1 2 3 4 5 6 7 8 9 10 11 12 13 14 15 16 17 18 19 20 21 22 23 24 25 26 27 28


ᠦᠢᠯᠡᠰ ᠬᠣᠷᠢᠨ ᠨᠠᠢ᠌ᠮᠠ
 ᠠᠷᠠᠯ ᠳᠡᠭᠡᠷ᠎ᠡ ᠠᠪᠤᠷᠠᠭᠳᠠᠭᠰᠠᠨ ᠨᠢ

1 ᠪᠢᠳᠡ ᠠᠪᠤᠷᠠᠭᠳᠠᠭᠰᠠᠨ ᠤ ᠪᠠᠨ ᠳᠠᠷᠠᠭ᠎ᠠ ᠯᠠ ᠮᠠᠯᠲ᠋ᠠ ᠭᠡᠳᠡᠭ ᠠᠷᠠᠯ ᠳᠤ ᠬᠦᠷᠦᠭᠰᠡᠨ ᠢᠶᠡᠨ ᠮᠡᠳᠡᠵᠡᠢ᠃ 2 ᠠᠷᠠᠯ ᠤᠨ ᠬᠢᠨ ᠪᠢᠳᠡᠨ ᠳᠦ ᠲᠤᠢᠯ ᠤᠨ ᠡᠶᠡᠯᠳᠡᠭ ᠬᠠᠨᠳᠤᠯ᠎ᠠ᠃ ᠲᠡᠷᠡ ᠦᠶ᠎ᠡ ᠳᠦ ᠪᠣᠷᠣᠭᠠᠨ ᠣᠷᠣᠵᠤ ᠬᠦᠢᠲᠡᠷᠡᠭᠰᠡᠨ ᠪᠣᠯᠬᠣᠷ ᠲᠡᠳᠡ ᠭᠠᠯ ᠥᠷᠳᠡᠨ ᠪᠢᠳᠡ ᠪᠦᠬᠦᠨ ᠢ ᠵᠣᠴᠢᠯᠠᠪᠠ᠃ 3 ᠫᠠᠦ᠋ᠯ ᠨᠢᠭᠡ ᠲᠡᠪᠡᠷᠢ ᠲᠦᠯᠡᠭᠡ ᠴᠤᠭᠯᠠᠭᠤᠯᠵᠤ ᠭᠠᠯ ᠳᠡᠭᠡᠷ᠎ᠡ ᠲᠠᠯᠪᠢᠲᠠᠯ᠎ᠠ᠂ ᠬᠠᠯᠠᠭᠤᠨ ᠠᠴᠠ ᠪᠣᠯᠵᠤ ᠬᠣᠣᠷᠲᠤ ᠮᠣᠭᠠᠢ ᠭᠠᠷᠴᠤ ᠢᠷᠡᠨ ᠲᠡᠭᠦᠨ ᠦ ᠭᠠᠷ ᠲᠤ ᠨᠠᠭᠠᠯᠳᠤᠪᠠ᠃ 4 ᠠᠷᠠᠯ ᠤᠨ ᠬᠢᠨ ᠲᠡᠭᠦᠨ ᠦ ᠭᠠᠷ ᠠᠴᠠ ᠮᠣᠭᠠᠢ ᠤᠨᠵᠢᠢᠵᠤ ᠪᠠᠢᠬᠤ ᠶᠢ ᠬᠠᠷᠠᠭᠠᠳ ᠬᠣᠭᠣᠷᠣᠨᠳᠣ ᠪᠠᠨ᠄ 《ᠡᠨᠡ ᠬᠥᠮᠦᠨ ᠯᠠᠪ ᠶᠠᠷᠭᠠᠴᠢᠨ ᠮᠥᠨ᠃ ᠲᠡᠷᠡ ᠳᠠᠯᠠᠢ ᠶᠢᠨ ᠠᠶᠤᠯ ᠠᠴᠠ ᠮᠤᠯᠲᠤᠷᠠᠭᠰᠠᠨ ᠪᠣᠯᠪᠠᠴᠤ ᠰᠢᠳᠤᠷᠭᠤ ᠶᠣᠰᠣᠨ ᠤ ᠳᠠᠭᠢᠨᠢ ᠲᠡᠭᠦᠨ ᠦ ᠠᠮᠢᠳᠤ ᠶᠠᠪᠤᠬᠤ ᠶᠢ ᠵᠥᠪᠰᠢᠶᠡᠷᠡᠭᠰᠡᠨ ᠦᠭᠡᠢ ᠶᠤᠮ ᠪᠠᠢᠨ᠎ᠠ》 ᠭᠡᠵᠡᠭᠡᠪᠡ᠃ 5 ᠬᠠᠷᠢᠨ ᠫᠠᠦ᠋ᠯ ᠲᠡᠷᠡ ᠮᠣᠭᠠᠢ ᠶᠢ ᠭᠠᠯ ᠳᠤ ᠬᠠᠶᠠᠭᠰᠠᠨ ᠪᠥᠭᠡᠳ ᠥᠪᠡᠷ ᠲᠤᠨᠢ ᠥᠴᠦᠬᠡᠨ ᠴᠤ ᠬᠣᠣᠷ ᠪᠣᠯᠣᠭ᠎ᠠ ᠦᠭᠡᠢ᠃ 6 ᠲᠡᠳᠡ ᠲᠡᠭᠦᠨ ᠦ ᠰᠢᠭᠤᠳ ᠬᠠᠪᠤᠩᠨᠠᠬᠤ ᠪᠤᠶᠤ ᠭᠡᠨᠡᠳᠲᠡ ᠤᠨᠠᠵᠤ ᠦᠬᠦᠬᠦ ᠶᠢ ᠤᠳᠠᠲᠠᠯ᠎ᠠ ᠬᠦᠯᠢᠶᠡᠭᠰᠡᠨ ᠪᠣᠯᠪᠠᠴᠤ ᠶᠠᠮᠠᠷ ᠴᠤ ᠬᠠᠴᠢᠨ ᠰᠢᠨᠵᠢ ᠢᠯᠡᠷᠡᠭᠡ ᠦᠭᠡᠢ ᠶᠢ ᠦᠵᠡᠭᠡᠳ ᠪᠣᠳᠣᠯ ᠢᠶᠠᠨ ᠥᠭᠡᠷᠡᠴᠢᠯᠡᠵᠦ᠂ ᠲᠡᠭᠦᠨ ᠢ ᠪᠤᠷᠬᠠᠨ ᠶᠤᠮ ᠪᠠᠢᠨ᠎ᠠ ᠭᠡᠵᠡᠭᠡᠪᠡ᠃

7 ᠲᠡᠷᠡ ᠬᠠᠪᠢ ᠳᠤ ᠠᠷᠠᠯ ᠤᠨ ᠲᠣᠯᠣᠭᠠᠢᠯᠠᠭᠴᠢ ᠫᠣᠫᠯᠢᠣ᠋ ᠶᠢᠨ ᠡᠳ᠋ᠯᠡᠩ ᠭᠠᠵᠠᠷ ᠪᠠᠢᠵᠠᠢ᠃ ᠲᠡᠷᠡ ᠪᠢᠳᠡᠨ ᠢ ᠬᠦᠯᠢᠶᠡᠨ ᠠᠪᠴᠤ ᠭᠤᠷᠪᠠᠨ ᠬᠣᠨᠣᠭ ᠨᠠᠢᠷᠰᠠᠭ ᠵᠣᠴᠢᠯᠠᠭᠰᠠᠨ ᠪᠢᠯᠡ᠃ 8 ᠲᠡᠷᠡ ᠦᠶ᠎ᠡ ᠳᠦ᠂ ᠫᠣᠫᠯᠢᠣ᠋ ᠶᠢᠨ ᠠᠪᠤ ᠬᠠᠯᠠᠭᠤᠨ ᠡᠪᠡᠳᠴᠢᠨ ᠪᠠ ᠶᠣᠯᠬᠣᠳᠠᠰᠤ ᠣᠯᠣᠭᠠᠳ ᠬᠡᠪᠲᠡᠵᠦ ᠪᠠᠢᠪᠠ᠃ ᠫᠠᠦ᠋ᠯ ᠣᠷᠣᠵᠤ ᠣᠴᠢᠭᠠᠳ ᠳᠠᠭᠠᠳᠬᠠᠨ ᠭᠠᠷ ᠢᠶᠠᠨ ᠲᠡᠭᠦᠨ ᠦ ᠳᠡᠭᠡᠷ᠎ᠡ ᠲᠠᠯᠪᠢᠭᠠᠳ ᠡᠳᠡᠭᠡᠭᠡᠵᠡᠢ᠃ 9 ᠡᠭᠦᠨ ᠡᠴᠡ ᠪᠣᠯᠣᠭᠠᠳ ᠲᠡᠷᠡ ᠠᠷᠠᠯ ᠤᠨ ᠪᠤᠰᠤᠳ ᠡᠪᠡᠳᠴᠢᠲᠡᠳ ᠴᠤ ᠢᠷᠡᠵᠦ ᠢᠯᠠᠷᠢᠰᠢᠵᠠᠢ᠃ 10 ᠲᠡᠳᠡ ᠶᠠᠩᠵᠤ ᠶᠠᠩᠵᠤ ᠪᠠᠷ ᠪᠢᠳᠡᠨ ᠢ ᠬᠦᠨᠳᠦᠳᠬᠡᠭᠰᠡᠨ ᠪᠥᠭᠡᠳ ᠪᠢᠳᠡ ᠮᠣᠷᠳᠠᠬᠤ ᠳᠤ᠂ ᠣᠩ᠋ᠭᠣᠴᠠᠨ ᠳᠤ ᠬᠡᠷᠡᠭ ᠲᠡᠢ ᠵᠦᠢᠯ ᠢ ᠮᠢᠨᠢ ᠠᠴᠢᠵᠤ ᠥᠭᠪᠡ᠃
 ᠫᠠᠦ᠋ᠯ ᠷᠣᠮᠠ ᠳᠤ ᠬᠦᠷᠦᠭᠰᠡᠨ ᠨᠢ

11 ᠭᠤᠷᠪᠠᠨ ᠰᠠᠷ᠎ᠠ ᠶᠢᠨ ᠳᠠᠷᠠᠭ᠎ᠠ᠂ ᠪᠢᠳᠡ ᠠᠯᠧᠺᠰᠠᠨᠳ᠋ᠧᠷᠢᠶ᠎ᠠ ᠶᠢᠨ ᠣᠩ᠋ᠭᠣᠴᠠ ᠪᠠᠷ ᠴᠢᠨᠠᠭᠰᠢ ᠶᠠᠪᠤᠯ᠎ᠠ᠃ 《ᠽᠦᠰ ᠦᠨ ᠢᠬᠡᠷ᠎ᠡ ᠬᠥᠪᠡᠭᠦᠨ》 ᠲᠡᠮᠳᠡᠭᠲᠦ ᠡᠨᠡ ᠣᠩ᠋ᠭᠣᠴᠠ ᠲᠡᠷᠡ ᠠᠷᠠᠯ ᠳᠡᠭᠡᠷ᠎ᠡ ᠡᠪᠦᠯᠵᠢᠭᠰᠡᠨ ᠪᠠᠢᠵᠠᠢ᠃ 12 ᠪᠢᠳᠡ ᠰᠦᠷᠠᠺᠦ᠋ᠰᠠ ᠳᠤ ᠬᠦᠷᠴᠦ ᠭᠤᠷᠪᠠ ᠬᠣᠨᠣᠭᠠᠳ 13 ᠲᠡᠨᠳᠡ ᠡᠴᠡ ᠭᠠᠷᠴᠤ ᠷᠧᠭᠢᠶᠣᠨ ᠳᠤ ᠬᠦᠷᠪᠡ᠃ ᠨᠢᠭᠡ ᠬᠣᠨᠣᠬᠤ ᠳᠤ ᠡᠮᠦᠨ᠎ᠡ ᠡᠴᠡ ᠰᠠᠯᠬᠢᠯᠠᠵᠤ᠂ ᠪᠢᠳᠡ ᠳᠠᠷᠠᠭ᠎ᠠ ᠡᠳᠦᠷ ᠨᠢ ᠫᠣᠲ᠋ᠢᠶᠣᠯᠢ ᠳᠤ ᠣᠴᠢᠯ᠎ᠠ᠃ 14 ᠲᠡᠨᠳᠡ ᠪᠢᠳᠡ ᠠᠬ᠎ᠠ ᠳᠡᠭᠦᠦ ᠨᠠᠷ ᠲᠠᠢ ᠤᠴᠠᠷᠠᠵᠤ᠂ ᠲᠡᠳᠡᠨ ᠦ ᠬᠦᠰᠡᠭᠰᠡᠨ ᠢᠶᠡᠷ ᠳᠣᠯᠣᠭᠠᠨ ᠬᠣᠨᠣᠭ ᠰᠠᠭᠤᠭᠠᠳ ᠷᠣᠮᠠ ᠳᠤ ᠬᠦᠷᠪᠡ᠃ 15 ᠲᠡᠨᠳᠡᠬᠢ ᠶᠢᠨ ᠠᠬ᠎ᠠ ᠳᠡᠭᠦᠦ ᠨᠠᠷ ᠪᠢᠳᠡᠨ ᠦ ᠲᠤᠬᠠᠢ ᠰᠣᠨᠣᠰᠣᠭᠠᠳ ᠠᠫᠢ ᠲᠠᠯᠠᠪᠠᠢ ᠪᠣᠯᠣᠨ 《ᠭᠤᠷᠪᠠᠨ ᠪᠠᠭᠤᠳᠠᠯ》 ᠳᠤ ᠪᠢᠳᠡᠨ ᠢ ᠤᠭᠲᠤᠬᠤ ᠪᠠᠷ ᠢᠷᠡᠪᠡ᠃ ᠫᠠᠦ᠋ᠯ ᠲᠡᠳᠡᠨ ᠢ ᠬᠠᠷᠠᠭᠠᠳ ᠪᠤᠷᠬᠠᠨ ᠳᠤ ᠲᠠᠯᠠᠷᠬᠠᠨ ᠵᠣᠷᠢᠭ ᠣᠷᠣᠪᠠ᠃

16 ᠪᠢᠳᠡ ᠷᠣᠮᠠ ᠳᠤ ᠬᠦᠷᠬᠦ ᠳᠦ᠂ ᠫᠠᠦ᠋ᠯ ᠰᠠᠬᠢᠭᠤᠯ ᠴᠡᠷᠢᠭ ᠲᠠᠢ ᠪᠠᠨ ᠬᠠᠮᠲᠤ ᠲᠤᠰᠠᠭᠠᠷ ᠰᠠᠭᠤᠬᠤ ᠵᠥᠪᠰᠢᠶᠡᠷᠡᠯ ᠢ ᠣᠯᠵᠠᠢ᠃

17 ᠭᠤᠷᠪᠠᠨ ᠬᠣᠨᠣᠭ ᠤᠨ ᠳᠠᠷᠠᠭ᠎ᠠ᠂ ᠫᠠᠦ᠋ᠯ ᠶᠦᠳᠠᠢᠴᠤᠳ ᠤᠨ ᠠᠬᠠᠯᠠᠭᠴᠢᠳ ᠢ ᠳᠠᠭᠤᠳᠠᠨ ᠴᠤᠭᠯᠠᠭᠤᠯᠪᠠ᠃ ᠫᠠᠦ᠋ᠯ ᠲᠡᠳᠡᠨ ᠳᠦ᠄ 《ᠠᠬ᠎ᠠ ᠳᠡᠭᠦᠦ ᠨᠠᠷ ᠡ︕ ᠪᠢ ᠠᠷᠠᠳ ᠲᠦᠮᠡᠨ ᠦ ᠪᠠᠨ ᠡᠰᠡᠷᠭᠦ ᠪᠤᠶᠤ ᠳᠡᠭᠡᠳᠦᠰ ᠦᠨ ᠢᠶᠠᠨ ᠶᠣᠰᠣ ᠵᠠᠩᠰᠢᠯ ᠤᠨ ᠡᠰᠡᠷᠭᠦ ᠶᠠᠭᠤ ᠴᠤ ᠦᠢᠯᠡᠳᠦᠭᠰᠡᠨ ᠦᠭᠡᠢ ᠪᠠᠢᠲᠠᠯ᠎ᠠ ᠪᠠᠨ ᠶᠧᠷᠦ᠋ᠰᠠᠯᠧᠮ ᠳᠤ ᠬᠣᠷᠢᠭᠳᠠᠯ ᠪᠣᠯᠵᠤ᠂ ᠷᠣᠮᠠᠴᠤᠳ ᠤᠨ ᠭᠠᠷ ᠲᠤ ᠲᠤᠰᠢᠶᠠᠭᠳᠠᠭᠰᠠᠨ᠃ 18 ᠷᠣᠮᠠᠴᠤᠳ ᠨᠠᠮᠠᠶᠢ ᠪᠠᠢᠴᠠᠭᠠᠭᠰᠠᠨ ᠪᠣᠯᠪᠠᠴᠤ ᠦᠬᠦᠭᠦᠯᠬᠦ ᠰᠢᠯᠲᠠᠭᠠᠨ ᠦᠭᠡᠢ ᠲᠤᠯᠠ ᠨᠠᠮᠠᠶᠢ ᠰᠤᠯᠠᠯᠠᠬᠤ ᠭᠡᠰᠡᠨ᠂ 19 ᠭᠡᠪᠡᠴᠦ ᠶᠦᠳᠠᠢᠴᠤᠳ ᠡᠰᠡᠷᠭᠦᠴᠡᠭᠰᠡᠨ ᠤᠴᠢᠷ ᠠᠴᠠ ᠪᠢ ᠠᠷᠭ᠎ᠠ ᠪᠤᠰᠤ ᠺᠠᠶᠧᠰᠠᠷ ᠲᠤ ᠵᠠᠭᠠᠯᠳᠤᠭᠰᠠᠨ ᠶᠤᠮ᠃ ᠬᠠᠷᠢᠨ ᠠᠷᠠᠳ ᠲᠦᠮᠡᠨ ᠢᠶᠡᠨ ᠵᠠᠭᠠᠯᠳᠤᠬᠤ ᠭᠡᠵᠦ ᠪᠠᠢᠭ᠎ᠠ ᠦᠭᠡᠢ᠂ 20 ᠪᠢ ᠴᠤ ᠢᠰᠷᠧᠯ ᠤᠨ ᠡᠷᠡᠮᠡᠯᠵᠡᠯ ᠲᠡᠢ ᠪᠣᠯᠬᠣᠷ ᠢᠩᠭᠢᠵᠦ ᠬᠦᠯᠢᠭᠳᠡᠭᠰᠡᠨ᠂ ᠲᠠ ᠨᠠᠷ ᠢ ᠤᠷᠢᠭᠠᠳ ᠠᠭᠤᠯᠵᠠᠵᠤ ᠶᠠᠷᠢᠯᠴᠠᠬᠤ ᠭᠡᠰᠡᠨ ᠦ ᠮᠢᠨᠢ ᠤᠴᠢᠷ ᠨᠢ ᠡᠨᠡ ᠶᠤᠮ》 ᠭᠡᠪᠡ᠃ 21 ᠲᠡᠳᠡ ᠫᠠᠦ᠋ᠯ ᠳᠤ᠄ 《ᠪᠢᠳᠡ ᠶᠦᠳᠠᠢ ᠠᠴᠠ ᠲᠠᠨ ᠤ ᠲᠤᠬᠠᠢ ᠵᠠᠬᠢᠳᠠᠯ ᠢ ᠠᠪᠴᠤ ᠪᠠᠢᠭ᠎ᠠ ᠦᠭᠡᠢ᠂ ᠪᠠᠰᠠ ᠡ᠊ᠨᠳᠡ ᠢᠷᠡᠵᠦ ᠲᠠᠨ ᠤ ᠲᠤᠬᠠᠢ ᠮᠠᠭᠤ ᠪᠠᠷ ᠶᠠᠷᠢᠭᠰᠠᠨ ᠠᠬ᠎ᠠ ᠳᠡᠭᠦᠦ ᠴᠤ ᠠᠯᠠᠭ᠎ᠠ᠃ 22 ᠬᠠᠷᠢᠨ ᠥᠪᠡᠷ ᠦᠨ ᠴᠢᠨᠢ ᠰᠠᠨᠠᠯ ᠢ ᠰᠣᠨᠣᠰᠬᠤ ᠨᠢ ᠵᠦᠢᠲᠡᠢ ᠭᠡᠵᠦ ᠪᠢᠳᠡ ᠦᠵᠡᠵᠦ ᠪᠠᠢᠨ᠎ᠠ᠃ ᠡᠨᠡ ᠪᠦᠯᠦᠭ ᠬᠠᠮᠢᠭ᠎ᠠ ᠰᠠᠢ ᠦᠭᠡᠢ ᠡᠰᠡᠷᠭᠦᠴᠡᠭᠳᠡᠳᠡᠭ᠌ ᠢ ᠪᠢᠳᠡ ᠮᠡᠳᠡᠨ᠎ᠡ》 ᠭᠡᠪᠡ᠃

23 ᠲᠡᠳᠡ ᠫᠠᠦ᠋ᠯ ᠲᠠᠢ ᠡᠳᠦᠷ ᠪᠣᠯᠵᠣᠵᠤ᠂ ᠣᠯᠠᠨ ᠬᠥᠮᠦᠨ ᠢ ᠳᠠᠭᠠᠭᠤᠯᠤᠨ ᠫᠠᠦ᠋ᠯ ᠤᠨ ᠰᠠᠭᠤᠭ᠎ᠠ ᠭᠠᠵᠠᠷ ᠲᠤ ᠣᠴᠢᠵᠠᠢ᠃ ᠲᠡᠷᠡ ᠪᠤᠷᠬᠠᠨ ᠤ ᠬᠠᠭᠠᠨᠴᠢᠯᠠᠯ ᠢ ᠪᠠᠲᠤ ᠭᠡᠷᠡᠴᠢᠯᠡᠨ ᠮᠣᠰᠧ ᠶᠢᠨ ᠬᠠᠤᠯᠢ ᠪᠣᠯᠣᠨ ᠡᠰᠢ ᠦᠵᠡᠭᠦᠯᠦᠭᠴᠢᠳ ᠤᠨ ᠨᠣᠮ ᠢᠶᠠᠷ ᠢᠰᠦ᠋ᠰ ᠤᠨ ᠲᠤᠬᠠᠢ ᠢᠳᠬᠠᠭᠰᠠᠭᠠᠷ ᠥᠷᠯᠥᠭᠡ ᠡᠴᠡ ᠦᠳᠡᠰᠢ ᠪᠣᠯᠲᠠᠯ᠎ᠠ ᠲᠡᠳᠡᠨ ᠳᠦ ᠲᠠᠢᠯᠪᠤᠷᠢᠯᠠᠪᠠ᠃ 24 ᠲᠡᠭᠦᠨ ᠦ ᠶᠠᠷᠢᠭᠰᠠᠨ ᠢ ᠵᠠᠷᠢᠮ ᠨᠢ ᠢᠲᠡᠭᠡᠵᠦ᠂ ᠵᠠᠷᠢᠮ ᠨᠢ ᠢᠲᠡᠭᠡᠭᠰᠡᠨ ᠦᠭᠡᠢ᠃ 25 ᠲᠡᠳᠡ ᠰᠠᠨᠠᠯ ᠵᠥᠷᠢᠯᠳᠦᠨ ᠲᠠᠷᠬᠠᠲᠠᠯ᠎ᠠ ᠫᠠᠦ᠋ᠯ ᠤᠨ ᠨᠢᠭᠡ ᠦᠭᠡ ᠰᠣᠨᠣᠰᠳᠠᠪᠠ᠄ 《ᠠᠷᠢᠭᠤᠨ ᠰᠦᠨᠡᠰᠦ ᠡᠰᠢ ᠦᠵᠡᠭᠦᠯᠦᠭᠴᠢ ᠢᠰᠠᠢᠶ᠎ᠠ ᠪᠠᠷ ᠳᠠᠮᠵᠢᠭᠤᠯᠤᠨ ᠲᠠ ᠨᠠᠷ ᠤᠨ ᠳᠡᠭᠡᠳᠦᠰ ᠲᠦ ᠵᠥᠪ ᠶᠠᠷᠢᠭᠰᠠᠨ ᠶᠤᠮ᠃

26 ᠲᠡᠷᠡ᠄ 〈ᠡᠨᠡ ᠠᠷᠠᠳ ᠲᠦᠮᠡᠨ ᠳᠦ ᠣᠴᠢᠵᠤ ᠬᠡᠯᠡ ᠲᠠ ᠨᠠᠷ ᠰᠣᠨᠣᠰᠣᠨ ᠰᠣᠨᠣᠰᠪᠠᠴᠤ ᠶᠡᠷᠦ ᠣᠢᠯᠠᠭᠠᠬᠤ ᠦᠭᠡᠢ ᠬᠠᠷᠠᠨ ᠬᠠᠷᠠᠪᠠᠴᠤ ᠶᠡᠷᠦ ᠦᠵᠡᠬᠦ ᠦᠭᠡᠢ᠃
