ᠦᠢᠯᠡᠰ ᠠᠷᠪᠠᠨ ᠬᠣᠶᠠᠷ
ᠶᠠᠺᠣᠪ ᠠᠯᠠᠭᠳᠠᠵᠤ ᠫᠧᠲ᠋ᠧᠷ ᠬᠡᠯᠲᠦᠷᠢᠪᠡ
1 ᠲᠡᠷᠡ ᠦᠶ᠎ᠡ ᠳᠦ᠂ ᠾᠧᠷᠣᠳ᠋ ᠬᠠᠨ ᠴᠢᠭᠤᠯᠭᠠᠨ ᠤ ᠬᠡᠳᠦᠨ ᠬᠥᠮᠦᠨ ᠢ ᠬᠣᠣᠷᠯᠠᠬᠤ ᠪᠠᠷ ᠭᠠᠷ ᠬᠥᠳᠡᠯᠪᠡ᠃ 2 ᠲᠡᠷᠡ ᠶᠣᠬᠠᠨ ᠤ ᠠᠬ᠎ᠠ ᠶᠠᠺᠣᠪ ᠢ ᠢᠯᠳᠦ ᠪᠡᠷ ᠠᠯᠠᠭᠤᠯᠤᠭᠰᠠᠨ ᠳᠤ᠂ 3 ᠶᠦᠳᠠᠢᠴᠤᠳ ᠪᠠᠶᠠᠷᠯᠠᠵᠤ ᠪᠠᠢᠪᠠ᠃ ᠾᠧᠷᠣᠳ᠋ ᠡᠭᠦᠨ ᠢ ᠦᠵᠡᠭᠡᠳ ᠢᠰᠭᠡᠭᠡ ᠦᠭᠡᠢ ᠪᠣᠣᠪᠣ ᠶᠢᠨ ᠪᠠᠶᠠᠷ ᠢᠶᠠᠷ ᠫᠧᠲ᠋ᠧᠷ ᠢ ᠴᠤ ᠪᠠᠷᠢᠭᠤᠯᠪᠠ᠃ 4 ᠾᠧᠷᠣᠳ᠋ ᠫᠧᠲ᠋ᠧᠷ ᠢ ᠪᠠᠷᠢᠵᠤ ᠭᠢᠨᠳᠠᠨ ᠳᠤ ᠬᠣᠷᠢᠭᠠᠳ ᠳᠥᠷᠪᠡ ᠳᠥᠷᠪᠡᠨ ᠴᠡᠷᠢᠭ ᠢᠶᠠᠷ ᠳᠥᠷᠪᠡᠨ ᠡᠭᠡᠯᠵᠢ ᠪᠣᠯᠭᠠᠨ ᠮᠠᠨᠠᠭᠤᠯᠵᠤ᠂ ᠭᠡᠲᠦᠯᠭᠡᠭᠰᠡᠨ ᠦ ᠪᠠᠶᠠᠷ ᠤᠨ ᠳᠠᠷᠠᠭ᠎ᠠ᠂ ᠠᠷᠠᠳ ᠲᠦᠮᠡᠨ ᠦ ᠡᠮᠦᠨ᠎ᠡ ᠠᠪᠴᠢᠷᠠᠬᠤ ᠭᠡᠰᠡᠨ ᠶᠤᠮ᠃ 5 ᠫᠧᠲ᠋ᠧᠷ ᠢᠩᠭᠢᠵᠦ ᠭᠢᠨᠳᠠᠨ ᠳᠤ ᠬᠣᠷᠢᠭᠳᠠᠭᠰᠠᠨ ᠳᠤ᠂ ᠴᠢᠭᠤᠯᠭᠠᠨ ᠲᠡᠭᠦᠨ ᠦ ᠲᠥᠯᠥᠭᠡ ᠪᠤᠷᠬᠠᠨ ᠳᠤ ᠬᠢᠴᠢᠶᠡᠩᠭᠦᠢᠯᠡᠨ ᠳᠠᠭᠠᠳᠬᠠᠭᠰᠠᠭᠠᠷ ᠪᠠᠢᠪᠠ᠃
