ᠦᠢᠯᠡᠰ ᠠᠷᠪᠠᠨ ᠨᠢᠭᠡ
ᠫᠧᠲ᠋ᠧᠷ ᠬᠠᠷᠢ ᠦᠨᠳᠦᠰᠦᠲᠡᠨ ᠳᠦ ᠪᠠᠶᠠᠷ ᠤᠨ ᠮᠡᠳᠡᠭᠡ ᠤᠯᠠᠮᠵᠢᠯᠠᠭᠰᠠᠨ ᠤ ᠤᠴᠢᠷ
1 ᠬᠠᠷᠢᠴᠤᠳ ᠪᠠᠰᠠ ᠪᠤᠷᠬᠠᠨ ᠤ ᠦᠭᠡ ᠶᠢ ᠬᠦᠯᠢᠶᠡᠨ ᠠᠪᠤᠭᠰᠠᠨ ᠢ ᠶᠦᠳᠠᠢ ᠨᠤᠲᠤᠭ ᠳᠠᠶᠠᠭᠠᠷ ᠳᠠᠬᠢ ᠰᠢᠳᠠᠷ ᠱᠠᠪᠢ ᠨᠠᠷ ᠪᠣᠯᠣᠨ ᠠᠬ᠎ᠠ ᠳᠡᠭᠦᠦᠰ ᠰᠣᠨᠣᠰᠴᠠᠢ᠃ 2 ᠫᠧᠲ᠋ᠧᠷ ᠶᠧᠷᠦ᠋ᠰᠠᠯᠧᠮ ᠳᠤ ᠬᠦᠷᠬᠦ ᠳᠦ᠂ ᠬᠥᠪᠴᠢᠷᠬᠡᠢ ᠬᠥᠨᠳᠡᠭᠦᠯᠦᠭᠰᠡᠨ ᠬᠥᠮᠦᠰ ᠲᠡᠭᠦᠨ ᠲᠡᠢ ᠮᠠᠷᠭᠤᠯᠳᠤᠵᠤ᠄ 3 《ᠲᠠ ᠬᠥᠪᠴᠢᠷᠬᠡᠢ ᠬᠥᠨᠳᠡᠭᠦᠯᠦᠭᠰᠡᠨ ᠦᠭᠡᠢ ᠬᠥᠮᠦᠰ ᠦᠨ ᠬᠢ ᠪᠠᠷ ᠣᠴᠢᠵᠤ᠂ ᠬᠠᠮᠲᠤ ᠬᠣᠭᠣᠯᠠᠯᠠᠭᠰᠠᠨ ᠰᠢᠦ ᠳᠠ》 ᠭᠡᠪᠡ᠃ 4 ᠫᠧᠲ᠋ᠧᠷ ᠲᠡᠳᠡᠨ ᠳᠦ ᠡᠭᠦᠨ ᠦ ᠲᠤᠬᠠᠢ ᠨᠢᠭᠡᠳ ᠨᠢᠭᠡ ᠪᠡᠷ ᠲᠠᠢᠯᠪᠤᠷᠢᠯᠠᠵᠤ ᠡᠬᠢᠯᠡᠨ᠄ 5 《ᠪᠢ ᠶᠣᠫᠠ ᠬᠣᠲᠠ ᠳᠤ ᠳᠠᠭᠠᠳᠬᠠᠵᠤ ᠪᠠᠢᠬᠤ ᠳᠤ᠂ ᠵᠥᠩ ᠢᠶᠡᠷ ᠬᠠᠷᠠᠭᠳᠠᠭᠰᠠᠨ ᠦᠵᠡᠭᠳᠡᠯ ᠳᠦ᠂ ᠳᠥᠷᠪᠡᠨ ᠥᠨᠴᠥᠭ ᠨᠢ ᠤᠶᠠᠭᠳᠠᠭᠰᠠᠨ ᠲᠣᠮᠣ ᠴᠠᠭᠠᠨ ᠪᠥᠰ ᠮᠡᠲᠦ ᠶᠠᠭᠤᠮ᠎ᠠ ᠲᠩᠷᠢ ᠡᠴᠡ ᠨᠠᠳᠠ ᠤᠷᠤᠭᠤ ᠪᠠᠭᠤᠵᠤ ᠢᠷᠡᠭᠰᠡᠨ ᠶᠤᠮ᠃ 6 ᠪᠢ ᠰᠢᠷᠲᠡᠨ ᠠᠵᠢᠭᠯᠠᠬᠤ ᠳᠤ᠂ ᠭᠠᠵᠠᠷ ᠳᠡᠭᠡᠷᠡᠬᠢ ᠳᠥᠷᠪᠡᠨ ᠬᠥᠯᠲᠡᠳ᠂ ᠠᠷᠢᠶᠠᠲᠠᠨ᠂ ᠮᠥᠯᠬᠥᠭᠴᠢᠳ ᠬᠢᠭᠡᠳ ᠣᠭᠲᠠᠷᠭᠤᠢ ᠶᠢᠨ ᠰᠢᠪᠠᠭᠤᠳ ᠪᠠᠢᠯ᠎ᠠ᠃ 7 ᠲᠡᠭᠡᠲᠡᠯ᠎ᠡ᠄ 〈ᠪᠣᠰ᠂ ᠫᠧᠲ᠋ᠧᠷ ᠡ᠂ ᠠᠯᠠᠭᠠᠳ ᠢᠳᠡ〉 ᠭᠡᠬᠦ ᠳᠠᠭᠤ ᠰᠣᠨᠣᠰᠳᠠᠬᠤ ᠪᠠᠷ ᠨᠢ᠂ 8 ᠪᠢ᠄ 〈ᠦᠭᠡᠢ ᠡ᠂ ᠡᠵᠡᠨ ᠮᠢᠨᠢ᠂ ᠲᠡᠭᠡᠵᠦ ᠪᠣᠯᠬᠤ ᠦᠭᠡᠢ᠂ ᠠᠷᠢᠭᠤᠨ ᠪᠤᠰᠤ ᠪᠤᠵᠠᠷ ᠶᠠᠭᠤᠮ᠎ᠠ ᠠᠮᠠᠨ ᠳᠤ ᠮᠢᠨᠢ ᠣᠷᠣᠵᠤ ᠪᠠᠢᠭ᠎ᠠ ᠦᠭᠡᠢ〉 ᠭᠡᠰᠡᠨ ᠳᠦ᠂ 9 ᠥᠨᠥᠬᠢ ᠳᠠᠭᠤ ᠬᠣᠶᠠᠳᠠᠬᠢ ᠤᠳᠠᠭ᠎ᠠ ᠪᠠᠨ ᠲᠩᠷᠢ ᠡᠴᠡ ᠰᠣᠨᠣᠰᠳᠠᠵᠤ᠄ 〈ᠪᠤᠷᠬᠠᠨ ᠤ ᠠᠷᠢᠭᠤᠳᠬᠠᠭᠰᠠᠨ ᠢ ᠠᠷᠢᠭᠤᠨ ᠪᠤᠰᠤ ᠭᠡᠵᠦ ᠪᠦᠦ ᠬᠡᠯᠡ〉 ᠭᠡᠯᠡ᠃ 10 ᠡᠢᠮᠦᠷᠬᠦ ᠶᠠᠪᠤᠳᠠᠯ ᠭᠤᠷᠪᠠ ᠤᠳᠠᠭ᠎ᠠ ᠪᠣᠯᠵᠤ ᠴᠥᠮ ᠲᠩᠷᠢ ᠳᠤ ᠳᠠᠬᠢᠨ ᠠᠪᠠᠴᠢᠭᠳᠠᠭᠰᠠᠨ ᠶᠤᠮ᠃ 11 ᠶᠠᠭ ᠲᠡᠷᠡ ᠦᠶ᠎ᠡ ᠳᠦ᠂ ᠭᠤᠷᠪᠠᠨ ᠬᠥᠮᠦᠨ ᠪᠢᠳᠡᠨ ᠦ ᠪᠠᠢᠭᠰᠠᠨ ᠠᠢᠯ ᠳᠤ ᠬᠦᠷᠴᠦ ᠢᠷᠡᠯ᠎ᠡ᠃ ᠲᠡᠳᠡ ᠨᠠᠷ ᠢ ᠺᠠᠶᠧᠰᠠᠷᠢᠶ᠎ᠠ ᠠᠴᠠ ᠨᠠᠳᠠ ᠤᠷᠤᠭᠤ ᠢᠯᠡᠭᠡᠭᠰᠡᠨ ᠪᠠᠢᠪᠠ᠃ 12 ᠠᠷᠢᠭᠤᠨ ᠰᠦᠨᠡᠰᠦ ᠨᠠᠳᠠ ᠳᠤ᠄ 《ᠡᠷᠡᠭᠡᠯᠵᠡᠯ ᠦᠭᠡᠢ ᠪᠠᠷ ᠲᠡᠳᠡᠨ ᠲᠡᠢ ᠬᠠᠮᠲᠤ ᠶᠠᠪᠤ》 ᠭᠡᠵᠦ ᠬᠡᠯᠡᠭᠰᠡᠨ ᠪᠥᠭᠡᠳ ᠡᠳᠡᠭᠡᠷ ᠵᠢᠷᠭᠤᠭᠠᠨ ᠠᠬ᠎ᠠ ᠳᠡᠭᠦᠦ ᠴᠤ ᠨᠠᠳᠠ ᠲᠠᠢ ᠬᠠᠮᠲᠤ ᠶᠠᠪᠤᠵᠤ᠂ ᠨᠥᠭᠥᠭᠡ ᠬᠥᠮᠦᠨ ᠦ ᠳᠦ ᠣᠷᠣᠪᠠ᠃ 13 ᠲᠡᠷᠡ ᠬᠥᠮᠦᠨ ᠲᠩᠷᠢ ᠶᠢᠨ ᠡᠯᠴᠢ ᠶᠢ ᠦᠵᠡᠭᠰᠡᠨ ᠲᠤᠬᠠᠢ ᠪᠠᠨ ᠪᠢᠳᠡᠨ ᠳᠦ ᠬᠡᠯᠡᠵᠦ ᠥᠭᠪᠡ᠃ ᠲᠡᠷᠡ ᠡᠯᠴᠢ ᠭᠡᠷ ᠲᠤᠨᠢ ᠵᠣᠭᠰᠣᠵᠤ᠂ ᠲᠡᠭᠦᠨ ᠳᠦ᠄ 〈ᠶᠣᠫᠠ ᠤᠷᠤᠭᠤ ᠬᠥᠮᠦᠨ ᠶᠠᠪᠤᠭᠤᠯᠵᠤ᠂ ᠫᠧᠲ᠋ᠧᠷ ᠭᠡᠭᠳᠡᠳᠡᠭ ᠰᠢᠮᠣᠨ ᠢ ᠵᠠᠯᠠᠵᠤ ᠠᠪᠴᠢᠷᠠ᠃ 14 ᠲᠡᠷᠡ ᠴᠢᠮ᠎ᠠ ᠳᠤ ᠦᠭᠡ ᠬᠡᠯᠡᠬᠦ ᠪᠥᠭᠡᠳ ᠲᠡᠷᠡ ᠦᠭᠡ ᠪᠡᠷ ᠲᠠ ᠪᠣᠯᠣᠨ ᠲᠠᠨ ᠤ ᠪᠦᠬᠦ ᠭᠡᠷ ᠪᠦᠯᠢ ᠠᠪᠤᠷᠠᠭᠳᠠᠬᠤ ᠪᠣᠯᠣᠨ᠎ᠠ〉 ᠭᠡᠵᠦ ᠬᠡᠯᠡᠭᠰᠡᠨ᠃ 15 ᠪᠢ ᠶᠠᠷᠢᠵᠤ ᠡᠬᠢᠯᠡᠲᠡᠯ᠎ᠡ ᠠᠷᠢᠭᠤᠨ ᠰᠦᠨᠡᠰᠦ ᠠᠩᠬ᠎ᠠ ᠪᠢᠳᠡᠨ ᠦ ᠳᠡᠭᠡᠷ᠎ᠡ ᠪᠠᠭᠤᠭᠰᠠᠨ ᠲᠠᠢ ᠪᠠᠨ ᠠᠳᠠᠯᠢ ᠲᠡᠳᠡᠨ ᠦ ᠳᠡᠭᠡᠷ᠎ᠡ ᠪᠠᠭᠤᠪᠠ᠃ 16 ᠲᠡᠭᠡᠬᠦ ᠳᠦ᠂ 〈ᠶᠣᠬᠠᠨ ᠤᠰᠤ ᠪᠠᠷ ᠤᠬᠢᠶᠠᠯ ᠬᠦᠷᠲᠡᠭᠡᠭᠰᠡᠨ ᠪᠣᠯ᠂ ᠬᠠᠷᠢᠨ ᠲᠠ ᠨᠠᠷ ᠠᠷᠢᠭᠤᠨ ᠰᠦᠨᠡᠰᠦ ᠪᠡᠷ ᠤᠬᠢᠶᠠᠯ ᠬᠦᠷᠲᠡᠬᠦ ᠪᠣᠯᠣᠨ᠎ᠠ〉 ᠭᠡᠵᠦ ᠬᠡᠯᠡᠭᠰᠡᠨ ᠡᠵᠡᠨ ᠦ ᠦᠭᠡ ᠰᠠᠨᠠᠭᠳᠠᠯ᠎ᠠ᠃ 17 ᠲᠡᠢᠨ ᠬᠦ ᠡᠵᠡᠨ ᠢᠰᠦ᠋ᠰ ᠾᠷᠢᠰᠲ᠋ᠣᠰ ᠲᠤ ᠢᠲᠡᠭᠡᠭᠰᠡᠨ ᠪᠢᠳᠡᠨ ᠳᠦ ᠬᠠᠢᠷᠠᠯᠠᠭᠰᠠᠨ ᠲᠡᠷᠡ ᠬᠦ ᠰᠣᠶᠣᠷᠬᠠᠯ ᠢᠶᠠᠨ ᠪᠤᠷᠬᠠᠨ ᠲᠡᠳᠡᠨ ᠳᠦ ᠴᠤ ᠬᠠᠢᠷᠠᠯᠠᠭᠰᠠᠨ ᠠᠲᠠᠯ᠎ᠠ᠂ ᠪᠢ ᠬᠡᠨ ᠪᠣᠯᠴᠢᠬᠠᠭᠠᠳ ᠪᠤᠷᠬᠠᠨ ᠳᠤ ᠰᠠᠭᠠᠳ ᠬᠢᠵᠦ ᠴᠢᠳᠠᠬᠤ ᠪᠤᠢ︖》 ᠭᠡᠪᠡ᠃ 18 ᠲᠡᠳᠡ ᠨᠠᠷ ᠡᠨᠡ ᠦᠭᠡ ᠶᠢ ᠰᠣᠨᠣᠰᠣᠭᠠᠳ ᠳᠠᠭᠤ ᠦᠭᠡᠢ ᠪᠣᠯᠵᠤ ᠪᠤᠷᠬᠠᠨ ᠢ ᠠᠯᠳᠠᠷᠰᠢᠭᠤᠯᠤᠨ᠄ 《ᠲᠡᠭᠡᠪᠡᠯ ᠠᠮᠢ ᠳᠤ ᠬᠦᠷᠬᠦ ᠭᠡᠮᠰᠢᠯ ᠢ ᠪᠤᠷᠬᠠᠨ ᠬᠠᠷᠢᠴᠤᠳ ᠲᠤ ᠴᠤ ᠵᠥᠪᠰᠢᠶᠡᠷᠡᠭᠰᠡᠨ ᠶᠤᠮ ᠪᠠᠢᠨ᠎ᠠ》 ᠭᠡᠵᠡᠭᠡᠪᠡ᠃
ᠠᠨᠲ᠋ᠢᠶᠣᠬᠢᠶᠠ ᠴᠢᠭᠤᠯᠭᠠᠨ ᠤ ᠬᠥᠭᠵᠢᠯ
19 ᠰᠲ᠋ᠧᠹᠠᠨ ᠠᠯᠠᠭᠳᠠᠭᠰᠠᠨ ᠤ ᠳᠠᠷᠠᠭ᠎ᠠ ᠬᠠᠪᠴᠢᠯᠭ᠎ᠠ ᠡᠬᠢᠯᠡᠭᠰᠡᠨ ᠳᠦ᠂ ᠱᠠᠪᠢ ᠨᠠᠷ ᠪᠤᠲᠠᠷᠠᠭᠠᠳ ᠹᠣᠢᠨᠢᠺᠢᠶᠠ᠂ ᠰᠠᠢᠫᠷᠦ᠋ᠰ᠂ ᠠᠨᠲ᠋ᠢᠶᠣᠬᠢᠶᠠ ᠬᠦᠷᠲᠡᠯ᠎ᠡ ᠶᠠᠪᠤᠵᠤ᠂ ᠵᠥᠪᠬᠡᠨ ᠶᠦᠳᠠᠢᠴᠤᠳ ᠲᠤ ᠦᠭᠡ ᠳᠡᠯᠭᠡᠷᠡᠭᠦᠯᠳᠡᠭ᠌ ᠪᠠᠢᠯ᠎ᠠ᠃ 20 ᠬᠠᠷᠢᠨ ᠲᠡᠳᠡᠨ ᠦ ᠳᠤᠮᠳᠠ ᠰᠠᠢᠫᠷᠦ᠋ᠰ ᠪᠠ ᠺᠦᠷᠧᠨᠠᠢ ᠶᠢᠨ ᠵᠠᠷᠢᠮ ᠬᠥᠮᠦᠰ ᠪᠠᠢᠭᠰᠠᠨ ᠪᠥᠭᠡᠳ ᠲᠡᠳᠡ ᠠᠨᠲ᠋ᠢᠶᠣᠬᠢᠶᠠ ᠳᠤ ᠬᠦᠷᠦᠭᠡᠳ ᠡᠵᠡᠨ ᠢᠰᠦ᠋ᠰ ᠤᠨ ᠪᠠᠶᠠᠷ ᠤᠨ ᠮᠡᠳᠡᠭᠡ ᠶᠢ ᠤᠯᠠᠮᠵᠢᠯᠠᠬᠤ ᠳᠠᠭᠠᠨ ᠭᠷᠧᠭᠴᠦᠳ ᠲᠦ ᠴᠤ ᠶᠠᠷᠢᠵᠤ ᠡᠬᠢᠯᠡᠪᠡ᠃ 21 ᠡᠵᠡᠨ ᠦ ᠮᠤᠲᠤᠷ ᠲᠡᠳᠡᠨ ᠲᠡᠢ ᠬᠠᠮᠲᠤ ᠪᠠᠢᠭᠰᠠᠨ ᠲᠤᠯᠠ ᠣᠯᠠᠨ ᠬᠥᠮᠦᠨ ᠢᠲᠡᠭᠡᠵᠦ ᠡᠵᠡᠨ ᠤᠷᠤᠭᠤ ᠡᠷᠭᠢᠵᠡᠢ᠃ 22 ᠲᠡᠳᠡᠨ ᠦ ᠲᠤᠬᠠᠢ ᠴᠢᠮᠡᠭᠡ ᠶᠧᠷᠦ᠋ᠰᠠᠯᠧᠮ ᠳᠠᠬᠢ ᠴᠢᠭᠤᠯᠭᠠᠨ ᠤ ᠬᠢᠨ ᠤ ᠴᠢᠬᠢᠨ ᠳᠤ ᠬᠦᠷᠦᠭᠰᠡᠨ ᠳᠦ᠂ ᠲᠡᠳᠡ ᠪᠠᠷᠨᠠᠪᠠ ᠶᠢ ᠠᠨᠲ᠋ᠢᠶᠣᠬᠢᠶᠠ ᠤᠷᠤᠭᠤ ᠢᠯᠡᠭᠡᠪᠡ᠃ 23 ᠲᠡᠷᠡ ᠠᠨᠲ᠋ᠢᠶᠣᠬᠢᠶᠠ ᠳᠤ ᠪᠠᠢᠬᠤ ᠳᠠᠭᠠᠨ᠂ ᠪᠤᠷᠬᠠᠨ ᠤ ᠢᠪᠡᠭᠡᠯ ᠢ ᠦᠵᠡᠭᠡᠳ ᠪᠠᠶᠠᠷᠯᠠᠨ ᠲᠡᠨᠳᠡᠬᠢ ᠪᠦᠬᠦ ᠬᠥᠮᠦᠨ ᠢ ᠪᠠᠲᠤ ᠰᠡᠳᠬᠢᠯ ᠢᠶᠠᠷ ᠡᠵᠡᠨ ᠢ ᠳᠠᠭᠠᠭᠲᠤᠨ ᠭᠡᠵᠦ ᠵᠣᠷᠢᠭᠵᠢᠭᠤᠯᠪᠠ᠃ 24 ᠪᠠᠷᠨᠠᠪᠠ ᠪᠣᠯ ᠠᠷᠢᠭᠤᠨ ᠰᠦᠨᠡᠰᠦ ᠪᠠ ᠢᠲᠡᠭᠡᠯ ᠢᠶᠡᠷ ᠳᠦᠭᠦᠷᠡᠩ᠂ ᠰᠠᠢᠨ ᠬᠥᠮᠦᠨ ᠪᠠᠢᠯ᠎ᠠ᠃ ᠮᠠᠰᠢ ᠣᠯᠠᠨ ᠬᠥᠮᠦᠨ ᠡᠵᠡᠨ ᠤᠷᠤᠭᠤ ᠢᠷᠡᠵᠡᠢ᠃ 25 ᠪᠠᠷᠨᠠᠪᠠ ᠰᠠᠦ᠋ᠯ ᠢ ᠡᠷᠢᠬᠦ ᠪᠡᠷ ᠲᠠᠷᠰᠦ᠋ ᠬᠣᠲᠠ ᠳᠤ ᠣᠴᠢᠪᠠ᠃ 26 ᠪᠠᠷᠨᠠᠪᠠ ᠲᠡᠭᠦᠨ ᠢ ᠣᠯᠣᠭᠠᠳ ᠠᠨᠲ᠋ᠢᠶᠣᠬᠢᠶᠠ ᠳᠤ ᠠᠪᠠᠴᠢᠪᠠ᠃ ᠡᠢᠨ ᠬᠦ ᠪᠦᠲᠦᠨ ᠵᠢᠯ ᠤᠨ ᠲᠤᠷᠰᠢ ᠲᠡᠷᠡ ᠬᠣᠶᠠᠭᠤᠯᠠ ᠲᠡᠨᠳᠡᠬᠢ ᠶᠢᠨ ᠴᠢᠭᠤᠯᠭᠠᠨ ᠲᠠᠢ ᠬᠠᠮᠲᠤ ᠪᠠᠢᠵᠤ᠂ ᠮᠠᠰᠢ ᠣᠯᠠᠨ ᠬᠥᠮᠦᠨ ᠢ ᠰᠤᠷᠭᠠᠵᠠᠢ᠃ ᠱᠠᠪᠢ ᠨᠠᠷ ᠠᠨᠲ᠋ᠢᠶᠣᠬᠢᠶᠠ ᠳᠤ ᠠᠩᠬ᠎ᠠ ᠤᠳᠠᠭ᠎ᠠ ᠾᠷᠢᠰᠲ᠋ᠣᠰᠲᠠᠨ ᠬᠡᠮᠡᠨ ᠨᠡᠷᠡᠯᠡᠭᠳᠡᠭᠰᠡᠨ ᠶᠤᠮ᠃
