ᠦᠢᠯᠡᠰ ᠬᠣᠷᠢᠨ ᠬᠣᠶᠠᠷ
ᠶᠦᠳᠠᠢᠴᠤᠳ ᠲᠠᠭᠠᠨ ᠭᠡᠷᠡᠴᠢᠯᠡᠭᠰᠡᠨ ᠨᠢ
1 《ᠠᠬ᠎ᠠ ᠳᠡᠭᠦᠦ ᠨᠠᠷ ᠡ︕ ᠡᠳᠦᠭᠡ ᠲᠠ ᠨᠠᠷ ᠤᠨ ᠡᠮᠦᠨ᠎ᠡ ᠲᠠᠢᠯᠪᠤᠷᠢᠯᠠᠬᠤ ᠶᠢ ᠮᠢᠨᠢ ᠰᠣᠨᠣᠰᠣᠭᠠᠴᠢ》 ᠭᠡᠪᠡ᠃ 2 ᠲᠡᠳᠡ ᠢᠪᠷᠠᠢ ᠬᠡᠯᠡ ᠪᠡᠷ ᠶᠠᠷᠢᠵᠤ ᠪᠠᠢᠬᠤ ᠶᠢ ᠨᠢ ᠰᠣᠨᠣᠰᠣᠭᠠᠳ ᠨᠡᠩ ᠴᠢᠮᠡᠭᠡ ᠦᠭᠡᠢ ᠪᠣᠯᠪᠠ᠃ ᠫᠠᠦ᠋ᠯ ᠴᠠᠰᠢ ᠨᠢ᠄
3 《ᠪᠢ ᠪᠣᠯ ᠶᠦᠳᠠᠢ ᠬᠥᠮᠦᠨ᠂ ᠺᠢᠯᠢᠺᠢᠶ᠎ᠠ ᠶᠢᠨ ᠲᠠᠷᠰᠦ᠋ ᠬᠣᠲᠠ ᠳᠤ ᠲᠥᠷᠥᠭᠡᠳ ᠡᠨᠡ ᠬᠣᠲᠠ ᠳᠤ ᠬᠥᠮᠦᠵᠢᠵᠦ ᠭᠠᠮᠠᠯᠢᠶᠧᠯ ᠪᠠᠭᠰᠢ ᠶᠢᠨ ᠳᠣᠣᠷ᠎ᠠ᠂ ᠳᠡᠭᠡᠳᠦᠰ ᠦᠨ ᠢᠶᠠᠨ ᠬᠠᠤᠯᠢ ᠪᠠᠷ ᠴᠢᠩᠭ᠍᠎ᠠ ᠰᠤᠷᠭᠠᠭᠳᠠᠵᠤ ᠥᠨᠥᠳᠥᠷ ᠦᠨ ᠲᠠ ᠪᠦᠬᠦᠨ ᠲᠡᠢ ᠠᠳᠠᠯᠢᠬᠠᠨ ᠪᠤᠷᠬᠠᠨ ᠤ ᠲᠥᠯᠥᠭᠡ ᠵᠢᠳᠬᠦᠭᠴᠢ ᠪᠠᠢᠭᠰᠠᠨ ᠪᠢᠯᠡ᠃ 4 ᠪᠢ ᠡᠨᠡ ᠵᠠᠮ ᠤᠨ ᠬᠢᠨ ᠢ ᠦᠬᠦᠲᠡᠯ᠎ᠡ ᠨᠢ ᠬᠠᠪᠴᠢᠵᠤ᠂ ᠡᠷᠡᠭᠲᠡᠢ ᠡᠮᠡᠭᠲᠡᠢ ᠢᠯᠭᠠᠯ ᠦᠭᠡᠢ ᠬᠦᠯᠢᠭᠡᠳ ᠱᠣᠷᠣᠩ ᠳᠤ ᠬᠢᠳᠡᠭ ᠪᠠᠢᠭᠰᠠᠨ᠃ 5 ᠡᠭᠦᠨ ᠢ ᠲᠡᠷᠢᠭᠦᠨ ᠲᠠᠬᠢᠯᠴᠢ ᠪᠣᠯᠣᠨ ᠪᠦᠬᠦ ᠠᠬᠠᠯᠠᠭᠴᠢᠳ ᠴᠤ ᠭᠡᠷᠡᠴᠢᠯᠡᠨ᠎ᠡ᠃ ᠲᠡᠳᠡᠨ ᠦ ᠳ᠋ᠠᠮᠠᠰᠺᠦ᠋ᠰ ᠲᠤ ᠪᠠᠢᠭ᠎ᠠ ᠠᠬ᠎ᠠ ᠳᠡᠭᠦᠦ ᠨᠠᠷ ᠲᠡᠭᠡᠨ ᠪᠢᠴᠢᠭᠰᠡᠨ ᠵᠠᠬᠢᠳᠠᠯ ᠢ ᠪᠢ ᠠᠪᠤᠭᠠᠳ ᠲᠡᠷᠡ ᠬᠣᠲᠠ ᠶᠢ ᠵᠣᠷᠢᠯ᠎ᠠ᠃ ᠲᠡᠨᠳᠡᠬᠢ ᠶᠢᠨ ᠬᠢᠨ ᠢ ᠬᠦᠷᠲᠡᠯ᠎ᠡ ᠬᠦᠯᠢᠭᠡᠳ ᠶᠧᠷᠦ᠋ᠰᠠᠯᠧᠮ ᠤᠷᠤᠭᠤ ᠠᠪᠠᠴᠢᠵᠤ ᠰᠢᠳᠬᠡᠭᠦᠯᠬᠦ ᠭᠡᠰᠡᠨ ᠶᠤᠮ᠃
6 ᠦᠳᠡ ᠶᠢᠨ ᠠᠯᠲᠠ ᠪᠠᠷ ᠳ᠋ᠠᠮᠠᠰᠺᠦ᠋ᠰ ᠲᠤ ᠳᠥᠭᠥᠵᠦ ᠣᠴᠢᠳᠡᠯᠡ ᠭᠡᠨᠡᠳᠲᠡ ᠲᠩᠷᠢ ᠡᠴᠡ ᠭᠡᠷᠡᠯ ᠳᠤᠸᠠᠯᠠᠵᠤ᠂ ᠨᠠᠮᠠᠶᠢ ᠬᠦᠷᠢᠶᠡᠯᠡᠨ ᠭᠡᠶᠢᠭᠦᠯᠦᠭᠰᠡᠨ ᠳᠦ᠂ 7 ᠪᠢ ᠭᠠᠵᠠᠷ ᠲᠤ ᠤᠨᠠᠯ᠎ᠠ᠃ ᠲᠡᠭᠡᠲᠡᠯ᠎ᠡ᠄ 〈ᠰᠠᠦ᠋ᠯ ᠡ᠂ ᠰᠠᠦ᠋ᠯ ᠡ᠂ ᠴᠢ ᠶᠠᠭᠤᠨ ᠳᠤ ᠨᠠᠮᠠᠶᠢ ᠬᠠᠪᠴᠢᠵᠤ ᠪᠠᠢᠨ᠎ᠠ ᠪᠤᠢ︖〉 ᠭᠡᠬᠦ ᠳᠠᠭᠤ ᠰᠣᠨᠣᠰᠲᠠᠯ᠎ᠠ᠃ 8 ᠪᠢ᠄ 〈ᠲᠠ ᠬᠡᠨ ᠪᠤᠢ︖ ᠡᠵᠡᠨ ᠮᠢᠨᠢ〉 ᠭᠡᠵᠦ ᠠᠰᠠᠭᠤᠬᠤ ᠳᠤ᠂ ᠲᠡᠷᠡ᠄ 〈ᠪᠢ ᠪᠣᠯ ᠴᠢᠨᠦ ᠬᠠᠪᠴᠢᠵᠤ ᠪᠠᠢᠭ᠎ᠠ ᠨᠠᠽᠠᠷᠧᠲ ᠤᠨ ᠢᠰᠦ᠋ᠰ ᠪᠠᠢᠨ᠎ᠠ〉 ᠭᠡᠵᠦ ᠬᠠᠷᠢᠭᠤᠯᠪᠠ᠃ 9 ᠬᠠᠮᠲᠤ ᠪᠠᠢᠭᠰᠠᠳ ᠮᠠᠨᠢ ᠲᠡᠷᠡ ᠭᠡᠷᠡᠯ ᠢ ᠬᠠᠷᠠᠭᠰᠠᠨ ᠪᠣᠯᠪᠠᠴᠤ ᠨᠠᠳᠠ ᠲᠠᠢ ᠶᠠᠷᠢᠭᠴᠢ ᠶᠢᠨ ᠳᠠᠭᠤ ᠶᠢ ᠣᠢᠯᠠᠭᠠᠭᠰᠠᠨ ᠦᠭᠡᠢ᠃ 10 ᠲᠡᠭᠡᠭᠡᠳ᠄ 〈ᠪᠢ ᠶᠠᠭᠤ ᠬᠢᠬᠦ ᠶᠣᠰᠣᠲᠠᠢ ᠪᠤᠢ︖ ᠡᠵᠡᠨ〉 ᠭᠡᠬᠦ ᠳᠦ᠂ ᠲᠡᠷᠡ᠄ 〈ᠪᠣᠰ᠂ ᠳ᠋ᠠᠮᠠᠰᠺᠦ᠋ᠰ ᠤᠷᠤᠭᠤ ᠶᠠᠪᠤ᠃ ᠬᠢᠬᠦ ᠶᠣᠰᠣᠲᠠᠢ ᠪᠦᠬᠦᠨ ᠢ ᠴᠢᠨᠢ ᠬᠡᠯᠡᠵᠦ ᠥᠭᠬᠦ ᠬᠥᠮᠦᠨ ᠲᠡᠨᠳᠡ ᠪᠠᠢᠭ᠎ᠠ〉 ᠭᠡᠪᠡ᠃ 11 ᠨᠥᠭᠥᠭᠡ ᠭᠡᠷᠡᠯ ᠦᠨ ᠭᠢᠯᠪᠠᠭ᠎ᠠ ᠨᠠᠮᠠᠶᠢ ᠬᠠᠷᠠᠭ᠎ᠠ ᠦᠭᠡᠢ ᠪᠣᠯᠭᠠᠭᠰᠠᠨ ᠲᠤᠯᠠ ᠪᠢ ᠬᠠᠮᠲᠤ ᠪᠠᠢᠭᠰᠠᠳ ᠤᠨ ᠢᠶᠠᠨ ᠭᠠᠷ ᠢᠶᠠᠷ ᠬᠥᠲᠥᠯᠥᠭᠦᠯᠦᠨ ᠳ᠋ᠠᠮᠠᠰᠺᠦ᠋ᠰ ᠣᠷᠣᠪᠠ᠃
12 ᠲᠡᠨᠳᠡ ᠠᠨᠠᠨᠢᠶ᠎ᠠ ᠭᠡᠳᠡᠭ ᠬᠥᠮᠦᠨ ᠪᠠᠢᠵᠠᠢ᠃ ᠲᠡᠷᠡ ᠬᠠᠤᠯᠢ ᠶᠢᠨ ᠶᠣᠰᠣᠭᠠᠷ ᠪᠤᠷᠬᠠᠨ ᠠᠴᠠ ᠡᠮᠢᠶᠡᠳᠡᠭ ᠪᠣᠯᠬᠣᠷ ᠲᠡᠨᠳᠡ ᠰᠠᠭᠤᠭ᠎ᠠ ᠪᠦᠬᠦ ᠶᠦᠳᠠᠢ ᠬᠥᠮᠦᠨ ᠦ ᠳᠤᠮᠳᠠ ᠨᠡᠷ᠎ᠡ ᠬᠦᠨᠳᠦᠲᠡᠢ ᠠᠵᠢ᠃ 13 ᠲᠡᠷᠡ ᠨᠠᠳᠠ ᠤᠷᠤᠭᠤ ᠢᠷᠡᠵᠦ ᠵᠣᠭᠰᠣᠭᠠᠳ᠄ 〈ᠰᠠᠦ᠋ᠯ ᠠᠨᠳᠠ ᠡ᠂ ᠬᠠᠷᠠᠭ᠎ᠠ ᠲᠠᠢ ᠪᠣᠯᠣᠭᠲᠤᠨ〉 ᠭᠡᠰᠡᠨ ᠲᠡᠷᠡ ᠬᠣᠷᠣᠮ ᠳᠤ᠂ ᠪᠢ ᠬᠠᠷᠠᠭ᠎ᠠ ᠲᠠᠢ ᠪᠣᠯᠣᠭᠠᠳ ᠲᠡᠭᠦᠨ ᠢ ᠬᠠᠷᠠᠯ᠎ᠠ᠃ 14 ᠲᠡᠷᠡ ᠨᠠᠳᠠ ᠳᠤ᠄ 〈ᠮᠠᠨ ᠤ ᠳᠡᠭᠡᠳᠦᠰ ᠦᠨ ᠪᠤᠷᠬᠠᠨ ᠥᠪᠡᠷ ᠦᠨ ᠢᠶᠠᠨ ᠰᠠᠨᠠᠭ᠎ᠠ ᠶᠢ ᠮᠡᠳᠡᠭᠦᠯᠵᠦ ᠵᠥᠪᠲᠦ ᠨᠢᠭᠡᠨ ᠢ ᠦᠵᠡᠭᠦᠯᠦᠨ᠂ ᠮᠥᠨ ᠥᠪᠡᠷ ᠦᠨ ᠢᠶᠠᠨ ᠠᠮᠠ ᠠᠴᠠ ᠭᠠᠷᠬᠤ ᠳᠠᠭᠤ ᠪᠠᠨ ᠰᠣᠨᠣᠰᠬᠠᠬᠤ ᠭᠡᠵᠦ ᠴᠢᠮᠠᠶᠢ ᠰᠣᠩ᠋ᠭᠣᠭᠰᠠᠨ᠃ 15 ᠡᠢᠨ ᠬᠦ ᠴᠢ ᠦᠵᠡᠵᠦ ᠰᠣᠨᠣᠰᠣᠭᠰᠠᠨ ᠢᠶᠠᠨ ᠲᠡᠭᠦᠨ ᠦ ᠲᠥᠯᠥᠭᠡ ᠬᠠᠮᠤᠭ ᠬᠥᠮᠦᠨ ᠳᠦ ᠭᠡᠷᠡᠴᠢᠯᠡᠬᠦ ᠪᠣᠯᠣᠨ᠎ᠠ᠃ 16 ᠣᠳᠣ ᠴᠢ ᠶᠠᠭᠤᠨ ᠳᠤ ᠤᠳᠠᠨ᠎ᠠ ᠪᠤᠢ︖ ᠪᠣᠰ᠂ ᠡᠵᠡᠨ ᠦ ᠨᠡᠷ᠎ᠡ ᠶᠢ ᠳᠠᠭᠤᠳᠠᠨ ᠤᠬᠢᠶᠠᠯ ᠬᠦᠷᠲᠡᠭᠡᠳ ᠭᠡᠮ ᠨᠢᠭᠦᠯ ᠢᠶᠡᠨ ᠤᠭᠢᠶᠠᠭᠲᠤᠨ〉 ᠭᠡᠯᠡ᠃
17 ᠪᠢ ᠶᠧᠷᠦ᠋ᠰᠠᠯᠧᠮ ᠳᠤ ᠪᠤᠴᠠᠵᠤ ᠢᠷᠡᠭᠡᠳ ᠠᠷᠢᠭᠤᠨ ᠣᠷᠳᠣᠨ ᠳᠤ ᠳᠠᠭᠠᠳᠬᠠᠵᠤ ᠪᠠᠢᠲᠠᠯ᠎ᠠ ᠵᠥᠩ ᠢᠷᠡᠵᠦ᠂ 18 ᠪᠢ ᠡᠵᠡᠨ ᠢ ᠬᠠᠷᠠᠯ᠎ᠠ᠃ ᠲᠡᠷᠡ᠄ 〈ᠲᠦᠷᠭᠡᠯᠡ︕ ᠴᠢ ᠶᠧᠷᠦ᠋ᠰᠠᠯᠧᠮ ᠡᠴᠡ ᠱᠠᠯᠠᠪᠬᠠᠨ ᠭᠠᠷ︕ ᠡ᠊ᠨᠳᠡᠬᠢ ᠶᠢᠨ ᠬᠢᠨ ᠮᠢᠨᠦ ᠲᠤᠬᠠᠢ ᠭᠡᠷᠡᠴᠢᠯᠡᠯ ᠢ ᠴᠢᠨᠢ ᠬᠦᠯᠢᠶᠡᠨ ᠠᠪᠬᠤ ᠦᠭᠡᠢ〉 ᠭᠡᠵᠦ ᠶᠠᠷᠢᠯ᠎ᠠ᠃ 19 ᠲᠡᠭᠡᠬᠦ ᠳᠦᠨᠢ ᠪᠢ᠄ 〈ᠡᠵᠡᠨ᠂ ᠬᠤᠷᠠᠯ ᠤᠨ ᠲᠠᠩᠬᠢᠮ ᠤᠳ ᠢᠶᠠᠷ ᠶᠠᠪᠤᠵᠤ᠂ ᠲᠠᠨ ᠳᠤ ᠢᠲᠡᠭᠡᠭᠴᠢᠳ ᠢ ᠱᠣᠷᠣᠩ ᠳᠤ ᠬᠢᠵᠦ ᠲᠠᠰᠢᠭᠤᠷᠳᠠᠳᠠᠭ ᠪᠠᠢᠭᠰᠠᠨ ᠢ ᠮᠢᠨᠢ ᠲᠡᠳᠡ ᠥᠪᠡᠷᠰᠡᠳ ᠢᠶᠡᠨ ᠰᠠᠢᠨ ᠮᠡᠳᠡᠨ᠎ᠡ᠃ 20 ᠮᠥᠨ ᠲᠠᠨ ᠤ ᠭᠡᠷᠡᠴᠢ ᠰᠲ᠋ᠧᠹᠠᠨ ᠴᠢᠰᠤ ᠪᠠᠨ ᠤᠷᠤᠰᠬᠠᠵᠤ ᠪᠠᠢᠬᠤ ᠳᠤ᠂ ᠲᠡᠨᠳᠡ ᠵᠣᠭᠰᠣᠵᠤ ᠲᠡᠭᠦᠨ ᠢ ᠬᠥᠨᠥᠭᠡᠭᠴᠢᠳ ᠲᠠᠢ ᠰᠠᠨᠠᠭ᠎ᠠ ᠨᠡᠢᠯᠡᠨ ᠲᠡᠳᠡᠨ ᠦ ᠬᠤᠪᠴᠠᠰᠤ ᠶᠢ ᠰᠠᠬᠢᠵᠤ ᠪᠠᠢᠭᠰᠠᠨ ᠢ ᠮᠢᠨᠢ ᠴᠤ ᠲᠡᠳᠡ ᠮᠡᠳᠡᠨ᠎ᠡ〉 ᠭᠡᠬᠦ ᠳᠦ᠂ 21 ᠲᠡᠷᠡ ᠨᠠᠳᠠ ᠳᠤ᠄ 〈ᠶᠠᠪᠤ᠂ ᠪᠢ ᠴᠢᠮᠠᠶᠢ ᠬᠠᠷᠢᠴᠤᠳ ᠤᠷᠤᠭᠤ ᠠᠯᠤᠰ ᠬᠣᠯᠠ ᠢᠯᠡᠭᠡᠶ᠎ᠡ〉 ᠭᠡᠯᠡ》 ᠬᠡᠮᠡᠪᠡ᠃
