ᠦᠢᠯᠡᠰ ᠬᠣᠷᠢᠨ ᠭᠤᠷᠪᠠ
1 ᠫᠠᠦ᠋ᠯ ᠰᠢᠭᠦᠬᠦ ᠵᠥᠪᠯᠡᠯ ᠦᠨ ᠬᠢᠨ ᠤᠷᠤᠭᠤ ᠰᠢᠷᠲᠡᠵᠦ᠄ 《ᠠᠬ᠎ᠠ ᠳᠡᠭᠦᠦ ᠨᠠᠷ ᠡ᠂ ᠪᠢ ᠥᠨᠥ ᠪᠣᠯᠲᠠᠯ᠎ᠠ ᠪᠤᠷᠬᠠᠨ ᠤ ᠡᠮᠦᠨ᠎ᠡ ᠮᠥᠰᠥ ᠴᠢᠨᠠᠷ ᠰᠠᠢᠲᠠᠢ ᠯᠠ ᠪᠡᠶ᠎ᠡ ᠪᠡᠨ ᠠᠪᠴᠤ ᠶᠠᠪᠤᠭᠰᠠᠨ ᠪᠢᠯᠡ》 ᠭᠡᠵᠦ ᠬᠡᠯᠡᠲᠡᠯ᠎ᠡ᠂ 2 ᠲᠡᠷᠢᠭᠦᠨ ᠲᠠᠬᠢᠯᠴᠢ ᠠᠨᠠᠨᠢᠶ᠎ᠠ ᠫᠠᠦ᠋ᠯ ᠤᠨ ᠬᠠᠵᠠᠭᠤ ᠳᠠᠬᠢ ᠬᠥᠮᠦᠰ ᠲᠦ᠄ 《ᠠᠮᠠ ᠶᠢ ᠨᠢ ᠴᠣᠬᠢ》 ᠭᠡᠵᠦ ᠲᠤᠰᠢᠶᠠᠪᠠ᠃ 3 ᠫᠠᠦ᠋ᠯ ᠲᠡᠭᠦᠨ ᠳᠦ᠄ 《ᠴᠣᠬᠣᠢᠳᠠᠭᠰᠠᠨ ᠬᠡᠷᠡᠮ ᠮᠡᠲᠦ ᠲᠠ︕ ᠲᠠᠨ ᠢ ᠪᠤᠷᠬᠠᠨ ᠴᠣᠬᠢᠬᠤ ᠪᠣᠯᠣᠨ᠎ᠠ︕ ᠲᠠ ᠬᠠᠤᠯᠢ ᠶᠣᠰᠣᠭᠠᠷ ᠨᠠᠮᠠᠶᠢ ᠰᠢᠭᠦᠬᠦ ᠭᠡᠵᠦ ᠰᠠᠭᠤᠴᠢᠬᠠᠭᠠᠳ ᠥᠪᠡᠷ ᠢᠶᠡᠨ ᠬᠠᠤᠯᠢ ᠵᠥᠷᠢᠴᠡᠵᠦ ᠨᠠᠮᠠᠶᠢ ᠴᠣᠬᠢ ᠭᠡᠬᠦ ᠨᠢ ᠤᠤ︖》 ᠭᠡᠰᠡᠨ ᠳᠦ᠂ 4 ᠬᠠᠵᠠᠭᠤ ᠳᠠᠬᠢ ᠬᠥᠮᠦᠰ ᠨᠢ᠄ 《ᠴᠢ ᠪᠤᠷᠬᠠᠨ ᠤ ᠲᠡᠷᠢᠭᠦᠨ ᠲᠠᠬᠢᠯᠴᠢ ᠶᠢ ᠵᠦᠬᠡᠨᠡ ᠤᠤ︖》 ᠭᠡᠯᠡ᠃ 5 ᠫᠠᠦ᠋ᠯ᠄ 《ᠠᠬ᠎ᠠ ᠳᠡᠭᠦᠦ ᠨᠠᠷ ᠡ᠂ ᠪᠢ ᠲᠡᠭᠦᠨ ᠢ ᠲᠡᠷᠢᠭᠦᠨ ᠲᠠᠬᠢᠯᠴᠢ ᠭᠡᠵᠦ ᠮᠡᠳᠡᠭᠰᠡᠨ ᠦᠭᠡᠢ᠃ 〈ᠠᠷᠠᠳ ᠲᠦᠮᠡᠨ ᠦ ᠪᠠᠨ ᠤᠳᠤᠷᠢᠳᠤᠭᠴᠢ ᠶᠢ ᠪᠦᠦ ᠮᠠᠭᠤᠯᠠ〉 ᠭᠡᠵᠦ ᠪᠢᠴᠢᠭᠳᠡᠭᠰᠡᠨ ᠪᠠᠢᠳᠠᠭ》 ᠭᠡᠪᠡ᠃
6 ᠫᠠᠦ᠋ᠯ ᠲᠡᠳᠡᠨ ᠦ ᠨᠢᠭᠡ ᠬᠡᠰᠡᠭ ᠨᠢ ᠰᠠᠳᠣᠺᠠᠢᠴᠤᠳ᠂ ᠨᠥᠭᠥᠭᠡ ᠬᠡᠰᠡᠭ ᠨᠢ ᠹᠠᠷᠢᠰᠠᠢᠴᠤᠳ ᠪᠣᠯᠬᠤ ᠶᠢ ᠮᠡᠳᠡᠭᠡᠳ ᠰᠢᠭᠦᠬᠦ ᠵᠥᠪᠯᠡᠯ ᠳᠦ ᠴᠢᠩᠭ᠍᠎ᠠ ᠳᠠᠭᠤ ᠪᠠᠷ᠄ 《ᠠᠬ᠎ᠠ ᠳᠡᠭᠦᠦ ᠨᠠᠷ ᠡ᠂ ᠪᠢ ᠪᠣᠯ ᠹᠠᠷᠢᠰᠠᠢ ᠬᠥᠮᠦᠨ᠂ ᠹᠠᠷᠢᠰᠠᠢ ᠬᠥᠮᠦᠨ ᠦ ᠬᠦᠦ ᠶᠤᠮ᠃ ᠦᠬᠦᠭᠰᠡᠳ ᠦᠨ ᠠᠮᠢᠯᠠᠬᠤ ᠶᠢ ᠡᠷᠡᠮᠡᠯᠵᠡᠭᠰᠡᠨ ᠡᠴᠡ ᠪᠣᠯᠵᠤ ᠪᠢ ᠰᠢᠭᠦᠭᠳᠡᠵᠦ ᠪᠠᠢᠨ᠎ᠠ》 ᠭᠡᠵᠦ ᠬᠡᠯᠡᠯ᠎ᠡ᠃ 7 ᠡᠭᠦᠨ ᠢ ᠬᠡᠯᠡᠩᠭᠦᠲᠡ ᠹᠠᠷᠢᠰᠠᠢᠴᠤᠳ ᠪᠣᠯᠣᠨ ᠰᠠᠳᠣᠺᠠᠢᠴᠤᠳ ᠤᠨ ᠬᠣᠭᠣᠷᠣᠨᠳᠣ ᠮᠠᠷᠭᠤᠭᠠᠨ ᠪᠣᠯᠵᠤ ᠴᠤᠭᠯᠠᠷᠠᠭᠰᠠᠳ ᠬᠠᠭᠠᠴᠠᠪᠠ᠃ 8 ᠰᠠᠳᠣᠺᠠᠢᠴᠤᠳ ᠠᠮᠢᠯᠠᠯᠲᠠ ᠭᠡᠵᠦ ᠦᠭᠡᠢ᠂ ᠲᠩᠷᠢ ᠡᠯᠴᠢ ᠪᠠ ᠰᠦᠨᠡᠰᠦ ᠴᠤ ᠦᠭᠡᠢ ᠭᠡᠵᠦ ᠦᠵᠡᠳᠡᠭ ᠪᠣᠯ᠂ ᠹᠠᠷᠢᠰᠠᠢᠴᠤᠳ ᠡᠨᠡ ᠪᠦᠬᠦᠨ ᠢ ᠪᠠᠢᠨ᠎ᠠ ᠭᠡᠵᠦ ᠦᠵᠡᠳᠡᠭ ᠶᠤᠮ᠃ 9 ᠶᠡᠬᠡᠪᠡᠷ ᠱᠤᠤᠭᠢᠯᠳᠤᠭᠰᠠᠨ ᠳᠤ᠂ ᠹᠠᠷᠢᠰᠠᠢᠴᠤᠳ ᠤᠨ ᠲᠠᠯ᠎ᠠ ᠶᠢᠨ ᠬᠡᠳᠦᠨ ᠪᠢᠴᠢᠭᠲᠡᠨ ᠪᠣᠰᠴᠤ ᠮᠠᠷᠭᠤᠯᠳᠤᠨ᠄ 《ᠪᠢᠳᠡ ᠡᠨᠡ ᠬᠥᠮᠦᠨ ᠦ ᠪᠤᠷᠤᠭᠤ ᠶᠢ ᠣᠯᠬᠤ ᠦᠭᠡᠢ ᠪᠠᠢᠨ᠎ᠠ᠃ ᠰᠦᠨᠡᠰᠦ ᠪᠤᠶᠤ ᠲᠩᠷᠢ ᠡᠯᠴᠢ ᠲᠡᠭᠦᠨ ᠳᠦ ᠬᠡᠯᠡᠭᠰᠡᠨ ᠪᠣᠯ ᠶᠠᠭᠠᠬᠢᠬᠤ ᠪᠢᠯᠡ︖》 ᠭᠡᠯᠡ᠃ 10 ᠮᠠᠷᠭᠤᠭᠠᠨ ᠰᠢᠷᠦᠭᠦᠰᠬᠦ ᠳᠦ᠂ ᠮᠢᠩ᠋ᠭᠠᠲᠤ ᠶᠢᠨ ᠳᠠᠷᠤᠭ᠎ᠠ ᠫᠠᠦ᠋ᠯ ᠢ ᠲᠡᠳᠡᠨ ᠳᠦ ᠲᠠᠰᠤᠳᠠᠭᠳᠠᠬᠤ ᠪᠤᠢ ᠭᠡᠵᠦ ᠡᠮᠢᠶᠡᠨ᠂ ᠴᠡᠷᠢᠭ ᠤᠳ ᠲᠡᠭᠡᠨ ᠳᠣᠷᠣᠭᠰᠢ ᠶᠠᠪᠤᠵᠤ ᠲᠡᠭᠦᠨ ᠢ ᠪᠤᠯᠢᠶᠠᠨ ᠠᠪᠤᠭᠠᠳ ᠬᠤᠸᠠᠷᠠᠨ ᠳᠤ ᠠᠪᠠᠴᠢ ᠭᠡᠵᠦ ᠲᠤᠰᠢᠶᠠᠵᠠᠢ᠃
11 ᠲᠡᠷᠡ ᠰᠥᠨᠢ ᠨᠢ ᠡᠵᠡᠨ ᠫᠠᠦ᠋ᠯ ᠤᠨ ᠳᠡᠷᠭᠡᠳᠡ ᠵᠣᠭᠰᠣᠭᠠᠳ᠄ 《ᠵᠣᠷᠢᠭᠲᠠᠢ ᠪᠠᠢ᠂ ᠴᠢ ᠶᠧᠷᠦ᠋ᠰᠠᠯᠧᠮ ᠳᠤ ᠮᠢᠨᠦ ᠲᠤᠬᠠᠢ ᠭᠡᠷᠡᠴᠢᠯᠡᠭᠰᠡᠨᠴᠢᠯᠡᠨ ᠷᠣᠮᠠ ᠳᠤ ᠪᠠᠰᠠ ᠲᠡᠭᠡᠵᠦ ᠭᠡᠷᠡᠴᠢᠯᠡᠬᠦ ᠶᠣᠰᠣᠲᠠᠢ》 ᠭᠡᠵᠦ ᠬᠡᠯᠡᠪᠡ᠃
ᠫᠠᠦ᠋ᠯ ᠢ ᠬᠥᠨᠥᠭᠡᠬᠦ ᠬᠤᠤᠪᠢᠯᠳᠤᠭᠠᠨ
12 ᠦᠷ ᠴᠠᠢᠬᠤ ᠳᠤ᠂ ᠶᠦᠳᠠᠢᠴᠤᠳ ᠪᠦᠯᠦᠭᠯᠡᠨ᠄ 《ᠫᠠᠦ᠋ᠯ ᠢ ᠠᠯᠠᠬᠤ ᠠᠴᠠ ᠨᠠᠰᠢ ᠢᠳᠡᠬᠦ ᠴᠤ ᠦᠭᠡᠢ᠂ ᠤᠤᠭᠤᠬᠤ ᠴᠤ ᠦᠭᠡᠢ》 ᠭᠡᠵᠦ ᠲᠠᠩ᠋ᠭᠠᠷᠢᠭᠯᠠᠪᠠ᠃ 13 ᠳᠥᠴᠢ ᠭᠠᠷᠤᠢ ᠬᠥᠮᠦᠨ ᠡᠨᠡ ᠬᠤᠤᠪᠢᠯᠳᠤᠭᠠᠨ ᠳᠤ ᠣᠷᠣᠯᠴᠠᠵᠠᠢ᠃ 14 ᠲᠡᠳᠡ ᠠᠬᠠᠯᠠᠬᠤ ᠲᠠᠬᠢᠯᠴᠢ ᠪᠣᠯᠣᠨ ᠠᠬᠠᠯᠠᠭᠴᠢᠳ ᠲᠤ ᠣᠴᠢᠵᠤ᠄ 《ᠫᠠᠦ᠋ᠯ ᠢ ᠠᠯᠠᠬᠤ ᠠᠴᠠ ᠨᠠᠰᠢ ᠪᠢᠳᠡ ᠶᠠᠭᠤ ᠴᠤ ᠢᠳᠡᠬᠦ ᠦᠭᠡᠢ ᠭᠡᠵᠦ ᠴᠢᠩᠭ᠍᠎ᠠ ᠲᠠᠩ᠋ᠭᠠᠷᠢᠭᠯᠠᠭᠰᠠᠨ ᠶᠤᠮ᠃ 15 ᠲᠡᠢᠮᠦ ᠡᠴᠡ ᠲᠠ ᠨᠠᠷ ᠮᠢᠩ᠋ᠭᠠᠲᠤ ᠶᠢᠨ ᠳᠠᠷᠤᠭ᠎ᠠ ᠳᠤ ᠰᠢᠭᠦᠬᠦ ᠵᠥᠪᠯᠡᠯ ᠲᠡᠢ ᠬᠠᠮᠲᠤ ᠪᠠᠷ ᠫᠠᠦ᠋ᠯ ᠤᠨ ᠬᠡᠷᠡᠭ ᠢ ᠤᠯᠠᠮ ᠨᠠᠷᠢᠪᠴᠢᠯᠠᠨ ᠪᠠᠢᠴᠠᠭᠠᠶᠠ ᠭᠡᠰᠡᠨ ᠰᠠᠨᠠᠯ ᠳᠡᠪᠰᠢᠭᠦᠯᠵᠦ᠂ ᠥᠪᠡᠷᠰᠡᠳ ᠳᠡᠭᠡᠷ᠎ᠡ ᠪᠡᠨ ᠫᠠᠦ᠋ᠯ ᠢ ᠠᠪᠴᠢᠷᠠᠭᠤᠯᠤᠭᠠᠴᠢ᠂ ᠣᠢᠷᠠᠲᠤᠵᠤ ᠢᠷᠡᠬᠦ ᠡᠴᠡ ᠨᠢ ᠡᠮᠦᠨ᠎ᠡ ᠪᠢᠳᠡ ᠲᠡᠭᠦᠨ ᠢ ᠠᠯᠠᠬᠤ ᠳᠤ ᠪᠡᠯᠡᠨ ᠪᠠᠢᠨ᠎ᠠ》 ᠭᠡᠯᠡ᠃
16 ᠫᠠᠦ᠋ᠯ ᠤᠨ ᠵᠢᠭᠡ ᠬᠦᠦ ᠡᠨᠡ ᠬᠦ ᠬᠤᠤᠪᠢᠯᠳᠤᠯᠭ᠎ᠠ ᠶᠢ ᠰᠣᠨᠣᠰᠣᠭᠠᠳ ᠬᠤᠸᠠᠷᠠᠨ ᠳᠤ ᠣᠴᠢᠵᠤ ᠫᠠᠦ᠋ᠯ ᠳᠤ ᠳᠤᠭᠤᠯᠭᠠᠵᠠᠢ᠃ 17 ᠫᠠᠦ᠋ᠯ ᠵᠠᠭᠤᠲᠤ ᠶᠢᠨ ᠳᠠᠷᠤᠭ᠎ᠠ ᠠᠴᠠ ᠨᠢᠭᠡ ᠶᠢ ᠨᠢ ᠳᠠᠭᠤᠳᠠᠵᠤ᠄ 《ᠡᠨᠡ ᠵᠠᠯᠠᠭᠤ ᠶᠢ ᠮᠢᠨᠢ ᠮᠢᠩ᠋ᠭᠠᠲᠤ ᠶᠢᠨ ᠳᠠᠷᠤᠭ᠎ᠠ ᠲᠠᠢ ᠠᠭᠤᠯᠵᠠᠭᠤᠯᠤᠭᠠᠴᠢ᠂ ᠲᠡᠭᠦᠨ ᠳᠦ ᠳᠤᠭᠤᠯᠭᠠᠬᠤ ᠶᠠᠭᠤᠮ᠎ᠠ ᠪᠤᠢ》 ᠭᠡᠰᠡᠨ ᠳᠦ᠂ 18 ᠲᠡᠷᠡ ᠵᠠᠭᠤᠲᠤ ᠶᠢᠨ ᠳᠠᠷᠤᠭ᠎ᠠ ᠲᠡᠭᠦᠨ ᠢ ᠳᠠᠭᠠᠭᠤᠯᠵᠤ ᠮᠢᠩ᠋ᠭᠠᠲᠤ ᠶᠢᠨ ᠳᠠᠷᠤᠭ᠎ᠠ ᠤᠷᠤᠭᠤ ᠣᠴᠢᠭᠠᠳ᠄ 《ᠬᠣᠷᠢᠭᠳᠠᠯ ᠫᠠᠦ᠋ᠯ ᠨᠠᠮᠠᠶᠢ ᠳᠠᠭᠤᠳᠠᠵᠤ᠂ ᠡᠨᠡ ᠵᠠᠯᠠᠭᠤ ᠶᠢ ᠲᠠᠨ ᠲᠠᠢ ᠠᠭᠤᠯᠵᠠᠭᠤᠯ ᠭᠡᠵᠦ ᠭᠤᠶᠤᠭᠰᠠᠨ᠃ ᠲᠠᠨ ᠳᠤ ᠶᠠᠭᠤᠮ᠎ᠠ ᠬᠡᠯᠡᠨ᠎ᠡ ᠭᠡᠨ᠎ᠡ》 ᠭᠡᠪᠡ᠃ 19 ᠮᠢᠩ᠋ᠭᠠᠲᠤ ᠶᠢᠨ ᠳᠠᠷᠤᠭ᠎ᠠ ᠲᠡᠭᠦᠨ ᠦ ᠭᠠᠷ ᠠᠴᠠ ᠬᠥᠲᠥᠯᠵᠦ ᠵᠢᠭᠠᠬᠠᠨ ᠵᠠᠢᠳᠠᠭᠤ ᠠᠪᠠᠴᠢᠭᠠᠳ᠄ 《ᠴᠢ ᠨᠠᠳᠠ ᠳᠤ ᠶᠠᠭᠤ ᠬᠡᠯᠡᠬᠦ ᠭᠡᠰᠡᠨ ᠪᠤᠢ︖》 ᠭᠡᠵᠦ ᠰᠡᠮᠬᠡᠨ ᠠᠰᠠᠭᠤᠬᠤ ᠳᠤ᠂ 20 ᠲᠡᠷᠡ ᠵᠠᠯᠠᠭᠤ᠄ 《ᠶᠦᠳᠠᠢᠴᠤᠳ ᠫᠠᠦ᠋ᠯ ᠤᠨ ᠬᠡᠷᠡᠭ ᠢ ᠨᠠᠷᠢᠪᠴᠢᠯᠠᠨ ᠠᠰᠠᠭᠤᠬᠤ ᠭᠡᠰᠡᠨ ᠰᠢᠯᠲᠠᠭ ᠢᠶᠠᠷ ᠮᠠᠷᠭᠠᠰᠢ ᠲᠡᠭᠦᠨ ᠢ ᠰᠢᠭᠦᠬᠦ ᠵᠥᠪᠯᠡᠯ ᠳᠦ ᠬᠦᠷᠭᠡᠬᠦ ᠶᠢ ᠲᠠᠨ ᠠᠴᠠ ᠭᠤᠶᠤᠬᠤ ᠪᠠᠷ ᠲᠣᠬᠢᠷᠠᠵᠠᠢ᠃ 21 ᠲᠡᠢᠮᠦ ᠡᠴᠡ ᠲᠠ ᠲᠡᠳᠡᠨ ᠦ ᠬᠢ ᠶᠢ ᠪᠢᠲᠡᠭᠡᠢ ᠵᠥᠪᠰᠢᠶᠡᠷᠡᠭᠡᠷᠡᠢ᠃ ᠲᠡᠳᠡᠨ ᠦ ᠳᠥᠴᠢ ᠭᠠᠷᠤᠢ ᠬᠥᠮᠦᠨ ᠫᠠᠦ᠋ᠯ ᠢ ᠠᠯᠠᠬᠤ ᠠᠴᠠ ᠨᠠᠰᠢ ᠢᠳᠡᠬᠦ ᠴᠤ ᠦᠭᠡᠢ᠂ ᠤᠤᠭᠤᠬᠤ ᠴᠤ ᠦᠭᠡᠢ ᠭᠡᠵᠦ ᠲᠠᠩ᠋ᠭᠠᠷᠢᠭᠯᠠᠭᠠᠳ ᠪᠦᠭᠬᠦᠵᠦ ᠪᠠᠢᠨ᠎ᠠ᠃ ᠲᠡᠳᠡ ᠡᠳᠦᠭᠡ ᠪᠡᠯᠡᠨ ᠪᠣᠯᠣᠭᠠᠳ ᠲᠠᠨ ᠤ ᠵᠥᠪᠰᠢᠶᠡᠷᠡᠯ ᠢ ᠯᠠ ᠬᠦᠯᠢᠶᠡᠵᠦ ᠪᠠᠢᠨ᠎ᠠ》 ᠭᠡᠯᠡ᠃ 22 ᠮᠢᠩ᠋ᠭᠠᠲᠤ ᠶᠢᠨ ᠳᠠᠷᠤᠭ᠎ᠠ ᠲᠡᠷᠡ ᠵᠠᠯᠠᠭᠤ ᠳᠤ᠄ 《ᠡᠳᠡᠭᠡᠷ ᠢ ᠨᠠᠳᠠ ᠳᠤ ᠢᠯᠡᠴᠢᠯᠡᠭᠰᠡᠨ ᠢᠶᠡᠨ ᠬᠡᠨ ᠳᠦ ᠴᠤ ᠪᠦᠦ ᠬᠡᠯᠡ》 ᠭᠡᠵᠦ ᠵᠠᠬᠢᠭᠠᠳ ᠶᠠᠪᠤᠭᠤᠯᠪᠠ᠃
23 ᠲᠡᠭᠡᠭᠡᠳ ᠲᠡᠷᠡ ᠬᠣᠶᠠᠷ ᠵᠠᠭᠤᠲᠤ ᠶᠢᠨ ᠳᠠᠷᠤᠭ᠎ᠠ ᠶᠢ ᠳᠠᠭᠤᠳᠠᠵᠤ᠄ 《ᠡᠨᠡ ᠰᠥᠨᠢ ᠶᠢᠨ ᠶᠢᠰᠦᠨ ᠴᠠᠭ ᠲᠤ ᠺᠠᠶᠧᠰᠠᠷᠢᠶ᠎ᠠ ᠤᠷᠤᠭᠤ ᠶᠠᠪᠤᠬᠤ ᠬᠣᠶᠠᠷ ᠵᠠᠭᠤᠨ ᠶᠠᠪᠠᠭᠠᠨ ᠴᠡᠷᠢᠭ᠂ ᠳᠠᠯᠠᠨ ᠮᠣᠷᠢᠲᠠᠨ᠂ ᠪᠠᠰᠠ ᠬᠣᠶᠠᠷ ᠵᠠᠭᠤᠨ ᠵᠢᠳᠠᠴᠢᠨ ᠢ ᠪᠡᠯᠡᠳᠬᠡ᠃ 24 ᠪᠠᠰᠠ ᠨᠢᠭᠡ ᠤᠨᠤᠭ᠎ᠠ ᠣᠯᠵᠤ ᠫᠠᠦ᠋ᠯ ᠳᠤ ᠥᠭ᠂ ᠲᠡᠭᠦᠨ ᠢ ᠵᠠᠬᠢᠷᠤᠭᠴᠢ ᠹᠧᠯᠢᠺᠰ ᠤᠷᠤᠭᠤ ᠠᠶᠤᠯ ᠦᠭᠡᠢ ᠬᠦᠷᠭᠡᠬᠦ ᠬᠡᠷᠡᠭᠲᠡᠢ》 ᠭᠡᠳ 25 ᠢᠩᠭᠢᠵᠦ ᠵᠠᠬᠢᠳᠠᠯ ᠪᠢᠴᠢᠪᠡ᠄
26 《ᠺᠯᠠᠦ᠋ᠳᠢ ᠯᠦᠰᠢᠶᠠ ᠪᠢ ᠬᠦᠨᠳᠦᠲᠦ ᠵᠠᠬᠢᠷᠤᠭᠴᠢ ᠹᠧᠯᠢᠺᠰ ᠲᠠᠨ ᠳᠤ ᠮᠡᠨᠳᠦᠴᠢᠯᠡᠵᠦ ᠪᠠᠢᠨ᠎ᠠ᠃ 27 ᠶᠦᠳᠠᠢᠴᠤᠳ ᠡᠨᠡ ᠬᠥᠮᠦᠨ ᠢ ᠪᠠᠷᠢᠭᠠᠳ ᠠᠯᠠᠬᠤ ᠭᠡᠵᠦ ᠪᠠᠢᠲᠠᠯ᠎ᠠ ᠷᠣᠮᠠ ᠶᠢᠨ ᠢᠷᠭᠡᠨ ᠭᠡᠳᠡᠭ ᠢ ᠨᠢ ᠮᠡᠳᠡᠭᠡᠳ ᠪᠢ ᠴᠡᠷᠢᠭ ᠳᠠᠭᠠᠭᠤᠯᠤᠨ ᠣᠴᠢᠵᠤ ᠠᠪᠤᠷᠠᠭᠰᠠᠨ ᠶᠤᠮ᠃ 28 ᠶᠦᠳᠠᠢᠴᠤᠳ ᠶᠠᠮᠠᠷ ᠰᠢᠯᠲᠠᠭᠠᠨ ᠢᠶᠠᠷ ᠲᠡᠭᠦᠨ ᠢ ᠪᠤᠷᠤᠭᠤᠳᠬᠠᠵᠤ ᠪᠤᠢ ᠶᠢ ᠮᠡᠳᠡᠬᠦ ᠶᠢᠨ ᠲᠤᠯᠠᠳᠠ ᠪᠢ ᠲᠡᠳᠡᠨ ᠦ ᠰᠢᠭᠦᠬᠦ ᠵᠥᠪᠯᠡᠯ ᠳᠦ ᠫᠠᠦ᠋ᠯ ᠢ ᠠᠪᠠᠴᠢᠭᠰᠠᠨ ᠪᠥᠭᠡᠳ 29 ᠶᠦᠳᠠᠢᠴᠤᠳ ᠤᠨ ᠬᠠᠤᠯᠢ ᠶᠢᠨ ᠮᠠᠷᠭᠤᠭᠠᠨ ᠲᠠᠢ ᠠᠰᠠᠭᠤᠳᠠᠯ ᠢᠶᠠᠷ ᠯᠠ ᠪᠤᠷᠤᠭᠤᠳᠬᠠᠭᠳᠠᠵᠤ ᠪᠤᠢ ᠶᠢ ᠨᠢ ᠣᠢᠯᠠᠭᠠᠯ᠎ᠠ᠃ ᠲᠡᠭᠦᠨ ᠳᠦ ᠦᠬᠦᠬᠦ ᠪᠤᠶᠤ ᠬᠣᠷᠢᠭᠳᠠᠬᠤ ᠪᠤᠷᠤᠭᠤ ᠪᠠᠢᠬᠤ ᠦᠭᠡᠢ ᠪᠠᠢᠨ᠎ᠠ᠃ 30 ᠬᠠᠷᠢᠨ ᠲᠡᠭᠦᠨ ᠢ ᠬᠣᠣᠷᠯᠠᠬᠤ ᠭᠡᠰᠡᠨ ᠬᠤᠤᠪᠢᠯᠳᠤᠭᠠᠨ ᠪᠣᠯᠵᠤ ᠪᠠᠢᠭ᠎ᠠ ᠨᠢ ᠨᠠᠳᠠ ᠳᠤ ᠢᠯᠡᠴᠢᠯᠡᠭᠳᠡᠭᠰᠡᠨ ᠤᠴᠢᠷ ᠠᠴᠠ ᠪᠢ ᠡᠨᠡ ᠬᠥᠮᠦᠨ ᠢ ᠲᠠᠨ ᠳᠤ ᠶᠠᠭᠠᠷᠠᠯᠲᠠᠢ ᠶᠠᠪᠤᠭᠤᠯᠵᠤ ᠪᠠᠢᠨ᠎ᠠ᠃ ᠲᠡᠭᠦᠨ ᠢ ᠵᠠᠭᠠᠯᠳᠤᠭᠴᠢᠳ ᠢ ᠴᠤ ᠲᠠᠨ ᠳᠤ ᠣᠴᠢᠵᠤ ᠶᠠᠷᠢ ᠭᠡᠵᠦ ᠵᠠᠬᠢᠯ᠎ᠠ᠃》
31 ᠡᠢᠨ ᠬᠦ ᠴᠡᠷᠢᠭ ᠤᠳ ᠲᠤᠰᠢᠶᠠᠯ ᠶᠣᠰᠣᠭᠠᠷ ᠲᠡᠷᠡ ᠰᠥᠨᠢ ᠳᠡᠭᠡᠨ ᠫᠠᠦ᠋ᠯ ᠢ ᠠᠨᠲ᠋ᠢᠫᠠᠲ᠋ᠷᠢ ᠳᠤ ᠠᠪᠠᠴᠢᠵᠤ᠂ 32 ᠮᠠᠷᠭᠠᠰᠢ ᠨᠢ ᠬᠤᠸᠠᠷᠠᠨ ᠳᠠᠭᠠᠨ ᠪᠤᠴᠠᠵᠠᠭᠠᠪᠠ᠃ ᠮᠣᠷᠢᠲᠠᠳ ᠯᠠ ᠫᠠᠦ᠋ᠯ ᠲᠠᠢ ᠬᠠᠮᠲᠤ ᠴᠠᠰᠢ ᠶᠠᠪᠤᠬᠤ ᠪᠠᠷ ᠪᠣᠯᠵᠠᠢ᠃ 33 ᠺᠠᠶᠧᠰᠠᠷᠢᠶ᠎ᠠ ᠳᠤ ᠬᠦᠷᠦᠭᠡᠳ ᠵᠠᠬᠢᠳᠠᠯ ᠢ ᠵᠠᠬᠢᠷᠤᠭᠴᠢ ᠳᠤ ᠭᠠᠷᠳᠠᠭᠤᠯᠵᠤ᠂ ᠫᠠᠦ᠋ᠯ ᠢ ᠴᠤ ᠲᠡᠭᠦᠨ ᠦ ᠡᠮᠦᠨ᠎ᠡ ᠠᠪᠴᠢᠷᠠᠪᠠ᠃ 34 ᠵᠠᠬᠢᠷᠤᠭᠴᠢ ᠵᠠᠬᠢᠳᠠᠯ ᠢ ᠤᠩ᠋ᠰᠢᠭᠰᠠᠨ ᠢᠶᠠᠨ ᠫᠠᠦ᠋ᠯ ᠡᠴᠡ ᠠᠯᠢ ᠮᠤᠵᠢ ᠶᠢᠨ ᠬᠢ ᠪᠣᠯᠬᠤ ᠶᠢ ᠨᠢ ᠠᠰᠠᠭᠤᠵᠤ᠂ ᠺᠢᠯᠢᠺᠢᠶ᠎ᠠ ᠶᠢᠨ ᠬᠥᠮᠦᠨ ᠭᠡᠵᠦ ᠮᠡᠳᠡᠭᠡᠳ᠄ 35 《ᠵᠠᠭᠠᠯᠳᠤᠭᠴᠢᠳ ᠴᠢᠨᠢ ᠢᠷᠡᠬᠦ ᠪᠡᠷ ᠴᠢᠨᠦ ᠦᠭᠡ ᠶᠢ ᠰᠣᠨᠣᠰᠣᠶ᠎ᠠ》 ᠭᠡᠳ ᠫᠠᠦ᠋ᠯ ᠢ ᠾᠧᠷᠣᠳ᠋ ᠤᠨ ᠣᠷᠳᠣᠨ ᠳᠣᠲᠣᠷ᠎ᠠ ᠪᠠᠢᠯᠭᠠᠨ ᠰᠠᠬᠢᠬᠤ ᠶᠢ ᠲᠤᠰᠢᠶᠠᠵᠠᠢ᠃