27 ᠡᠨᠡ ᠠᠷᠠᠳ ᠲᠦᠮᠡᠨ ᠦ ᠵᠢᠷᠦᠬᠡ ᠨᠢ ᠬᠠᠲᠠᠭᠤᠷᠠᠵᠤ ᠴᠢᠬᠢ ᠨᠢ ᠰᠣᠨᠣᠰᠴᠤ ᠶᠠᠳᠠᠨ᠂ ᠨᠢᠳᠦ ᠨᠢ ᠠᠨᠢᠵᠠᠢ ᠲᠡᠳᠡ ᠨᠢᠳᠦ ᠪᠡᠷ ᠢᠶᠠᠨ ᠬᠠᠷᠠᠬᠤ᠂ ᠴᠢᠬᠢ ᠪᠠᠷ ᠢᠶᠠᠨ ᠰᠣᠨᠣᠰᠬᠤ᠂ ᠵᠢᠷᠦᠬᠡ ᠪᠡᠷ ᠢᠶᠠᠨ ᠣᠢᠯᠠᠭᠠᠬᠤ᠂ ᠡᠷᠭᠢᠵᠦ ᠢᠷᠡᠬᠦ ᠤᠴᠢᠷ ᠦᠭᠡᠢ᠂ ᠪᠢ ᠲᠡᠳᠡᠨ ᠢ ᠡᠳᠡᠭᠡᠭᠡᠬᠦ ᠦᠭᠡᠢ〉 ᠭᠡᠰᠡᠨ᠃
28 ᠲᠡᠢᠮᠦ ᠡᠴᠡ ᠪᠤᠷᠬᠠᠨ ᠤ ᠡᠨᠡ ᠬᠦ ᠠᠪᠤᠷᠠᠯ ᠬᠠᠷᠢᠴᠤᠳ ᠤᠷᠤᠭᠤ ᠢᠯᠡᠭᠡᠭᠳᠡᠭᠰᠡᠨ ᠭᠡᠳᠡᠭ ᠢ ᠲᠠ ᠨᠠᠷ ᠮᠡᠳᠡᠭᠲᠦᠨ᠃ ᠲᠡᠳᠡ ᠰᠣᠨᠣᠰᠣᠨ᠎ᠠ》 ᠭᠡᠪᠡ᠃ 29 〔ᠫᠠᠦ᠋ᠯ ᠡᠳᠡᠭᠡᠷ ᠢ ᠬᠡᠯᠡᠭᠰᠡᠨ ᠳᠦ᠂ ᠶᠦᠳᠠᠢᠴᠤᠳ ᠬᠣᠭᠣᠷᠣᠨᠳᠣ ᠪᠠᠨ ᠶᠡᠬᠡᠳᠡ ᠮᠠᠷᠭᠤᠯᠳᠤᠭᠰᠠᠭᠠᠷ ᠶᠠᠪᠤᠵᠠᠭᠠᠪᠠ᠃〕

30 ᠫᠠᠦ᠋ᠯ ᠲᠦᠷᠢᠶᠡᠰᠦᠯᠡᠭᠰᠡᠨ ᠪᠠᠢᠷᠢ ᠳᠠᠭᠠᠨ ᠪᠦᠲᠦᠨ ᠬᠣᠶᠠᠷ ᠵᠢᠯ ᠰᠠᠭᠤᠭᠰᠠᠨ ᠪᠥᠭᠡᠳ ᠲᠡᠭᠦᠨ ᠲᠡᠢ ᠠᠭᠤᠯᠵᠠᠬᠤ ᠪᠠᠷ ᠢᠷᠡᠭᠰᠡᠨ ᠬᠥᠮᠦᠨ ᠪᠣᠯᠭᠠᠨ ᠢ ᠬᠦᠯᠢᠶᠡᠨ ᠠᠪᠴᠤ᠂ 31 ᠪᠤᠷᠬᠠᠨ ᠤ ᠬᠠᠭᠠᠨᠴᠢᠯᠠᠯ ᠢ ᠲᠤᠩ᠋ᠬᠠᠭᠯᠠᠨ᠂ ᠡᠵᠡᠨ ᠢᠰᠦ᠋ᠰ ᠾᠷᠢᠰᠲ᠋ᠣᠰ ᠤᠨ ᠲᠤᠬᠠᠢ ᠮᠠᠰᠢ ᠵᠣᠷᠢᠭᠲᠠᠢ ᠪᠠᠷ ᠬᠣᠷᠢᠭ᠎ᠠ ᠰᠠᠭᠠᠳ ᠦᠭᠡᠢ ᠪᠠᠷ ᠰᠤᠷᠭᠠᠪᠠ᠃