1 2 3 4 5 6 7 8 9 10 11 12 13 14 15 16 17 18 19 20 21 22 23 24 25 26 27 28


ᠦᠢᠯᠡᠰ ᠠᠷᠪᠠ
 ᠫᠧᠲ᠋ᠧᠷ ᠬᠠᠷᠢ ᠦᠨᠳᠦᠰᠦᠲᠡᠨ ᠤᠷᠤᠭᠤ ᠣᠴᠢᠪᠠ

1 ᠺᠠᠶᠧᠰᠠᠷᠢᠶ᠎ᠠ ᠬᠣᠲᠠ ᠳᠤ ᠺᠣᠷᠨᠧᠯᠢ ᠭᠡᠳᠡᠭ ᠬᠥᠮᠦᠨ ᠪᠠᠢᠵᠠᠢ᠃ ᠲᠡᠷᠡ ᠢᠲ᠋ᠠᠯᠢ ᠬᠡᠮᠡᠬᠦ ᠴᠡᠷᠢᠭ ᠤᠨ ᠬᠣᠷᠢᠶ᠎ᠠ ᠶᠢᠨ ᠵᠠᠭᠤᠲᠤ ᠶᠢᠨ ᠳᠠᠷᠤᠭ᠎ᠠ ᠪᠥᠭᠡᠳ 2 ᠰᠦᠰᠦᠭ ᠲᠡᠢ ᠪᠣᠯᠬᠣᠷ ᠪᠦᠬᠦ ᠭᠡᠷ ᠪᠦᠯᠢ ᠶᠢᠨ ᠬᠢ ᠲᠠᠢ ᠪᠠᠨ ᠪᠤᠷᠬᠠᠨ ᠠᠴᠠ ᠡᠮᠢᠶᠡᠵᠦ᠂ ᠠᠷᠠᠳ ᠣᠯᠠᠨ ᠳᠤ ᠶᠡᠬᠡ ᠬᠡᠮᠵᠢᠶᠡᠨ ᠦ ᠥᠭᠯᠢᠭᠡ ᠥᠭᠴᠦ ᠪᠤᠷᠬᠠᠨ ᠳᠤ ᠪᠠᠢᠩᠭᠤ ᠳᠠᠭᠠᠳᠬᠠᠳᠠᠭ ᠬᠥᠮᠦᠨ ᠪᠠᠢᠪᠠ᠃ 3 ᠨᠢᠭᠡᠨ ᠡᠳᠦᠷ ᠦᠨ ᠦᠳᠡ ᠶᠢᠨ ᠬᠣᠢᠨᠠᠬᠢ ᠭᠤᠷᠪᠠᠨ ᠴᠠᠭ ᠤᠨ ᠣᠷᠴᠢᠮ ᠢᠶᠠᠷ ᠲᠡᠷᠡ ᠦᠵᠡᠭᠳᠡᠯ ᠳᠡᠭᠡᠨ ᠪᠤᠷᠬᠠᠨ ᠤ ᠡᠯᠴᠢ ᠶᠢᠨ ᠲᠡᠭᠦᠨ ᠤᠷᠤᠭᠤ ᠢᠷᠡᠬᠦ ᠶᠢ ᠲᠣᠳᠣᠷᠬᠠᠢ ᠦᠵᠡᠪᠡ᠃ ᠲᠡᠷᠡ ᠡᠯᠴᠢ᠄ 《ᠺᠣᠷᠨᠧᠯᠢ ᠡ︕》 ᠭᠡᠬᠦ ᠳᠦ᠂ 4 ᠺᠣᠷᠨᠧᠯᠢ ᠰᠢᠷᠲᠡᠭᠰᠡᠨ ᠢᠶᠡᠨ ᠠᠶᠤᠵᠤ᠄ 《ᠡᠵᠡᠨ ᠡ︕ ᠶᠠᠭᠤ ᠪᠣᠯᠪᠠ︖》 ᠭᠡᠰᠡᠨ ᠳᠦ᠂ ᠲᠩᠷᠢ ᠡᠯᠴᠢ᠄ 《ᠳᠠᠭᠠᠳᠬᠠᠯ ᠪᠠ ᠥᠭᠯᠢᠭᠡ ᠨᠦᠭᠦᠳ ᠴᠢᠨᠢ ᠳᠡᠭᠡᠭᠰᠢ ᠪᠤᠷᠬᠠᠨ ᠤ ᠡᠮᠦᠨ᠎ᠡ ᠬᠦᠷᠴᠦ᠂ ᠮᠠᠷᠲᠠᠭᠳᠠᠰᠢ ᠦᠭᠡᠢ ᠪᠣᠯᠵᠠᠢ᠃ 5 ᠣᠳᠣ ᠴᠢ ᠶᠣᠫᠠ ᠬᠣᠲᠠ ᠤᠷᠤᠭᠤ ᠬᠥᠮᠦᠨ ᠶᠠᠪᠤᠭᠤᠯᠵᠤ᠂ ᠫᠧᠲ᠋ᠧᠷ ᠭᠡᠭᠳᠡᠳᠡᠭ ᠰᠢᠮᠣᠨ ᠢ ᠵᠠᠯᠠᠵᠤ ᠠᠪᠴᠢᠷᠠ᠃ 6 ᠲᠡᠷᠡ ᠡᠯᠳᠡᠭᠦᠷᠴᠢᠨ ᠰᠢᠮᠣᠨ ᠤ ᠭᠡᠷ ᠲᠦ ᠪᠠᠭᠤᠭᠠᠳ ᠪᠠᠢᠨ᠎ᠠ᠃ ᠭᠡᠷ ᠨᠢ ᠳᠠᠯᠠᠢ ᠶᠢᠨ ᠬᠠᠪᠢ ᠪᠠᠷ ᠪᠠᠢᠳᠠᠭ》 ᠭᠡᠵᠦ ᠬᠡᠯᠡᠵᠦ ᠥᠭᠭᠥᠯ᠎ᠡ᠃ 7 ᠥᠪᠡᠷ ᠲᠤᠨᠢ ᠬᠡᠯᠡᠭᠰᠡᠨ ᠲᠩᠷᠢ ᠡᠯᠴᠢ ᠣᠳᠣᠭᠰᠠᠨ ᠤ ᠳᠠᠷᠠᠭ᠎ᠠ᠂ ᠺᠣᠷᠨᠧᠯᠢ ᠥᠪᠡᠷ ᠦᠨ ᠬᠢᠨᠢ ᠭᠡᠷ ᠲᠦ ᠦᠢᠯᠡᠴᠢᠯᠡᠳᠡᠭ᠌ ᠬᠣᠶᠠᠷ ᠬᠥᠮᠦᠨ ᠬᠢᠭᠡᠳ ᠰᠦᠰᠦᠭ ᠲᠡᠢ ᠨᠢᠭᠡᠨ ᠴᠡᠷᠢᠭ ᠢ ᠳᠠᠭᠤᠳᠠᠵᠤ᠂ 8 ᠪᠣᠯᠣᠭᠰᠠᠨ ᠪᠦᠬᠦᠨ ᠢ ᠶᠠᠷᠢᠵᠤ ᠥᠭᠭᠥᠭᠡᠳ ᠲᠡᠳᠡᠨ ᠢ ᠶᠣᠫᠠ ᠤᠷᠤᠭᠤ ᠶᠠᠪᠤᠭᠤᠯᠪᠠ᠃

9 ᠮᠠᠷᠭᠠᠰᠢ ᠨᠢ ᠲᠡᠳᠡ ᠭᠤᠷᠪᠠ ᠶᠠᠪᠤᠭᠰᠠᠭᠠᠷ᠂ ᠬᠣᠲᠠ ᠤᠷᠤᠭᠤ ᠣᠢᠷᠠᠲᠤᠵᠤ ᠪᠠᠢᠬᠤ ᠳᠤ ᠨᠢ ᠫᠧᠲ᠋ᠧᠷ ᠳᠠᠭᠠᠳᠬᠠᠬᠤ ᠪᠠᠷ ᠳᠡᠭᠡᠪᠦᠷ ᠳᠡᠭᠡᠷ᠎ᠡ ᠭᠠᠷᠴᠠᠢ᠃ ᠲᠡᠷᠡ ᠨᠢ ᠦᠳᠡ ᠶᠢᠨ ᠦᠶ᠎ᠡ ᠪᠠᠢᠯ᠎ᠠ᠃ 10 ᠲᠡᠷᠡ ᠥᠯᠥᠰᠴᠦ ᠶᠠᠭᠤᠮ᠎ᠠ ᠢᠳᠡᠮᠡᠷ ᠰᠠᠨᠠᠭᠳᠠᠪᠠ᠃ ᠬᠥᠮᠦᠰ ᠬᠣᠭᠣᠯᠠ ᠪᠠᠵᠠᠭᠠᠵᠤ ᠪᠠᠢᠬᠤ ᠵᠠᠭᠤᠷ᠎ᠠ᠂ ᠫᠧᠲ᠋ᠧᠷ ᠲᠤ ᠵᠥᠩ ᠢᠷᠡᠪᠡ᠃ 11 ᠲᠩᠷᠢ ᠨᠡᠭᠡᠭᠡᠭᠳᠡᠵᠦ᠂ ᠳᠥᠷᠪᠡᠨ ᠥᠨᠴᠥᠭ ᠨᠢ ᠤᠶᠠᠭᠳᠠᠭᠰᠠᠨ ᠲᠣᠮᠣ ᠴᠠᠭᠠᠨ ᠪᠥᠰ ᠮᠡᠲᠦ ᠶᠠᠭᠤᠮ᠎ᠠ ᠭᠠᠵᠠᠷ ᠲᠤ ᠪᠠᠭᠤᠬᠤ ᠶᠢ ᠲᠡᠷᠡ ᠬᠠᠷᠠᠵᠠᠢ᠃ 12 ᠳᠣᠲᠣᠷ᠎ᠠ ᠨᠢ ᠭᠠᠵᠠᠷ ᠳᠡᠭᠡᠷᠡᠬᠢ ᠲᠥᠷᠥᠯ ᠪᠦᠷᠢ ᠶᠢᠨ ᠳᠥᠷᠪᠡᠨ ᠬᠥᠯᠲᠡᠨ᠂ ᠮᠥᠯᠬᠥᠭᠴᠢᠳ ᠪᠠ ᠣᠭᠲᠠᠷᠭᠤᠢ ᠶᠢᠨ ᠰᠢᠪᠠᠭᠤᠳ ᠪᠠᠢᠯ᠎ᠠ᠃ 13 ᠲᠡᠭᠡᠭᠡᠳ 《ᠵᠠ᠂ ᠫᠧᠲ᠋ᠧᠷ ᠡ᠂ ᠠᠯᠠᠭᠠᠳ ᠢᠳᠡ》 ᠭᠡᠬᠦ ᠳᠠᠭᠤ ᠰᠣᠨᠣᠰᠳᠠᠪᠠ᠃ 14 ᠫᠧᠲ᠋ᠧᠷ᠄ 《ᠦᠭᠡᠢ ᠡ᠂ ᠡᠵᠡᠨ ᠮᠢᠨᠢ ᠡ︕ ᠪᠢ ᠠᠷᠢᠭᠤᠨ ᠪᠤᠰᠤ ᠪᠤᠵᠠᠷ ᠶᠠᠭᠤᠮ᠎ᠠ ᠶᠢ ᠢᠳᠡᠵᠦ ᠪᠠᠢᠭ᠎ᠠ ᠦᠭᠡᠢ》 ᠭᠡᠵᠦ ᠬᠡᠯᠡᠲᠡᠯ᠎ᠡ᠂ 15 ᠮᠥᠨ ᠲᠡᠷᠡ ᠬᠦ ᠳᠠᠭᠤ ᠬᠣᠶᠠᠳᠠᠬᠢ ᠤᠳᠠᠭ᠎ᠠ ᠪᠠᠨ ᠰᠣᠨᠣᠰᠳᠠᠵᠤ᠄ 《ᠪᠤᠷᠬᠠᠨ ᠤ ᠴᠡᠪᠡᠷ ᠪᠣᠯᠭᠠᠭᠰᠠᠨ ᠢ ᠴᠢ ᠠᠷᠢᠭᠤᠨ ᠪᠤᠰᠤ ᠭᠡᠵᠦ ᠪᠦᠦ ᠬᠡᠯᠡ》 ᠭᠡᠪᠡ᠃ 16 ᠡᠢᠮᠦᠷᠬᠦ ᠶᠠᠪᠤᠳᠠᠯ ᠭᠤᠷᠪᠠ ᠤᠳᠠᠭ᠎ᠠ ᠪᠣᠯᠣᠭᠰᠠᠨ ᠢᠶᠠᠨ ᠲᠡᠷᠡ ᠪᠥᠰ ᠳᠠᠷᠤᠢᠬᠠᠨ ᠲᠩᠷᠢ ᠳᠤ ᠠᠪᠠᠴᠢᠭᠳᠠᠪᠠ᠃

17 ᠡᠨᠡ ᠦᠵᠡᠭᠳᠡᠯ ᠶᠠᠭᠤ ᠪᠣᠯᠴᠢᠬᠠᠪᠠ ᠭᠡᠵᠦ ᠫᠧᠲ᠋ᠧᠷ ᠭᠠᠢᠬᠠᠵᠤ ᠪᠠᠢᠲᠠᠯ᠎ᠠ ᠺᠣᠷᠨᠧᠯᠢ ᠶᠢᠨ ᠶᠠᠪᠤᠭᠤᠯᠤᠭᠰᠠᠨ ᠬᠥᠮᠦᠰ ᠰᠢᠮᠣᠨ ᠤ ᠭᠡᠷ ᠢ ᠰᠤᠷᠠᠭᠯᠠᠭᠰᠠᠭᠠᠷ ᠡᠭᠦᠳᠡᠨ ᠳᠦᠨᠢ ᠢᠷᠡᠵᠦ᠄ 18 《ᠫᠧᠲ᠋ᠧᠷ ᠭᠡᠭᠳᠡᠳᠡᠭ ᠰᠢᠮᠣᠨ ᠡ᠊ᠨᠳᠡ ᠰᠠᠭᠤᠵᠤ ᠪᠠᠢᠨ᠎ᠠ ᠤᠤ︖》 ᠭᠡᠵᠦ ᠳᠠᠭᠤᠳᠠᠨ ᠠᠰᠠᠭᠤᠯ᠎ᠠ᠃ 19 ᠫᠧᠲ᠋ᠧᠷ ᠮᠥᠨ ᠯᠠ ᠲᠡᠷᠡ ᠦᠵᠡᠭᠳᠡᠯ ᠢ ᠪᠣᠳᠣᠵᠤ ᠪᠠᠢᠲᠠᠯ᠎ᠠ ᠠᠷᠢᠭᠤᠨ ᠰᠦᠨᠡᠰᠦ ᠲᠡᠭᠦᠨ ᠳᠦ᠄ 《ᠬᠠᠷᠠ᠂ ᠭᠤᠷᠪᠠᠨ ᠬᠥᠮᠦᠨ ᠴᠢᠮᠠᠶᠢ ᠬᠠᠢᠵᠤ ᠪᠠᠢᠨ᠎ᠠ︕ 20 ᠪᠣᠰ᠂ ᠳᠣᠷᠣᠭᠰᠢ ᠪᠠᠨ ᠪᠠᠭᠤᠭᠠᠳ ᠡᠷᠡᠭᠡᠯᠵᠡᠯ ᠦᠭᠡᠢ ᠪᠠᠷ ᠲᠡᠳᠡᠨ ᠲᠡᠢ ᠬᠠᠮᠲᠤ ᠶᠠᠪᠤ᠂ ᠪᠢ ᠲᠡᠳᠡᠨ ᠢ ᠢᠯᠡᠭᠡᠭᠰᠡᠨ ᠶᠤᠮ》 ᠭᠡᠵᠡᠢ᠃ 21 ᠲᠡᠭᠡᠭᠡᠳ ᠫᠧᠲ᠋ᠧᠷ ᠪᠠᠭᠤᠵᠤ ᠨᠥᠭᠥᠭᠡ ᠭᠤᠷᠪᠠ ᠳᠤ᠄ 《ᠵᠠ᠂ ᠲᠠ ᠨᠠᠷ ᠤᠨ ᠬᠠᠢᠭᠠᠳ ᠪᠠᠢᠭ᠎ᠠ ᠬᠥᠮᠦᠨ ᠴᠢᠨᠢ ᠪᠢ ᠪᠠᠢᠨ᠎ᠠ᠂ ᠲᠠ ᠨᠠᠷ ᠶᠠᠭᠤᠨ ᠳᠤ ᠢᠷᠡᠪᠡ︖》 ᠭᠡᠰᠡᠨ ᠳᠦ᠂ 22 ᠲᠡᠳᠡ᠄ 《ᠵᠠᠭᠤᠲᠤ ᠶᠢᠨ ᠳᠠᠷᠤᠭ᠎ᠠ ᠺᠣᠷᠨᠧᠯᠢ ᠪᠢᠳᠡᠨ ᠢ ᠶᠠᠪᠤᠭᠤᠯᠤᠯ᠎ᠠ᠃ ᠲᠡᠷᠡ ᠪᠣᠯ ᠵᠥᠪᠲᠦ ᠬᠥᠮᠦᠨ ᠪᠥᠭᠡᠳ ᠪᠤᠷᠬᠠᠨ ᠠᠴᠠ ᠡᠮᠢᠶᠡᠵᠦ᠂ ᠪᠦᠬᠦ ᠶᠦᠳᠠᠢᠴᠤᠳ ᠲᠤ ᠮᠠᠭᠲᠠᠭᠳᠠᠳᠠᠭ ᠬᠥᠮᠦᠨ ᠪᠢᠯᠡ᠃ ᠲᠠᠨ ᠢ ᠭᠡᠷ ᠲᠡᠭᠡᠨ ᠤᠷᠢᠵᠦ᠂ ᠦᠭᠡ ᠶᠢ ᠴᠢᠨᠢ ᠰᠣᠨᠣᠰ ᠭᠡᠵᠦ ᠲᠩᠷᠢ ᠶᠢᠨ ᠠᠷᠢᠭᠤᠨ ᠡᠯᠴᠢ ᠲᠡᠭᠦᠨ ᠳᠦ ᠬᠡᠯᠡᠭᠰᠡᠨ》 ᠭᠡᠵᠡᠭᠡᠪᠡ᠃ 23 ᠫᠧᠲ᠋ᠧᠷ ᠲᠡᠳᠡᠨ ᠢ ᠭᠡᠷ ᠲᠦ ᠣᠷᠣᠭᠤᠯᠤᠨ ᠬᠣᠨᠣᠭᠤᠯᠵᠠᠢ᠃
 ᠪᠤᠷᠬᠠᠨ ᠬᠠᠷᠢ ᠦᠨᠳᠦᠰᠦᠲᠡᠨ ᠢ ᠴᠤ ᠬᠦᠯᠢᠶᠡᠨ ᠠᠪᠤᠨ᠎ᠠ

24 ᠳᠠᠷᠠᠭ᠎ᠠ ᠡᠳᠦᠷ ᠨᠢ ᠺᠠᠶᠧᠰᠠᠷᠢᠶ᠎ᠠ ᠬᠣᠲᠠ ᠳᠤ ᠣᠷᠣᠪᠠ᠃ ᠺᠣᠷᠨᠧᠯᠢ ᠲᠥᠷᠥᠯ ᠰᠠᠳᠤᠨ ᠪᠠ ᠳᠣᠲᠣᠨᠣ ᠨᠠᠢᠵᠠ ᠨᠠᠷ ᠢᠶᠠᠨ ᠴᠤᠭᠯᠠᠭᠤᠯᠤᠭᠠᠳ ᠬᠦᠯᠢᠶᠡᠵᠦ ᠪᠠᠢᠪᠠ᠃ 25 ᠫᠧᠲ᠋ᠧᠷ ᠣᠷᠣᠩ᠋ᠭᠤᠲᠠ ᠺᠣᠷᠨᠧᠯᠢ ᠤᠭᠲᠤᠨ ᠠᠪᠴᠤ ᠥᠯᠮᠡᠢ ᠳᠦᠨᠢ ᠰᠥᠭᠥᠳᠴᠦ ᠮᠥᠷᠭᠥᠵᠡᠢ᠃ 26 ᠫᠧᠲ᠋ᠧᠷ ᠲᠡᠭᠦᠨ ᠢ ᠪᠣᠰᠬᠠᠨ᠄ 《ᠪᠣᠰᠣᠭᠠᠷᠠᠢ︕ ᠪᠢ ᠪᠠᠰᠠ ᠬᠥᠮᠦᠨ ᠰᠢᠦ》 ᠭᠡᠳ 27 ᠬᠠᠮᠲᠤ ᠪᠠᠷ ᠶᠠᠷᠢᠯᠴᠠᠭᠰᠠᠭᠠᠷ ᠭᠡᠷ ᠲᠤᠨᠢ ᠣᠷᠣᠪᠠ᠃ ᠫᠧᠲ᠋ᠧᠷ ᠣᠯᠠᠨ ᠬᠥᠮᠦᠨ ᠦ ᠴᠤᠭᠯᠠᠷᠠᠭᠰᠠᠨ ᠢ ᠦᠵᠡᠭᠡᠳ 28 ᠲᠡᠳᠡᠨ ᠳᠦ᠄ 《ᠶᠦᠳᠠᠢ ᠬᠥᠮᠦᠨ ᠬᠠᠷᠢᠴᠤᠳ ᠲᠠᠢ ᠨᠥᠬᠥᠷᠯᠡᠵᠦ ᠲᠡᠳᠡᠨ ᠦ ᠬᠢ ᠪᠠᠷ ᠣᠷᠣᠬᠤ ᠠᠴᠠ ᠵᠢᠭ᠍ᠰᠢᠳᠡᠭ ᠢ ᠲᠠ ᠨᠠᠷ ᠮᠡᠳᠡᠨ᠎ᠡ᠂ ᠬᠠᠷᠢᠨ ᠬᠡᠨ ᠢ ᠴᠤ ᠠᠷᠢᠭᠤᠨ ᠪᠤᠰᠤ᠂ ᠪᠤᠵᠠᠷ ᠭᠡᠵᠦ ᠬᠡᠯᠡᠵᠦ ᠦᠯᠦ ᠪᠣᠯᠬᠤ ᠶᠢ ᠪᠤᠷᠬᠠᠨ ᠨᠠᠳᠠ ᠳᠤ ᠦᠵᠡᠭᠦᠯᠦᠭᠰᠡᠨ᠃ 29 ᠲᠡᠢᠮᠦ ᠡᠴᠡ ᠪᠢ ᠳᠠᠭᠤᠳᠠᠭᠰᠠᠨ ᠳᠤ ᠴᠢᠨᠢ ᠡᠷᠡᠭᠡᠯᠵᠡᠯ ᠦᠭᠡᠢ ᠪᠠᠷ ᠳᠠᠭᠠᠵᠤ ᠢᠷᠡᠯ᠎ᠡ᠃ ᠣᠳᠣ ᠪᠢ ᠲᠠ ᠨᠠᠷ ᠠᠴᠠ ᠠᠰᠠᠭᠤᠶ᠎ᠠ᠂ ᠶᠠᠭᠤᠨ ᠳᠤ ᠨᠠᠮᠠᠶᠢ ᠤᠷᠢᠪᠠ︖》 ᠭᠡᠯ᠎ᠡ᠃

30 ᠺᠣᠷᠨᠧᠯᠢ᠄ 《ᠳᠥᠷᠪᠡᠨ ᠡᠳᠦᠷ ᠦᠨ ᠡᠮᠦᠨᠡᠬᠢ ᠶᠠᠭ ᠡᠨᠡ ᠴᠠᠭ᠂ ᠲᠤᠬᠠᠢᠯᠠᠪᠠᠯ ᠦᠳᠡ ᠶᠢᠨ ᠬᠣᠢᠨᠠᠬᠢ ᠭᠤᠷᠪᠠᠨ ᠴᠠᠭ ᠲᠤ ᠪᠢ ᠭᠡᠷ ᠲᠡᠭᠡᠨ ᠳᠠᠭᠠᠳᠬᠠᠵᠤ ᠪᠠᠢᠲᠠᠯ᠎ᠠ᠂ ᠭᠢᠯᠠᠯᠵᠠᠭᠰᠠᠨ ᠬᠤᠪᠴᠠᠰᠤ ᠲᠠᠢ ᠬᠥᠮᠦᠨ ᠭᠡᠨᠡᠳᠲᠡ ᠮᠢᠨᠦ ᠡᠮᠦᠨ᠎ᠡ ᠵᠣᠭᠰᠣᠭᠠᠳ᠂ 31 〈ᠺᠣᠷᠨᠧᠯᠢ ᠡ︕ ᠪᠤᠷᠬᠠᠨ ᠳᠠᠭᠠᠳᠬᠠᠯ ᠢ ᠴᠢᠨᠢ ᠰᠣᠨᠣᠰᠴᠤ᠂ ᠥᠭᠯᠢᠭᠡ ᠶᠢ ᠴᠢᠨᠢ ᠳᠤᠷᠠᠰᠤᠯ᠎ᠠ᠃ 32 ᠴᠢ ᠶᠣᠫᠠ ᠳᠤ ᠬᠥᠮᠦᠨ ᠶᠠᠪᠤᠭᠤᠯᠵᠤ᠂ ᠫᠧᠲ᠋ᠧᠷ ᠭᠡᠭᠳᠡᠳᠡᠭ ᠰᠢᠮᠣᠨ ᠢ ᠤᠷᠢᠭᠠᠷᠠᠢ᠃ ᠲᠡᠷᠡ ᠳᠠᠯᠠᠢ ᠶᠢᠨ ᠬᠠᠪᠢ ᠳᠤ ᠰᠠᠭᠤᠳᠠᠭ ᠡᠯᠳᠡᠭᠦᠷᠴᠢᠨ ᠰᠢᠮᠣᠨ ᠤ ᠭᠡᠷ ᠲᠦ ᠪᠠᠭᠤᠭᠰᠠᠨ〉 ᠭᠡᠰᠡᠨ ᠳᠦ᠂ 33 ᠪᠢ ᠳᠠᠷᠤᠢ ᠳᠤᠨᠢ ᠲᠠᠨ ᠤ ᠤᠷᠤᠭᠤ ᠬᠥᠮᠦᠨ ᠶᠠᠪᠤᠭᠤᠯᠤᠭᠰᠠᠨ ᠶᠤᠮ᠃ ᠢᠷᠡᠭᠰᠡᠨ ᠴᠢᠨᠢ ᠰᠠᠢᠨ ᠪᠣᠯᠣᠯ᠎ᠠ᠃ ᠡᠵᠡᠨ ᠦ ᠲᠠᠨ ᠳᠤ ᠲᠤᠰᠢᠶᠠᠭᠰᠠᠨ ᠪᠦᠬᠦᠨ ᠢ ᠪᠢᠳᠡ ᠰᠣᠨᠣᠰᠬᠤ ᠪᠠᠷ ᠣᠳᠣ ᠪᠤᠷᠬᠠᠨ ᠤ ᠡᠮᠦᠨ᠎ᠡ ᠴᠥᠮ ᠢᠶᠡᠷ ᠢᠶᠠᠨ ᠢᠷᠡᠭᠡᠳ ᠪᠠᠢᠨ᠎ᠠ》 ᠭᠡᠪᠡ᠃
 ᠬᠠᠷᠢ ᠦᠨᠳᠦᠰᠦᠲᠡᠨ ᠠᠷᠢᠭᠤᠨ ᠰᠦᠨᠡᠰᠦ ᠬᠦᠷᠲᠡᠭᠰᠡᠨ ᠨᠢ

34 ᠫᠧᠲ᠋ᠧᠷ ᠠᠮᠠ ᠨᠡᠭᠡᠭᠡᠵᠦ᠄ 《ᠪᠤᠷᠬᠠᠨ ᠪᠣᠯ ᠨᠢᠭᠤᠷᠴᠢᠯᠠᠳᠠᠭ ᠦᠭᠡᠢ᠂ 35 ᠬᠠᠷᠢᠨ ᠲᠡᠭᠦᠨ ᠡᠴᠡ ᠡᠮᠢᠶᠡᠵᠦ᠂ ᠵᠥᠪ ᠢ ᠦᠢᠯᠡᠳᠳᠡᠭ ᠬᠥᠮᠦᠨ ᠢ ᠠᠯᠢᠪᠠ ᠦᠨᠳᠦᠰᠦᠲᠡᠨ ᠡᠴᠡ ᠬᠦᠯᠢᠶᠡᠨ ᠠᠪᠳᠠᠭ ᠢ ᠪᠢ ᠦᠨᠡᠬᠡᠷ ᠣᠢᠯᠠᠭᠠᠯ᠎ᠠ᠃ 36 ᠲᠠ ᠨᠠᠷ ᠢᠰᠷᠧᠯ ᠤᠨ ᠦᠷ᠎ᠡ ᠤᠳᠤᠮ ᠳᠤ ᠪᠤᠷᠬᠠᠨ ᠤ ᠢᠯᠡᠭᠡᠭᠰᠡᠨ ᠦᠭᠡ ᠶᠢ ᠮᠡᠳᠡᠨ᠎ᠡ ᠪᠢᠵᠡ ᠳᠠ᠂ ᠪᠦᠬᠦᠨ ᠦ ᠡᠵᠡᠨ ᠢᠰᠦ᠋ᠰ ᠾᠷᠢᠰᠲ᠋ᠣᠰ ᠢᠶᠠᠷ ᠳᠠᠮᠵᠢᠭᠤᠯᠤᠨ ᠡᠩᠬᠡ ᠲᠠᠢᠪᠤᠩ ᠳᠤ ᠬᠦᠷᠬᠦ ᠪᠠᠶᠠᠷ ᠤᠨ ᠮᠡᠳᠡᠭᠡ ᠶᠢ ᠪᠤᠷᠬᠠᠨ ᠳᠡᠯᠭᠡᠷᠡᠭᠦᠯᠦᠭᠰᠡᠨ ᠶᠤᠮ᠃ 37 ᠪᠠᠰᠠ ᠶᠣᠬᠠᠨ ᠤᠬᠢᠶᠠᠯ ᠤᠨ ᠲᠤᠬᠠᠢ ᠲᠤᠩ᠋ᠬᠠᠭᠯᠠᠭᠰᠠᠨ ᠤ ᠳᠠᠷᠠᠭ᠎ᠠ᠂ ᠭᠠᠯᠢᠯᠠᠶ᠎ᠠ ᠠᠴᠠ ᠡᠬᠢᠯᠡᠨ ᠪᠦᠬᠦ ᠶᠦᠳᠠᠢ ᠨᠤᠲᠤᠭ ᠲᠤ ᠲᠠᠷᠬᠠᠭᠰᠠᠨ ᠰᠤᠷᠭᠠᠯ ᠪᠣᠯᠣᠨ 38 ᠪᠤᠷᠬᠠᠨ ᠤ ᠠᠷᠢᠭᠤᠨ ᠰᠦᠨᠡᠰᠦ ᠪᠠ ᠬᠦᠴᠦ ᠪᠡᠷ ᠲᠣᠰᠣᠯᠠᠭᠰᠠᠨ ᠨᠠᠽᠠᠷᠧᠲ ᠤᠨ ᠢᠰᠦ᠋ᠰ ᠢ ᠴᠤ ᠲᠠ ᠨᠠᠷ ᠮᠡᠳᠡᠨ᠎ᠡ᠂ ᠪᠤᠷᠬᠠᠨ ᠲᠡᠭᠦᠨ ᠲᠡᠢ ᠬᠠᠮᠲᠤ ᠪᠠᠢᠭᠰᠠᠨ ᠤ ᠤᠴᠢᠷ᠂ ᠲᠡᠷᠡ ᠶᠠᠪᠤᠵᠤ ᠰᠠᠢᠨ ᠢ ᠦᠢᠯᠡᠳᠦᠨ ᠰᠠᠲ᠋ᠠᠨ ᠳᠤ ᠳᠠᠷᠤᠯᠠᠭᠳᠠᠭᠰᠠᠨ ᠪᠦᠬᠦ ᠬᠥᠮᠦᠨ ᠢ ᠡᠳᠡᠭᠡᠷᠡᠭᠦᠯᠦᠭᠰᠡᠨ ᠶᠤᠮ᠃ 39 ᠪᠢᠳᠡ ᠪᠣᠯ ᠶᠦᠳᠠᠢᠴᠤᠳ ᠤᠨ ᠨᠤᠲᠤᠭ ᠪᠠ ᠶᠧᠷᠦ᠋ᠰᠠᠯᠧᠮ ᠳᠠᠬᠢ ᠢᠰᠦ᠋ᠰ ᠤᠨ ᠬᠢᠭᠰᠡᠨ ᠪᠦᠬᠦ ᠵᠦᠢᠯ ᠤᠨ ᠭᠡᠷᠡᠴᠢ ᠶᠤᠮ᠃ ᠲᠡᠳᠡ ᠲᠡᠭᠦᠨ ᠢ ᠮᠣᠳᠣᠨ ᠳᠡᠭᠡᠷ᠎ᠡ ᠡᠯᠭᠦᠵᠦ ᠠᠯᠠᠭᠰᠠᠨ ᠪᠣᠯᠪᠠᠴᠤ 40 ᠪᠤᠷᠬᠠᠨ ᠭᠤᠷᠪᠠᠳᠤᠭᠠᠷ ᠡᠳᠦᠷ ᠳᠡᠭᠡᠷ᠎ᠡ ᠨᠢ ᠲᠡᠭᠦᠨ ᠢ ᠠᠮᠢᠯᠠᠭᠤᠯᠤᠨ ᠢᠯᠡ ᠦᠵᠡᠭᠦᠯᠦᠭᠰᠡᠨ ᠶᠤᠮ᠃ 41 ᠲᠡᠷᠡ ᠡᠭᠦᠨ ᠢ ᠪᠦᠬᠦ ᠠᠷᠠᠳ ᠣᠯᠠᠨ ᠳᠤ ᠪᠢᠰᠢ᠂ ᠬᠠᠷᠢᠨ ᠪᠤᠷᠬᠠᠨ ᠤ ᠤᠷᠢᠳᠴᠢᠯᠠᠨ ᠰᠣᠩ᠋ᠭᠣᠭᠰᠠᠨ ᠭᠡᠷᠡᠴᠢᠯᠡᠭᠴᠢ᠂ ᠲᠤᠬᠠᠢᠯᠠᠪᠠᠯ ᠦᠬᠦᠭᠰᠡᠳ ᠦᠨ ᠳᠤᠮᠳᠠ ᠠᠴᠠ ᠠᠮᠢᠯᠠᠭᠰᠠᠨ ᠤ ᠬᠢᠨᠢ ᠳᠠᠷᠠᠭ᠎ᠠ ᠲᠡᠭᠦᠨ ᠲᠡᠢ ᠬᠠᠮᠲᠤ ᠢᠳᠡᠵᠦ ᠤᠤᠭᠤᠭᠰᠠᠨ ᠪᠢᠳᠡᠨ ᠳᠦ ᠦᠵᠡᠭᠦᠯᠦᠭᠰᠡᠨ ᠪᠢᠯᠡ᠃ 42 ᠪᠤᠷᠬᠠᠨ ᠨᠠᠮᠠᠶᠢ ᠠᠮᠢᠳᠤ ᠪᠠ ᠦᠬᠦᠭᠰᠡᠳ ᠦᠨ ᠰᠢᠭᠦᠭᠴᠢ ᠪᠣᠯᠭᠠᠭᠰᠠᠨ ᠢ ᠠᠷᠠᠳ ᠣᠯᠠᠨ ᠳᠤ ᠲᠤᠩ᠋ᠬᠠᠭᠯᠠᠨ ᠭᠡᠷᠡᠴᠢᠯᠡᠭᠡᠷᠡᠢ ᠭᠡᠵᠦ ᠢᠰᠦ᠋ᠰ ᠪᠢᠳᠡᠨ ᠳᠦ ᠲᠤᠰᠢᠶᠠᠭᠰᠠᠨ ᠪᠢᠯᠡ᠃ 43 ᠪᠦᠬᠦ ᠡᠰᠢ ᠦᠵᠡᠭᠦᠯᠦᠭᠴᠢ ᠲᠡᠭᠦᠨ ᠦ ᠲᠤᠬᠠᠢ ᠭᠡᠷᠡᠴᠢᠯᠡᠵᠦ᠄ 〈ᠲᠡᠭᠦᠨ ᠳᠦ ᠢᠲᠡᠭᠡᠭᠴᠢ ᠪᠦᠬᠦᠨ ᠲᠡᠭᠦᠨ ᠦ ᠨᠡᠷ᠎ᠡ ᠪᠡᠷ ᠭᠡᠮ ᠨᠢᠭᠦᠯ ᠨᠢ ᠠᠭᠤᠴᠢᠯᠠᠭᠳᠠᠨ᠎ᠠ〉 ᠭᠡᠵᠡᠢ》 ᠭᠡᠵᠦ ᠬᠡᠯᠡᠪᠡ᠃

44 ᠫᠧᠲ᠋ᠧᠷ ᠡᠢᠨ ᠬᠦ ᠬᠡᠯᠡᠵᠦ ᠪᠠᠢᠲᠠᠯ᠎ᠠ ᠦᠭᠡ ᠶᠢ ᠰᠣᠨᠣᠰᠣᠭᠴᠢ ᠪᠦᠬᠦᠨ ᠦ ᠳᠡᠭᠡᠷ᠎ᠡ ᠠᠷᠢᠭᠤᠨ ᠰᠦᠨᠡᠰᠦ ᠪᠠᠭᠤᠵᠠᠢ᠃ 45 ᠫᠧᠲ᠋ᠧᠷ ᠲᠠᠢ ᠬᠠᠮᠲᠤ ᠢᠷᠡᠭᠰᠡᠨ ᠬᠥᠪᠴᠢᠷᠬᠡᠢ ᠬᠥᠨᠳᠡᠭᠦᠯᠦᠭᠰᠡᠨ ᠢᠲᠡᠭᠡᠭᠴᠢᠳ ᠪᠦᠭᠦᠳᠡᠭᠡᠷ ᠢᠶᠡᠨ ᠭᠠᠢᠬᠠᠪᠠ᠃ ᠶᠠᠭᠠᠬᠢᠭᠠᠳ ᠭᠡᠪᠡᠯ᠂ ᠬᠠᠷᠢᠴᠤᠳ ᠴᠤ ᠠᠷᠢᠭᠤᠨ ᠰᠦᠨᠡᠰᠦᠨ ᠦ ᠪᠡᠯᠡᠭ ᠢ ᠬᠦᠷᠲᠡᠭᠡᠳ 46 ᠥᠭᠡᠷ᠎ᠡ ᠬᠡᠯᠡ ᠨᠦᠭᠦᠳ ᠢᠶᠡᠷ ᠶᠠᠷᠢᠵᠤ᠂ ᠪᠤᠷᠬᠠᠨ ᠢ ᠮᠠᠭᠲᠠᠵᠤ ᠪᠠᠢᠵᠠᠢ᠃ ᠲᠡᠭᠡᠬᠦ ᠳᠦ᠂ ᠫᠧᠲ᠋ᠧᠷ᠄ 47 《ᠡᠨᠡ ᠬᠥᠮᠦᠰ ᠤᠰᠤ ᠪᠠᠷ ᠤᠬᠢᠶᠠᠯ ᠬᠦᠷᠲᠡᠬᠦ ᠳᠦ ᠬᠡᠨ ᠰᠠᠭᠠᠳ ᠬᠢᠬᠦ ᠪᠢᠯᠡ︖ ᠲᠡᠳᠡ ᠪᠢᠳᠡᠨ ᠲᠡᠢ ᠠᠳᠠᠯᠢ ᠠᠷᠢᠭᠤᠨ ᠰᠦᠨᠡᠰᠦ ᠶᠢ ᠬᠦᠷᠲᠡᠭᠰᠡᠨ》 ᠭᠡᠵᠦ ᠬᠡᠯᠡᠭᠡᠳ 48 《ᠢᠰᠦ᠋ᠰ ᠾᠷᠢᠰᠲ᠋ᠣᠰ ᠤᠨ ᠨᠡᠷ᠎ᠡ ᠪᠡᠷ ᠤᠬᠢᠶᠠᠯ ᠬᠦᠷᠲᠡᠭᠲᠦᠨ》 ᠭᠡᠵᠦ ᠵᠠᠬᠢᠪᠠ᠃ ᠳᠠᠷᠠᠭ᠎ᠠ ᠨᠢ᠂ ᠲᠡᠳᠡ ᠫᠧᠲ᠋ᠧᠷ ᠢ ᠬᠡᠳᠦᠨ ᠬᠣᠨᠣᠭ ᠪᠠᠢᠭᠠᠴᠢ ᠭᠡᠵᠦ ᠭᠤᠶᠤᠯ᠎ᠠ᠃