27 ᠲᠡᠷᠡ ᠦᠶ᠎ᠡ ᠳᠦ᠂ ᠡᠰᠢ ᠦᠵᠡᠭᠦᠯᠦᠭᠴᠢᠳ ᠶᠧᠷᠦ᠋ᠰᠠᠯᠧᠮ ᠡᠴᠡ ᠠᠨᠲ᠋ᠢᠶᠣᠬᠢᠶᠠ ᠳᠤ ᠬᠦᠷᠴᠦ ᠢᠷᠡᠪᠡ᠃ 28 ᠲᠡᠳᠡᠨ ᠦ ᠳᠤᠮᠳᠠ ᠠᠴᠠ ᠠᠭᠠᠪ ᠭᠡᠳᠡᠭ ᠬᠥᠮᠦᠨ ᠪᠣᠰᠴᠤ᠂ ᠠᠷᠢᠭᠤᠨ ᠰᠦᠨᠡᠰᠦ ᠪᠡᠷ ᠳᠠᠮᠵᠢᠭᠤᠯᠤᠨ᠄ 《ᠤᠯᠤᠰ ᠳᠠᠶᠠᠭᠠᠷ ᠲᠤ ᠶᠡᠬᠡ ᠭᠠᠩ ᠭᠠᠴᠢᠭ ᠪᠣᠯᠣᠨ᠎ᠠ》 ᠭᠡᠵᠦ ᠵᠠᠷᠯᠠᠪᠠ᠃ ᠭᠠᠩ ᠭᠠᠴᠢᠭ ᠨᠢ ᠺᠯᠠᠦ᠋ᠳᠢ ᠶᠢᠨ ᠨᠣᠶᠠᠷᠬᠠᠯ ᠤᠨ ᠦᠶ᠎ᠡ ᠳᠦ ᠪᠣᠯᠵᠠᠢ᠃ 29 ᠲᠡᠭᠡᠭᠡᠳ ᠬᠥᠮᠦᠨ ᠪᠣᠯᠭᠠᠨ ᠬᠢᠷᠢ ᠴᠢᠳᠠᠯ ᠢᠶᠠᠷ ᠢᠶᠠᠨ ᠶᠦᠳᠠᠢ ᠨᠤᠲᠤᠭ ᠲᠤ ᠰᠠᠭᠤᠭ᠎ᠠ ᠠᠬ᠎ᠠ ᠳᠡᠭᠦᠦ ᠨᠠᠷ ᠲᠡᠭᠡᠨ ᠲᠤᠰᠠᠯᠠᠮᠵᠢ ᠶᠠᠪᠤᠭᠤᠯᠤᠶ᠎ᠠ ᠭᠡᠵᠦ ᠱᠠᠪᠢ ᠨᠠᠷ ᠰᠢᠢᠳᠦᠭᠡᠳ 30 ᠪᠠᠷᠨᠠᠪᠠ ᠰᠠᠦ᠋ᠯ ᠬᠣᠶᠠᠷ ᠢᠶᠠᠷ ᠶᠧᠷᠦ᠋ᠰᠠᠯᠧᠮ ᠳᠠᠬᠢ ᠴᠢᠭᠤᠯᠭᠠᠨ ᠤ ᠠᠬᠠᠯᠠᠭᠴᠢᠳ ᠲᠤ ᠬᠦᠷᠭᠡᠭᠦᠯᠦᠭᠡᠳ ᠰᠢᠢᠳᠦᠭᠰᠡᠨ ᠢᠶᠡᠨ ᠪᠡᠶᠡᠯᠡᠭᠦᠯᠪᠡ᠃