4 5 6 7 8 9 10 11 12 13 14 15 16 17 18 19 20 21 22 23 24 25 26 27 28


ᠦᠢᠯᠡᠰ ᠳᠥᠷᠪᠡ
 ᠫᠧᠲ᠋ᠧᠷ ᠶᠣᠬᠠᠨ ᠰᠢᠭᠦᠭᠳᠡᠪᠡ

1 ᠫᠧᠲ᠋ᠧᠷ᠂ ᠶᠣᠬᠠᠨ ᠬᠣᠶᠠᠭᠤᠯᠠ ᠠᠷᠠᠳ ᠣᠯᠠᠨ ᠳᠤ ᠢᠩᠭᠢᠵᠦ ᠶᠠᠷᠢᠵᠤ ᠪᠠᠢᠲᠠᠯ᠎ᠠ ᠲᠠᠬᠢᠯᠴᠢᠳ᠂ ᠠᠷᠢᠭᠤᠨ ᠣᠷᠳᠣᠨ ᠤ ᠬᠠᠷᠠᠭᠤᠯ ᠤᠨ ᠠᠬᠠᠯᠠᠭᠴᠢ ᠪᠣᠯᠣᠨ ᠰᠠᠳᠣᠺᠠᠢᠴᠤᠳ ᠢᠷᠡᠪᠡ᠃ 2 ᠲᠡᠳᠡ ᠰᠢᠳᠠᠷ ᠱᠠᠪᠢ ᠨᠠᠷ ᠤᠨ ᠣᠯᠠᠨ ᠢ ᠰᠤᠷᠭᠠᠨ᠂ ᠢᠰᠦ᠋ᠰ ᠤᠨ ᠦᠬᠦᠭᠰᠡᠳ ᠦᠨ ᠳᠤᠮᠳᠠ ᠠᠴᠠ ᠠᠮᠢᠯᠠᠭᠰᠠᠨ ᠢ ᠲᠤᠩ᠋ᠬᠠᠭᠯᠠᠵᠤ ᠪᠠᠢᠭ᠎ᠠ ᠳᠤ ᠡᠭᠳᠡᠭᠦᠴᠡᠵᠦ᠂ 3 ᠲᠡᠷᠡ ᠬᠣᠶᠠᠷ ᠢ ᠪᠠᠷᠢᠪᠴᠢᠯᠠᠵᠠᠢ᠃ ᠲᠡᠭᠡᠭᠡᠳ ᠣᠷᠣᠢ ᠪᠣᠯᠴᠢᠬᠠᠭᠰᠠᠨ ᠪᠣᠯᠬᠣᠷ ᠲᠡᠳᠡᠨ ᠢ ᠮᠠᠷᠭᠠᠰᠢ ᠨᠢ ᠪᠣᠯᠲᠠᠯ᠎ᠠ ᠬᠣᠷᠢᠭᠰᠠᠨ ᠪᠠᠢᠨ᠎ᠠ᠃ 4 ᠬᠠᠷᠢᠨ ᠦᠭᠡ ᠶᠢ ᠰᠣᠨᠣᠰᠣᠭᠴᠢᠳ ᠤᠨ ᠳᠣᠲᠣᠷ᠎ᠠ ᠠᠴᠠ ᠣᠯᠠᠨ ᠬᠥᠮᠦᠨ ᠢᠲᠡᠭᠡᠭᠰᠡᠨ ᠪᠥᠭᠡᠳ ᠡᠷᠡᠭᠲᠡᠢᠴᠦᠳ ᠦᠨ ᠲᠣᠭ᠎ᠠ ᠲᠠᠪᠤᠨ ᠮᠢᠩ᠋ᠭ᠎ᠠ ᠣᠷᠴᠢᠮ ᠪᠣᠯᠣᠯ᠎ᠠ᠃

5 ᠳᠠᠷᠠᠭ᠎ᠠ ᠡᠳᠦᠷ ᠨᠢ ᠨᠣᠶᠠᠳ᠂ ᠠᠬᠠᠯᠠᠭᠴᠢᠳ ᠬᠢᠭᠡᠳ ᠪᠢᠴᠢᠭᠲᠡᠳ ᠶᠧᠷᠦ᠋ᠰᠠᠯᠧᠮ ᠳᠤ ᠴᠤᠭᠯᠠᠷᠠᠭᠰᠠᠨ ᠪᠥᠭᠡᠳ 6 ᠲᠡᠷᠢᠭᠦᠨ ᠲᠠᠬᠢᠯᠴᠢ ᠾᠠᠨᠠᠰ᠂ ᠺᠠᠶᠠᠹᠠ᠂ ᠶᠣᠬᠠᠨ᠂ ᠠᠯᠧᠺᠰᠠᠨᠳᠧᠷ᠂ ᠲᠡᠷᠡᠴᠢᠯᠡᠨ ᠲᠡᠷᠢᠭᠦᠨ ᠲᠠᠬᠢᠯᠴᠢ ᠶᠢᠨ ᠤᠭᠰᠠᠭᠠᠳᠠᠨ ᠪᠦᠭᠦᠳᠡᠭᠡᠷ ᠲᠡᠨᠳᠡ ᠪᠠᠢᠯ᠎ᠠ᠃ 7 ᠲᠡᠳᠡ ᠰᠢᠳᠠᠷ ᠱᠠᠪᠢ ᠨᠠᠷ ᠢ ᠳᠤᠮᠳᠠ ᠪᠠᠨ ᠵᠣᠭᠰᠣᠭᠠᠭᠠᠳ᠄ 《ᠲᠠ ᠨᠠᠷ ᠶᠠᠮᠠᠷ ᠡᠷᠬᠡ ᠮᠡᠳᠡᠯ᠂ ᠬᠡᠨ ᠦ ᠨᠡᠷ᠎ᠡ ᠪᠡᠷ ᠡᠭᠦᠨ ᠢ ᠬᠢᠭᠰᠡᠨ ᠪᠤᠢ︖》 ᠭᠡᠵᠦ ᠠᠰᠠᠭᠤᠬᠤ ᠳᠤᠨᠢ᠂ 8 ᠫᠧᠲ᠋ᠧᠷ ᠠᠷᠢᠭᠤᠨ ᠰᠦᠨᠡᠰᠦ ᠪᠡᠷ ᠳᠦᠭᠦᠷᠴᠦ ᠲᠡᠳᠡᠨ ᠳᠦ᠄ 《ᠠᠷᠠᠳ ᠲᠦᠮᠡᠨ ᠦ ᠨᠣᠶᠠᠳ ᠪᠠ ᠢᠰᠷᠧᠯ ᠤᠨ ᠠᠬᠠᠯᠠᠭᠴᠢᠳ ᠡ᠂ 9 ᠡᠨᠡ ᠡᠪᠡᠳᠴᠢᠲᠡᠨ ᠳᠦ ᠰᠠᠢᠨ ᠢ ᠬᠢᠭᠰᠡᠨ᠂ ᠶᠠᠭᠤ ᠪᠠᠷ ᠡᠨᠡ ᠬᠥᠮᠦᠨ ᠢ ᠡᠳᠡᠭᠡᠷᠡᠭᠦᠯᠦᠭᠰᠡᠨ ᠲᠤᠬᠠᠢ ᠪᠢᠳᠡᠨ ᠢ ᠥᠨᠥᠳᠥᠷ ᠪᠠᠢᠴᠠᠭᠠᠵᠤ ᠪᠠᠢᠨ᠎ᠠ ᠤᠤ︖ 10 ᠲᠡᠭᠡᠪᠡᠯ ᠲᠠ ᠨᠠᠷ ᠪᠠ ᠢᠰᠷᠧᠯ ᠤᠨ ᠪᠦᠬᠦ ᠠᠷᠠᠳ ᠲᠦᠮᠡᠨ ᠡᠭᠦᠨ ᠢ ᠮᠡᠳᠡᠲᠦᠭᠡᠢ᠄ ᠡᠨᠡ ᠬᠥᠮᠦᠨ ᠨᠠᠽᠠᠷᠧᠲ ᠤᠨ ᠢᠰᠦ᠋ᠰ ᠾᠷᠢᠰᠲ᠋ᠣᠰ ᠤᠨ ᠨᠡᠷ᠎ᠡ ᠪᠡᠷ ᠡᠷᠡᠭᠦᠯ ᠪᠣᠯᠣᠭᠠᠳ ᠲᠠ ᠨᠠᠷ ᠤᠨ ᠡᠮᠦᠨ᠎ᠡ ᠵᠣᠭᠰᠣᠵᠤ ᠪᠠᠢᠨ᠎ᠠ᠃ ᠲᠠ ᠨᠠᠷ ᠢᠰᠦ᠋ᠰ ᠢ ᠵᠠᠭᠠᠯᠮᠠᠢ ᠳᠤ ᠴᠣᠪᠳᠣᠯᠠᠭᠤᠯᠤᠭᠰᠠᠨ ᠪᠣᠯᠪᠠᠴᠤ ᠪᠤᠷᠬᠠᠨ ᠲᠡᠭᠦᠨ ᠢ ᠦᠬᠦᠭᠰᠡᠳ ᠦᠨ ᠳᠤᠮᠳᠠ ᠠᠴᠠ ᠠᠮᠢᠯᠠᠭᠤᠯᠤᠭᠰᠠᠨ᠂ 11 〈ᠪᠠᠷᠢᠯᠭᠠᠴᠢᠨ ᠲᠠ ᠨᠠᠷ ᠲᠤ ᠭᠣᠯᠣᠭᠳᠠᠭᠰᠠᠨ ᠴᠤ ᠪᠤᠯᠤᠩ ᠤᠨ ᠲᠤᠯᠭᠠᠭᠤᠷᠢ ᠪᠣᠯᠣᠭᠰᠠᠨ ᠴᠢᠯᠠᠭᠤ〉 ᠨᠢ ᠶᠠᠭ ᠡᠨᠡ ᠢᠰᠦ᠋ᠰ ᠪᠢᠯᠡ᠂ 12 ᠲᠡᠭᠦᠨ ᠡᠴᠡ ᠥᠭᠡᠷ᠎ᠡ ᠬᠡᠨ ᠳᠦ ᠴᠤ ᠠᠪᠤᠷᠠᠯ ᠭᠡᠵᠦ ᠪᠠᠢᠬᠤ ᠦᠭᠡᠢ᠂ ᠪᠢᠳᠡᠨ ᠢ ᠠᠪᠤᠷᠠᠬᠤ ᠥᠭᠡᠷ᠎ᠡ ᠨᠡᠷ᠎ᠡ ᠲᠩᠷᠢ ᠶᠢᠨ ᠳᠣᠣᠷᠠᠬᠢ ᠬᠥᠮᠦᠨ ᠲᠥᠷᠥᠯᠬᠢᠲᠡᠨ ᠳᠦ ᠰᠣᠶᠣᠷᠬᠠᠭᠳᠠᠭᠰᠠᠨ ᠦᠭᠡᠢ ᠶᠤᠮ》 ᠭᠡᠵᠦ ᠶᠠᠷᠢᠯ᠎ᠠ᠃

13 ᠲᠡᠳᠡ ᠶᠣᠬᠠᠨ᠂ ᠫᠧᠲ᠋ᠧᠷ ᠢ ᠪᠢᠴᠢᠭ ᠰᠣᠶᠣᠯ ᠦᠭᠡᠢ ᠡᠭᠡᠯ ᠬᠥᠮᠦᠰ ᠭᠡᠵᠦ ᠮᠡᠳᠡᠭᠡᠳ ᠲᠡᠳᠡᠨ ᠦ ᠵᠣᠷᠢᠭᠲᠠᠢ ᠶᠠᠷᠢᠬᠤ ᠶᠢ ᠰᠣᠨᠣᠰᠣᠭᠰᠠᠨ ᠢᠶᠠᠨ ᠭᠠᠢᠬᠠᠵᠤ ᠪᠠᠢᠯ᠎ᠠ᠃ ᠲᠡᠳᠡ ᠲᠡᠷᠡ ᠬᠣᠶᠠᠷ ᠤᠨ ᠢᠰᠦ᠋ᠰ ᠲᠠᠢ ᠬᠠᠮᠲᠤ ᠪᠠᠢᠭᠰᠠᠨ ᠢ ᠨᠢ ᠮᠡᠳᠡᠭᠰᠡᠨ ᠪᠣᠯᠪᠠᠴᠤ 14 ᠥᠨᠥᠬᠢ ᠡᠳᠡᠭᠡᠷᠡᠭᠰᠡᠨ ᠬᠥᠮᠦᠨ ᠨᠢ ᠲᠡᠳᠡᠨ ᠲᠡᠢ ᠬᠠᠮᠲᠤ ᠵᠣᠭᠰᠣᠵᠤ ᠪᠠᠢᠭ᠎ᠠ ᠶᠢ ᠬᠠᠷᠠᠭᠠᠳ ᠨᠢᠴᠤᠭᠠᠬᠤ ᠦᠭᠡ ᠣᠯᠬᠤ ᠦᠭᠡᠢ ᠪᠣᠯᠪᠠ᠃ 15 ᠡᠢᠮᠦ ᠡᠴᠡ ᠲᠡᠷᠡ ᠬᠣᠶᠠᠷ ᠢ ᠵᠠᠷᠯᠢᠭᠳᠠᠵᠤ ᠰᠢᠭᠦᠬᠦ ᠵᠥᠪᠯᠡᠯ ᠡᠴᠡ ᠶᠠᠪᠤᠭᠤᠯᠤᠭᠠᠳ᠂ ᠬᠣᠭᠣᠷᠣᠨᠳᠣ ᠪᠠᠨ᠄ 16 《ᠲᠡᠷᠡ ᠬᠣᠶᠠᠷ ᠢ ᠪᠢᠳᠡ ᠶᠠᠭᠠᠬᠢᠬᠤ ᠪᠢᠯᠡ︖ ᠲᠡᠳᠡ ᠨᠠᠷ ᠤᠨ ᠭᠣᠴᠣ ᠰᠢᠳᠢ ᠲᠡᠮᠳᠡᠭ ᠦᠢᠯᠡᠳᠦᠭᠰᠡᠨ ᠢ ᠶᠧᠷᠦ᠋ᠰᠠᠯᠧᠮ ᠳᠤ ᠰᠠᠭᠤᠭ᠎ᠠ ᠬᠥᠮᠦᠨ ᠪᠦᠬᠦᠨ ᠮᠡᠳᠡᠭᠰᠡᠨ ᠲᠤᠯᠠ ᠪᠢᠳᠡ ᠴᠤ ᠦᠭᠡᠶᠢᠰᠬᠡᠵᠦ ᠴᠢᠳᠠᠬᠤ ᠦᠭᠡᠢ᠃ 17 ᠬᠠᠷᠢᠨ ᠡᠨᠡ ᠶᠠᠪᠤᠳᠠᠯ ᠢ ᠠᠷᠠᠳ ᠣᠯᠠᠨ ᠤ ᠳᠤᠮᠳᠠ ᠤᠯᠠᠮ ᠲᠠᠷᠬᠠᠭᠠᠬᠤ ᠦᠭᠡᠢ ᠶᠢᠨ ᠲᠤᠯᠠᠳᠠ᠂ ᠡᠭᠦᠨ ᠡᠴᠡ ᠬᠣᠢᠰᠢ ᠬᠥᠮᠦᠰ ᠲᠦ ᠡᠨᠡ ᠨᠡᠷ᠎ᠡ ᠪᠡᠷ ᠶᠠᠷᠢᠬᠤ ᠪᠠᠨ ᠪᠣᠯᠢ ᠭᠡᠵᠦ ᠲᠡᠳᠡᠨ ᠳᠦ ᠴᠢᠩᠭ᠍᠎ᠠ ᠠᠩ᠋ᠬᠠᠷᠤᠭᠤᠯᠤᠶ᠎ᠠ》 ᠭᠡᠵᠡᠭᠡᠪᠡ᠃ 18 ᠲᠡᠭᠡᠭᠡᠳ ᠲᠡᠳᠡᠨ ᠢ ᠳᠠᠭᠤᠳᠠᠵᠤ᠂ ᠢᠰᠦ᠋ᠰ ᠤᠨ ᠨᠡᠷ᠎ᠡ ᠪᠡᠷ ᠶᠠᠷᠢᠬᠤ ᠪᠤᠶᠤ ᠰᠤᠷᠭᠠᠵᠤ ᠣᠭᠲᠣ ᠪᠣᠯᠬᠤ ᠦᠭᠡᠢ ᠭᠡᠵᠦ ᠲᠤᠰᠢᠶᠠᠵᠠᠢ᠃ 19 ᠫᠧᠲ᠋ᠧᠷ᠂ ᠶᠣᠬᠠᠨ ᠬᠣᠶᠠᠭᠤᠯᠠ᠄ 《ᠲᠠ ᠨᠠᠷ ᠤᠨ ᠦᠭᠡ ᠶᠢ ᠪᠤᠷᠬᠠᠨ ᠤ ᠦᠭᠡ ᠡᠴᠡ ᠢᠯᠡᠭᠦᠦ ᠰᠣᠨᠣᠰᠬᠤ ᠨᠢ ᠪᠤᠷᠬᠠᠨ ᠤ ᠡᠮᠦᠨ᠎ᠡ ᠵᠥᠪ ᠤᠤ︖ ᠥᠪᠡᠷᠰᠡᠳ ᠢᠶᠡᠨ ᠰᠢᠭᠦᠨ ᠲᠤᠩ᠋ᠭᠠᠵᠠᠭ᠎ᠠ︕ 20 ᠦᠵᠡᠭᠰᠡᠨ ᠰᠣᠨᠣᠰᠣᠭᠰᠠᠨ ᠢᠶᠠᠨ ᠪᠢᠳᠡ ᠶᠠᠷᠢᠬᠤ ᠠᠴᠠ ᠥᠭᠡᠷ᠎ᠡ ᠠᠷᠭ᠎ᠠ ᠦᠭᠡᠢ︕》 ᠭᠡᠵᠦ ᠬᠠᠷᠢᠭᠤᠯᠪᠠ᠃ 21 ᠨᠣᠶᠠᠳ ᠲᠡᠳᠡᠨ ᠢ ᠳᠠᠬᠢᠨ ᠰᠦᠷᠳᠡᠭᠦᠯᠦᠰᠬᠢᠭᠡᠳ ᠰᠤᠯᠠᠯᠠᠵᠤ ᠶᠠᠪᠤᠭᠤᠯᠪᠠ᠃ ᠠᠷᠠᠳ ᠣᠯᠠᠨ ᠪᠦᠭᠦᠳᠡᠭᠡᠷ ᠢᠶᠡᠨ ᠥᠨᠥᠬᠢ ᠪᠣᠯᠣᠭᠰᠠᠨ ᠶᠠᠪᠤᠳᠠᠯ ᠢᠶᠠᠷ ᠪᠤᠷᠬᠠᠨ ᠢ ᠠᠯᠳᠠᠷᠰᠢᠭᠤᠯᠵᠤ ᠪᠠᠢᠭᠰᠠᠨ ᠲᠤᠯᠠ ᠲᠡᠳᠡ ᠰᠢᠳᠠᠷ ᠱᠠᠪᠢ ᠨᠠᠷ ᠢ ᠶᠠᠭᠠᠬᠢᠵᠤ ᠰᠢᠳᠬᠡᠬᠦ ᠠᠷᠭ᠎ᠠ ᠪᠠᠨ ᠣᠯᠵᠤ ᠶᠠᠳᠠᠵᠠᠢ᠃ 22 ᠰᠢᠳᠢ ᠲᠡᠮᠳᠡᠭ ᠢᠶᠡᠷ ᠡᠳᠡᠭᠡᠷᠡᠭᠰᠡᠨ ᠨᠥᠭᠥᠭᠡ ᠬᠥᠮᠦᠨ ᠳᠥᠴᠢ ᠭᠠᠷᠤᠢ ᠨᠠᠰᠤᠲᠠᠢ ᠪᠠᠢᠪᠠ᠃
 ᠳᠠᠭᠠᠳᠬᠠᠵᠤ ᠬᠤᠪᠢᠶᠠᠯᠴᠠᠳᠠᠭ ᠬᠠᠮᠲᠤ ᠶᠢᠨ ᠠᠮᠢᠳᠤᠷᠠᠯ

23 ᠫᠧᠲ᠋ᠧᠷ᠂ ᠶᠣᠬᠠᠨ ᠬᠣᠶᠠᠭᠤᠯᠠ ᠰᠤᠯᠠᠯᠠᠭᠳᠠᠭᠰᠠᠨ ᠤ ᠪᠠᠨ ᠳᠠᠷᠠᠭ᠎ᠠ᠂ ᠨᠥᠬᠥᠳ ᠲᠡᠭᠡᠨ ᠣᠴᠢᠵᠤ ᠲᠠᠬᠢᠯᠴᠢᠳ ᠪᠠ ᠠᠬᠠᠯᠠᠭᠴᠢᠳ ᠤᠨ ᠬᠡᠯᠡᠭᠰᠡᠨ ᠪᠦᠬᠦᠨ ᠢ ᠳᠤᠭᠤᠯᠭᠠᠪᠠ᠃ 24 ᠲᠡᠳᠡ ᠨᠠᠷ ᠰᠣᠨᠣᠰᠣᠭᠠᠳ ᠰᠡᠳᠬᠢᠯ ᠨᠢᠭᠡᠳᠦᠨ ᠥᠨᠳᠥᠷ ᠳᠠᠭᠤᠨ ᠢᠶᠠᠷ ᠪᠤᠷᠬᠠᠨ ᠳᠤ ᠬᠠᠨᠳᠤᠨ᠄ 《ᠶᠡᠬᠡ ᠡᠵᠡᠨ ᠡ᠂ ᠲᠠ ᠲᠩᠷᠢ᠂ ᠭᠠᠵᠠᠷ᠂ ᠳᠠᠯᠠᠢ ᠪᠠ ᠲᠡᠳᠡᠭᠡᠷ ᠦᠨ ᠳᠣᠲᠣᠷᠠᠬᠢ ᠬᠠᠮᠤᠭ ᠶᠠᠭᠤᠮ᠎ᠠ ᠶᠢ ᠪᠦᠲᠦᠭᠡᠭᠰᠡᠨ ᠪᠢᠯᠡ᠃ 25 ᠲᠠ ᠠᠷᠢᠭᠤᠨ ᠰᠦᠨᠡᠰᠦ ᠪᠡᠷ ᠢᠶᠠᠨ ᠥᠪᠡᠷ ᠦᠨ ᠢᠶᠠᠨ ᠵᠠᠷᠤᠴᠠ᠂ ᠪᠢᠳᠡᠨ ᠦ ᠳᠡᠭᠡᠳᠦᠰ ᠳ᠋ᠠᠸᠢᠳ᠋ ᠤᠨ ᠠᠮᠠ ᠪᠠᠷ᠄ 〈ᠶᠠᠭᠤᠨ ᠳᠤ ᠦᠨᠳᠦᠰᠦᠲᠡᠨ ᠨᠦᠭᠦᠳ ᠬᠢᠯᠢᠩᠨᠡᠵᠦ᠂ ᠶᠠᠰᠤᠲᠠᠨ ᠨᠤᠭᠤᠳ ᠬᠣᠭᠣᠰᠣᠨ ᠢ ᠰᠡᠳᠦᠨ᠎ᠡ ᠪᠤᠢ︖ 26 ᠭᠠᠵᠠᠷ ᠤᠨ ᠬᠠᠭᠠᠳ ᠪᠣᠰᠴᠤ᠂ ᠨᠣᠶᠠᠳ ᠬᠠᠮᠲᠤᠷᠠᠨ ᠵᠥᠪᠯᠡᠯᠳᠦᠵᠦ ᠡᠵᠡᠨ ᠪᠠ ᠲᠡᠭᠦᠨ ᠦ ᠲᠣᠰᠣᠯᠠᠭᠳᠠᠭᠰᠠᠨ ᠨᠢᠭᠡᠨ ᠢ ᠡᠰᠡᠷᠭᠦᠴᠡᠭᠰᠡᠨ〉 ᠭᠡᠵᠦ ᠬᠡᠯᠡᠭᠦᠯᠦᠭᠰᠡᠨ ᠪᠢᠯᠡ᠃ 27 ᠨᠡᠭᠡᠷᠡᠨ ᠾᠧᠷᠣᠳ᠋ ᠪᠠ ᠫᠣᠨᠲ᠋ᠢ ᠫᠢᠯᠠᠲ ᠬᠠᠷᠢᠴᠤᠳ ᠪᠠ ᠢᠰᠷᠧᠯ ᠤᠨ ᠠᠷᠠᠳ ᠲᠦᠮᠡᠨ ᠲᠡᠢ ᠨᠡᠢᠯᠡᠭᠡᠳ ᠲᠠᠨ ᠤ ᠲᠣᠰᠣᠯᠠᠭᠰᠠᠨ ᠠᠷᠢᠭᠤᠨ ᠵᠠᠷᠤᠴᠠ ᠢᠰᠦ᠋ᠰ ᠢ ᠡᠰᠡᠷᠭᠦᠴᠡᠨ ᠡᠨᠡ ᠬᠣᠲᠠ ᠳᠤ ᠴᠤᠭᠯᠠᠷᠠᠭᠰᠠᠨ ᠶᠤᠮ ᠪᠠᠢᠨ᠎ᠠ᠃ 28 ᠡᠨᠡ ᠨᠢ ᠲᠠᠨ ᠤ ᠬᠦᠴᠦ ᠪᠠ ᠬᠦᠰᠡᠯ ᠢᠶᠡᠷ ᠢᠶᠠᠨ ᠤᠷᠢᠳᠴᠢᠯᠠᠨ ᠲᠣᠭᠲᠠᠭᠠᠭᠰᠠᠨ ᠪᠦᠭᠦᠳᠡ ᠶᠢ ᠪᠡᠶᠡᠯᠡᠭᠦᠯᠦᠭᠰᠡᠨ ᠬᠡᠷᠡᠭ ᠠᠵᠢ᠃ 29 ᠣᠳᠣ ᠡᠵᠡᠨ ᠲᠡᠳᠡᠨ ᠦ ᠰᠦᠷᠳᠡᠭᠦᠯᠦᠯᠭᠡ ᠶᠢ ᠠᠩ᠋ᠬᠠᠷᠤᠭᠠᠴᠢ᠂ ᠮᠥᠨ ᠲᠠᠨ ᠤ ᠦᠭᠡ ᠶᠢ ᠬᠠᠮᠤᠭ ᠵᠣᠷᠢᠭ ᠢᠶᠠᠷ ᠶᠠᠷᠢᠬᠤ ᠶᠢ ᠵᠠᠷᠤᠴᠠ ᠨᠠᠷ ᠲᠠᠭᠠᠨ ᠵᠥᠪᠰᠢᠶᠡᠷᠡᠭᠡᠴᠢ︕ 30 ᠮᠤᠲᠤᠷ ᠢᠶᠠᠨ ᠰᠤᠩ᠋ᠭᠠᠨ᠂ ᠠᠷᠢᠭᠤᠨ ᠵᠠᠷᠤᠴᠠ ᠢᠰᠦ᠋ᠰ ᠤᠨ ᠢᠶᠠᠨ ᠨᠡᠷ᠎ᠡ ᠪᠡᠷ ᠡᠪᠡᠳᠴᠢᠨ ᠢ ᠡᠳᠡᠭᠡᠭᠡᠵᠦ᠂ ᠰᠢᠳᠢ ᠲᠡᠮᠳᠡᠭ ᠪᠠ ᠰᠣᠳᠣᠨ ᠵᠦᠢᠯ ᠢ ᠢᠯᠡᠷᠬᠡᠶᠢᠯᠡᠭᠡᠴᠢ︕》 ᠭᠡᠪᠡ᠃ 31 ᠲᠡᠳᠡ ᠳᠠᠭᠠᠳᠬᠠᠵᠤ ᠳᠠᠭᠤᠰᠬᠤ ᠳᠤ᠂ ᠴᠤᠭᠯᠠᠷᠠᠭᠰᠠᠨ ᠭᠠᠵᠠᠷ ᠨᠢ ᠬᠥᠳᠡᠯᠵᠦ᠂ ᠴᠤᠭᠯᠠᠷᠠᠭᠰᠠᠨ ᠪᠦᠭᠦᠳᠡᠭᠡᠷ ᠠᠷᠢᠭᠤᠨ ᠰᠦᠨᠡᠰᠦ ᠪᠡᠷ ᠳᠦᠭᠦᠷᠦᠨ᠂ ᠪᠤᠷᠬᠠᠨ ᠤ ᠦᠭᠡ ᠶᠢ ᠵᠣᠷᠢᠭᠲᠠᠢ ᠪᠠᠷ ᠶᠠᠷᠢᠵᠤ ᠡᠬᠢᠯᠡᠵᠡᠢ᠃

32 ᠦᠢ ᠣᠯᠠᠨ ᠢᠲᠡᠭᠡᠭᠴᠢ ᠰᠡᠳᠬᠢᠯ ᠨᠢᠭᠡᠳᠦᠨ᠂ ᠬᠡᠨ ᠨᠢ ᠴᠤ ᠡᠳ᠋ ᠬᠥᠷᠥᠩᠭᠡ ᠪᠡᠨ ᠥᠪᠡᠷ ᠦᠨ ᠭᠡᠵᠦ ᠬᠡᠯᠡᠯ ᠦᠭᠡᠢ᠂ ᠪᠦᠬᠦ ᠶᠠᠭᠤᠮ᠎ᠠ ᠨᠢ ᠬᠠᠮᠲᠤ ᠶᠢᠨ ᠬᠢ ᠪᠠᠢᠯ᠎ᠠ᠃ 33 ᠰᠢᠳᠠᠷ ᠱᠠᠪᠢ ᠨᠠᠷ ᠠᠰᠤᠷᠤ ᠶᠡᠬᠡ ᠬᠦᠴᠦ ᠪᠡᠷ ᠡᠵᠡᠨ ᠢᠰᠦ᠋ᠰ ᠤᠨ ᠠᠮᠢᠯᠠᠭᠰᠠᠨ ᠢ ᠭᠡᠷᠡᠴᠢᠯᠡᠭᠰᠡᠨ ᠳᠦ᠂ ᠦᠯᠡᠮᠵᠢ ᠶᠡᠬᠡ ᠢᠪᠡᠭᠡᠯ ᠪᠦᠬᠦ ᠬᠥᠮᠦᠨ ᠳᠦ ᠬᠦᠷᠦᠯ᠎ᠡ᠃ 34 ᠲᠡᠳᠡᠨ ᠦ ᠳᠣᠲᠣᠷ᠎ᠠ ᠭᠠᠴᠢᠭᠳᠠᠭᠰᠠᠨ ᠬᠥᠮᠦᠨ ᠪᠠᠢᠭᠰᠠᠨ ᠦᠭᠡᠢ᠃ ᠤᠴᠢᠷ ᠨᠢ᠂ ᠪᠠᠢᠰᠢᠩ ᠲᠠᠷᠢᠶ᠎ᠠ ᠲᠠᠢ ᠬᠥᠮᠦᠰ ᠲᠡᠭᠦᠨ ᠢᠶᠡᠨ ᠬᠤᠳᠠᠯᠳᠤᠭᠠᠳ ᠵᠣᠭᠣᠰ ᠢ ᠨᠢ ᠠᠪᠴᠢᠷᠠᠨ 35 ᠰᠢᠳᠠᠷ ᠱᠠᠪᠢ ᠨᠠᠷ ᠤᠨ ᠬᠥᠯ ᠦᠨ ᠡᠮᠦᠨ᠎ᠡ ᠲᠠᠯᠪᠢᠬᠤ ᠳᠤ᠂ ᠲᠡᠳᠡ ᠬᠥᠮᠦᠨ ᠪᠦᠷᠢ ᠳᠤ ᠬᠡᠷᠡᠭᠴᠡᠭᠡᠨ ᠦ ᠬᠢᠨᠢ ᠬᠢᠷᠢ ᠪᠠᠷ ᠬᠤᠪᠢᠶᠠᠳᠠᠭ ᠪᠠᠢᠯ᠎ᠠ᠃ 36 ᠰᠠᠢᠫᠷᠦ᠋ᠰ ᠠᠷᠠᠯ ᠳᠤ ᠲᠥᠷᠥᠭᠰᠡᠨ ᠶᠣᠰᠧᠹ ᠭᠡᠳᠡᠭ ᠯᠧᠸᠢ ᠬᠥᠮᠦᠨ ᠪᠠᠢᠵᠠᠢ᠃ ᠰᠢᠳᠠᠷ ᠱᠠᠪᠢ ᠨᠠᠷ ᠲᠡᠭᠦᠨ ᠢ ᠵᠣᠷᠢᠭᠵᠢᠭᠤᠯᠤᠭᠴᠢ ᠬᠦᠦ ᠭᠡᠰᠡᠨ ᠤᠳᠬ᠎ᠠ ᠪᠠᠷ ᠪᠠᠷᠨᠠᠪᠠ ᠭᠡᠵᠦ ᠨᠡᠷᠡᠯᠡᠪᠡ᠃ 37 ᠲᠡᠷᠡ ᠭᠠᠵᠠᠷ ᠲᠠᠷᠢᠶ᠎ᠠ ᠪᠠᠨ ᠬᠤᠳᠠᠯᠳᠤᠭᠠᠳ ᠮᠥᠩᠭᠥ ᠶᠢ ᠨᠢ ᠠᠪᠴᠢᠷᠠᠵᠤ ᠰᠢᠳᠠᠷ ᠱᠠᠪᠢ ᠶᠢᠨ ᠬᠥᠯ ᠦᠨ ᠡᠮᠦᠨ᠎ᠡ ᠲᠠᠯᠪᠢᠪᠠ᠃