6 ᠾᠧᠷᠣᠳ᠋ ᠫᠧᠲ᠋ᠧᠷ ᠢ ᠠᠪᠠᠴᠢᠬᠤ ᠶᠢᠨ ᠤᠷᠢᠳᠤ ᠰᠥᠨᠢ ᠫᠧᠲ᠋ᠧᠷ ᠳᠠᠪᠬᠤᠷ ᠭᠢᠨᠵᠢ ᠪᠠᠷ ᠭᠢᠨᠵᠢᠯᠡᠭᠳᠡᠵᠦ᠂ ᠬᠣᠶᠠᠷ ᠴᠡᠷᠢᠭ ᠤᠨ ᠳᠤᠮᠳᠠ ᠤᠨᠲᠠᠵᠤ ᠪᠠᠢᠭᠰᠠᠨ ᠪᠥᠭᠡᠳ ᠬᠠᠷᠠᠭᠤᠯ ᠤᠳ ᠭᠢᠨᠳᠠᠨ ᠤ ᠡᠭᠦᠳᠡ ᠶᠢ ᠮᠠᠨᠠᠵᠤ ᠪᠠᠢᠵᠠᠢ᠃ 7 ᠭᠡᠨᠡᠳᠲᠡ ᠡᠵᠡᠨ ᠦ ᠡᠯᠴᠢ ᠢᠯᠡᠷᠡᠭᠰᠡᠨ ᠪᠥᠭᠡᠳ ᠭᠢᠨᠳᠠᠨ ᠤ ᠥᠷᠥᠭᠡᠨ ᠳᠦ ᠭᠡᠷᠡᠯ ᠰᠠᠴᠤᠷᠠᠪᠠ᠃ ᠲᠡᠷᠡ ᠫᠧᠲ᠋ᠧᠷ ᠢ ᠰᠦᠪᠡᠭᠡ ᠤᠷᠤᠭᠤ ᠨᠢ ᠶᠣᠪᠣᠷᠣᠨ ᠰᠡᠷᠢᠭᠡᠭᠡᠳ᠄ 《ᠬᠤᠷᠳᠤᠨ ᠪᠣᠰ︕》 ᠭᠡᠬᠦ ᠳᠦ᠂ ᠭᠢᠨᠵᠢ ᠨᠢ ᠭᠠᠷ ᠠᠴᠠ ᠨᠢ ᠮᠤᠯᠲᠤᠷᠠᠨ ᠤᠨᠠᠯ᠎ᠠ᠃ 8 ᠲᠩᠷᠢ ᠡᠯᠴᠢ᠄ 《ᠪᠦᠰᠡ ᠪᠡᠨ ᠪᠦᠰᠡᠯᠡᠵᠦ᠂ ᠱᠠᠬᠠᠢ ᠪᠠᠨ ᠡᠮᠦᠰ》 ᠭᠡᠬᠦ ᠳᠦ᠂ ᠫᠧᠲ᠋ᠧᠷ ᠬᠡᠯᠡᠭᠰᠡᠨ ᠢᠶᠡᠷ ᠨᠢ ᠬᠢᠪᠡ᠃ ᠪᠠᠰᠠ᠄ 《ᠭᠠᠳᠠᠷ ᠬᠤᠪᠴᠠᠰᠤ ᠪᠠᠨ ᠡᠮᠦᠰᠦᠭᠡᠳ ᠨᠠᠮᠠᠶᠢ ᠳᠠᠭᠠᠭᠠᠷᠠᠢ》 ᠭᠡᠰᠡᠨ ᠳᠦ᠂ 9 ᠫᠧᠲ᠋ᠧᠷ ᠭᠠᠷᠴᠤ᠂ ᠳᠠᠭᠠᠵᠤ ᠶᠠᠪᠤᠭᠰᠠᠭᠠᠷ ᠪᠠᠢᠭᠰᠠᠨ ᠬᠢᠷᠢ ᠨᠢ ᠲᠩᠷᠢ ᠡᠯᠴᠢ ᠶᠢᠨ ᠬᠢᠵᠦ ᠪᠠᠢᠭ᠎ᠠ ᠪᠦᠬᠦᠨ ᠢ ᠪᠣᠳᠠᠲᠠᠢ ᠭᠡᠵᠦ ᠮᠡᠳᠡᠭᠰᠡᠨ ᠦᠭᠡᠢ᠂ ᠬᠠᠷᠢᠨ ᠦᠵᠡᠭᠳᠡᠯ ᠬᠡᠮᠡᠨ ᠪᠣᠳᠣᠭᠰᠠᠨ ᠪᠠᠢᠨ᠎ᠠ᠃ 10 ᠨᠢᠭᠡ᠂ ᠬᠣᠶᠠᠳᠤᠭᠠᠷ ᠬᠠᠷᠠᠭᠤᠯ ᠢ ᠥᠩᠭᠡᠷᠡᠭᠡᠭᠡᠳ ᠬᠣᠲᠠ ᠣᠷᠣᠬᠤ ᠲᠡᠮᠦᠷ ᠬᠠᠭᠠᠯᠭᠠᠨ ᠳᠤ ᠬᠦᠷᠴᠦ ᠢᠷᠡᠬᠦ ᠳᠦ᠂ ᠬᠠᠭᠠᠯᠭ᠎ᠠ ᠠᠶᠠᠨᠳᠠᠭᠠᠨ ᠨᠡᠭᠡᠭᠡᠭᠳᠡᠪᠡ᠃ ᠲᠡᠷᠡ ᠬᠣᠶᠠᠭᠤᠯᠠ ᠭᠠᠷᠤᠭᠠᠳ ᠨᠢᠭᠡ ᠭᠤᠳᠤᠮᠵᠢ ᠥᠩᠭᠡᠷᠡᠬᠦ ᠳᠦ᠂ ᠲᠩᠷᠢ ᠡᠯᠴᠢ ᠭᠡᠨᠡᠳᠲᠡ ᠰᠠᠯᠵᠤ ᠣᠳᠪᠠ᠃ 11 ᠫᠧᠲ᠋ᠧᠷ ᠰᠡᠬᠡᠰᠬᠢᠵᠦ᠄ 《ᠪᠢ ᠣᠳᠣ ᠶᠠᠭ ᠣᠢᠯᠠᠭᠠᠯ᠎ᠠ᠂ ᠡᠵᠡᠨ ᠨᠠᠳᠠ ᠤᠷᠤᠭᠤ ᠡᠯᠴᠢ ᠪᠠᠨ ᠢᠯᠡᠭᠡᠵᠦ᠂ ᠨᠠᠮᠠᠶᠢ ᠾᠧᠷᠣᠳ᠋ ᠤᠨ ᠭᠠᠷ ᠪᠠ ᠶᠦᠳᠠᠢᠴᠤᠳ ᠤᠨ ᠠᠯᠢᠪᠠ ᠭᠣᠷᠢᠳᠠᠯᠭ᠎ᠠ ᠠᠴᠠ ᠮᠤᠯᠲᠤᠷᠠᠭᠤᠯᠵᠠᠢ》 ᠭᠡᠪᠡ᠃
12 ᠫᠧᠲ᠋ᠧᠷ ᠡᠢᠨ ᠬᠦ ᠤᠬᠠᠭᠠᠷᠠᠭᠰᠠᠨ ᠤ ᠳᠠᠷᠠᠭ᠎ᠠ᠂ ᠮᠠᠷᠺ ᠭᠡᠭᠳᠡᠳᠡᠭ ᠶᠣᠬᠠᠨ ᠤ ᠡᠬᠡ ᠮᠠᠷᠢᠶ᠎ᠠ ᠶᠢᠨ ᠭᠡᠷ ᠢ ᠵᠣᠷᠢᠯ᠎ᠠ᠃ ᠲᠡᠨᠳᠡ ᠣᠯᠠᠨ ᠬᠥᠮᠦᠨ ᠴᠤᠭᠯᠠᠷᠠᠭᠠᠳ ᠳᠠᠭᠠᠳᠬᠠᠵᠤ ᠪᠠᠢᠪᠠ᠃ 13 ᠫᠧᠲ᠋ᠧᠷ ᠬᠠᠭᠠᠯᠭ᠎ᠠ ᠶᠢ ᠨᠢ ᠲᠣᠭᠰᠢᠬᠤ ᠳᠤ᠂ ᠷᠣᠳᠧ ᠭᠡᠭᠴᠢ ᠥᠬᠢᠨ ᠭᠠᠷᠴᠤ ᠢᠷᠡᠭᠡᠳ 14 ᠫᠧᠲ᠋ᠧᠷ ᠤᠨ ᠳᠠᠭᠤ ᠶᠢ ᠲᠠᠨᠢᠵᠤ ᠪᠠᠶᠠᠷᠯᠠᠭᠰᠠᠨ ᠳᠠᠭᠠᠨ ᠬᠠᠭᠠᠯᠭ᠎ᠠ ᠪᠠᠨ ᠴᠤ ᠨᠡᠭᠡᠭᠡᠯ ᠦᠭᠡᠢ ᠪᠠᠷ ᠡᠷᠭᠢᠨ ᠭᠦᠶᠦᠭᠡᠳ᠄ 《ᠫᠧᠲ᠋ᠧᠷ ᠡᠭᠦᠳᠡᠨ ᠳᠦ ᠵᠣᠭᠰᠣᠵᠤ ᠪᠠᠢᠨ᠎ᠠ》 ᠭᠡᠵᠦ ᠳᠤᠭᠤᠯᠭᠠᠭᠰᠠᠨ ᠳᠤ᠂ 15 ᠬᠥᠮᠦᠰ᠄ 《ᠰᠣᠯᠢᠶᠠᠷᠠᠪᠠ ᠤᠤ︖ ᠴᠢ》 ᠭᠡᠯᠴᠡᠪᠡ᠃ ᠷᠣᠳᠧ᠄ 《ᠦᠨᠡᠬᠡᠷ ᠲᠡᠷᠡ ᠮᠥᠨ》 ᠭᠡᠵᠦ ᠪᠠᠲᠤᠯᠠᠨ ᠬᠡᠯᠡᠬᠦ ᠳᠦ᠂ 《ᠲᠡᠭᠡᠪᠡᠯ ᠲᠡᠭᠦᠨ ᠦ ᠲᠩᠷᠢ ᠡᠯᠴᠢ ᠪᠢᠵᠡ ᠳᠠ》 ᠭᠡᠵᠡᠭᠡᠪᠡ᠃ 16 ᠫᠧᠲ᠋ᠧᠷ ᠬᠠᠭᠠᠯᠭ᠎ᠠ ᠶᠢ ᠲᠣᠭᠰᠢᠭᠠᠳ ᠪᠠᠢᠭᠰᠠᠨ ᠳᠤ᠂ ᠲᠡᠳᠡ ᠡᠭᠦᠳᠡ ᠪᠡᠨ ᠨᠡᠭᠡᠭᠡᠵᠦ ᠫᠧᠲ᠋ᠧᠷ ᠢ ᠬᠠᠷᠠᠭᠰᠠᠨ ᠢᠶᠠᠨ ᠭᠠᠢᠬᠠᠵᠠᠭᠠᠯᠠ᠃ 17 ᠫᠧᠲ᠋ᠧᠷ ᠲᠡᠳᠡᠨ ᠢ ᠴᠢᠮᠡᠭᠡ ᠦᠭᠡᠢ ᠪᠠᠢᠭᠠᠷᠠᠢ ᠭᠡᠵᠦ ᠭᠠᠷ ᠢᠶᠠᠷ ᠢᠶᠠᠨ ᠳᠣᠬᠢᠭᠰᠠᠨ ᠤ ᠳᠠᠷᠠᠭ᠎ᠠ᠂ ᠡᠵᠡᠨ ᠥᠪᠡᠷ ᠢ ᠨᠢ ᠭᠢᠨᠳᠠᠨ ᠠᠴᠠ ᠬᠡᠷᠬᠢᠨ ᠭᠠᠷᠭᠠᠭᠰᠠᠨ ᠲᠤᠬᠠᠢ ᠲᠠᠢᠯᠪᠤᠷᠢᠯᠠᠵᠤ ᠥᠭᠪᠡ᠃ ᠲᠡᠷᠡ᠄ 《ᠡᠭᠦᠨ ᠢ ᠶᠠᠺᠣᠪ ᠪᠠ ᠪᠤᠰᠤᠳ ᠠᠬ᠎ᠠ ᠳᠡᠭᠦᠦ ᠨᠠᠷ ᠲᠤ ᠳᠤᠭᠤᠯᠭᠠᠭᠠᠷᠠᠢ》 ᠬᠡᠮᠡᠨ ᠬᠡᠯᠡᠭᠡᠳ ᠲᠡᠨᠳᠡ ᠡᠴᠡ ᠥᠭᠡᠷ᠎ᠡ ᠭᠠᠵᠠᠷ ᠲᠤ ᠣᠳᠪᠠ᠃
18 ᠥᠷᠯᠥᠭᠡ ᠪᠣᠯᠬᠤ ᠳᠤ᠂ ᠫᠧᠲ᠋ᠧᠷ ᠶᠠᠭᠠᠬᠢᠴᠢᠬᠠᠪᠠ ᠭᠡᠰᠡᠨ ᠶᠡᠬᠡ ᠦᠢᠮᠡᠭᠡᠨ ᠴᠡᠷᠢᠭ ᠤᠳ ᠤᠨ ᠳᠤᠮᠳᠠ ᠭᠠᠷᠴᠠᠢ᠃ 19 ᠾᠧᠷᠣᠳ᠋ ᠲᠡᠭᠦᠨ ᠢ ᠮᠣᠬᠣᠲᠠᠯ᠎ᠠ ᠡᠷᠢᠭᠡᠳ ᠣᠯᠣᠭᠰᠠᠨ ᠦᠭᠡᠢ ᠪᠣᠯᠬᠣᠷ ᠬᠠᠷᠠᠭᠤᠯ ᠤᠳ ᠢ ᠪᠠᠢᠴᠠᠭᠠᠭᠠᠳ ᠴᠠᠭᠠᠵᠠᠯᠠ ᠭᠡᠵᠦ ᠲᠤᠰᠢᠶᠠᠪᠠ᠃ ᠳᠠᠷᠠᠭ᠎ᠠ ᠨᠢ ᠾᠧᠷᠣᠳ᠋ ᠶᠦᠳᠠᠢ ᠨᠤᠲᠤᠭ ᠠᠴᠠ ᠰᠠᠯᠵᠤ ᠺᠠᠶᠧᠰᠠᠷᠢᠶ᠎ᠠ ᠬᠣᠲᠠ ᠳᠤ ᠣᠴᠢᠨ ᠲᠦᠷ ᠰᠠᠭᠤᠵᠠᠢ᠃
ᠾᠧᠷᠣᠳ᠋ ᠠᠭᠷᠢᠫᠠ ᠰᠥᠨᠥᠭᠡᠭᠳᠡᠪᠡ
20 ᠲᠢᠷ ᠪᠣᠯᠣᠨ ᠰᠢᠢᠳᠣᠨ ᠬᠣᠲᠠ ᠶᠢᠨ ᠬᠥᠮᠦᠰ ᠾᠧᠷᠣᠳ᠋ ᠤᠷᠤᠭᠤ ᠰᠠᠨᠠᠭ᠎ᠠ ᠨᠢᠭᠡᠲᠡᠢ ᠪᠠᠷ ᠣᠴᠢᠪᠠ᠃ ᠶᠠᠭᠠᠬᠢᠭᠠᠳ ᠭᠡᠪᠡᠯ᠂ ᠲᠡᠷᠡ ᠲᠡᠳᠡᠨ ᠳᠦ ᠶᠡᠬᠡ ᠬᠢᠯᠢᠩᠨᠡᠵᠦ ᠪᠠᠢᠯ᠎ᠠ᠃ ᠲᠡᠳᠡᠨ ᠦ ᠬᠢᠨ ᠬᠠᠨ ᠤ ᠨᠤᠲᠤᠭ ᠠᠴᠠ ᠬᠦᠨᠡᠰᠦ ᠠᠪᠳᠠᠭ ᠲᠤᠯᠠ ᠬᠠᠨ ᠤ ᠠᠰᠠᠷᠠᠭᠴᠢ ᠲᠦᠰᠢᠮᠡᠯ ᠪᠯᠠᠰᠲ ᠢ ᠢᠳᠬᠠᠨ᠂ ᠬᠠᠨ ᠲᠠᠢ ᠨᠠᠢᠷᠠᠮᠳᠠᠬᠤ ᠶᠢ ᠭᠤᠶᠤᠵᠠᠢ᠃ 21 ᠾᠧᠷᠣᠳ᠋ ᠲᠣᠭᠲᠠᠭᠰᠠᠨ ᠡᠳᠦᠷ ᠲᠡᠭᠡᠨ ᠬᠠᠨ ᠤ ᠬᠤᠪᠴᠠᠰᠤ ᠪᠠᠨ ᠡᠮᠦᠰᠦᠨ ᠰᠠᠭᠤᠷᠢᠨ ᠳᠠᠭᠠᠨ ᠰᠠᠭᠤᠵᠤ ᠶᠠᠷᠢᠶ᠎ᠠ ᠲᠠᠯᠪᠢᠵᠤ ᠪᠠᠢᠬᠤ ᠳᠤ᠂ 22 ᠠᠷᠠᠳ ᠣᠯᠠᠨ᠄ 《ᠡᠨᠡ ᠴᠢᠨᠢ ᠬᠥᠮᠦᠨ ᠦ ᠳᠠᠭᠤ ᠪᠢᠰᠢ᠂ ᠬᠠᠷᠢᠨ ᠪᠤᠷᠬᠠᠨ ᠤ ᠳᠠᠭᠤ ᠪᠠᠢᠨ᠎ᠠ》 ᠭᠡᠵᠦ ᠬᠠᠰᠬᠢᠷᠤᠯᠳᠤᠯ᠎ᠠ᠃ 23 ᠲᠡᠷᠡ ᠳᠠᠷᠤᠢ ᠡᠵᠡᠨ ᠦ ᠡᠯᠴᠢ ᠾᠧᠷᠣᠳ᠋ ᠢ ᠳᠠᠭᠠᠷᠢᠭᠰᠠᠨ ᠳᠤ᠂ ᠲᠡᠷᠡ ᠬᠣᠷᠣᠬᠠᠢ ᠳᠤ ᠢᠳᠡᠭᠳᠡᠨ ᠠᠮᠢᠰᠬᠤᠯ ᠬᠤᠷᠢᠶᠠᠭᠰᠠᠨ ᠪᠠᠢᠨ᠎ᠠ᠃ ᠤᠴᠢᠷ ᠨᠢ᠂ ᠲᠡᠷᠡ ᠪᠤᠷᠬᠠᠨ ᠢ ᠠᠯᠳᠠᠷᠰᠢᠭᠤᠯᠤᠭᠰᠠᠨ ᠦᠭᠡᠢ᠃
24 ᠪᠤᠷᠬᠠᠨ ᠤ ᠦᠭᠡ ᠮᠠᠨᠳᠤᠭᠰᠠᠭᠠᠷ᠂ ᠲᠠᠷᠬᠠᠭᠰᠠᠭᠠᠷ ᠪᠠᠢᠪᠠ᠃ 25 ᠪᠠᠷᠨᠠᠪᠠ ᠰᠠᠦ᠋ᠯ ᠬᠣᠶᠠᠷ ᠠᠵᠢᠯ ᠢᠶᠠᠨ ᠪᠡᠶᠡᠯᠡᠭᠦᠯᠦᠭᠡᠳ ᠮᠠᠷᠺ ᠭᠡᠭᠳᠡᠳᠡᠭ ᠶᠣᠬᠠᠨ ᠢ ᠳᠠᠭᠠᠭᠤᠯᠤᠨ ᠶᠧᠷᠦ᠋ᠰᠠᠯᠧᠮ ᠡᠴᠡ ᠪᠤᠴᠠᠨ ᠢᠷᠡᠵᠡᠢ᠃