ᠢᠷᠭᠡᠨ ᠦ ᠡᠷᠬᠡ ᠪᠡᠨ ᠬᠡᠷᠡᠭᠵᠢᠭᠦᠯᠦᠭᠰᠡᠨ ᠨᠢ
22 ᠲᠡᠳᠡ ᠡ᠊ᠨᠳᠡ ᠬᠦᠷᠲᠡᠯ᠎ᠡ ᠶᠠᠷᠢᠬᠤ ᠶᠢ ᠨᠢ ᠰᠣᠨᠣᠰᠣᠭᠠᠳ ᠥᠨᠳᠥᠷ ᠳᠠᠭᠤᠨ ᠢᠶᠠᠷ᠄ 《ᠡᠢᠮᠦ ᠭᠠᠢᠬᠠᠯ ᠢ ᠭᠠᠵᠠᠷ ᠳᠡᠯᠡᠬᠡᠢ ᠡᠴᠡ ᠠᠷᠢᠯᠭ᠎ᠠ︕ ᠠᠮᠢᠳᠤ ᠪᠠᠢᠯᠭᠠᠬᠤ ᠶᠣᠰᠣ ᠦᠭᠡᠢ︕》 ᠭᠡᠵᠦ ᠬᠠᠰᠬᠢᠷᠤᠯᠳᠤᠨ᠂ 23 ᠬᠤᠪᠴᠠᠰᠤ ᠪᠠᠨ ᠰᠢᠪᠲᠤ ᠲᠠᠲᠠᠨ ᠬᠠᠶᠠᠵᠤ᠂ ᠠᠭᠠᠷ ᠲᠤ ᠲᠣᠭᠣᠰᠣ ᠮᠠᠨᠠᠷᠠᠭᠠᠬᠤ ᠳᠤ᠂ 24 ᠮᠢᠩ᠋ᠭᠠᠲᠤ ᠶᠢᠨ ᠳᠠᠷᠤᠭ᠎ᠠ ᠫᠠᠦ᠋ᠯ ᠢ ᠬᠤᠸᠠᠷᠠᠨ ᠳᠤ ᠠᠪᠠᠴᠢᠬᠤ ᠶᠢ ᠲᠤᠰᠢᠶᠠᠯ᠎ᠠ᠃ ᠲᠡᠭᠡᠭᠡᠳ ᠲᠡᠷᠡ ᠬᠥᠮᠦᠰ ᠦᠨ ᠫᠠᠦ᠋ᠯ ᠤᠷᠤᠭᠤ ᠲᠡᠭᠡᠵᠦ ᠬᠠᠰᠬᠢᠷᠤᠯᠳᠤᠵᠤ ᠪᠤᠢ ᠶᠢᠨ ᠤᠴᠢᠷ ᠢ ᠣᠯᠬᠤ ᠶᠢᠨ ᠲᠤᠯᠠᠳᠠ ᠫᠠᠦ᠋ᠯ ᠢ ᠲᠠᠰᠢᠭᠤᠷᠳᠠᠨ᠂ ᠪᠠᠢᠴᠠᠭᠠ ᠭᠡᠵᠦ ᠬᠡᠯᠡᠵᠡᠢ᠃ 25 ᠲᠡᠳᠡ ᠫᠠᠦ᠋ᠯ ᠤᠨ ᠪᠡᠶ᠎ᠡ ᠶᠢ ᠲᠠᠯᠠᠵᠤ ᠬᠦᠯᠢᠬᠦ ᠳᠦ᠂ ᠫᠠᠦ᠋ᠯ ᠲᠡᠨᠳᠡ ᠵᠣᠭᠰᠣᠵᠤ ᠪᠠᠢᠭ᠎ᠠ ᠵᠠᠭᠤᠲᠤ ᠶᠢᠨ ᠳᠠᠷᠤᠭ᠎ᠠ ᠳᠤ᠄ 《ᠷᠣᠮᠠ ᠶᠢᠨ ᠢᠷᠭᠡᠨ ᠢ ᠶᠠᠯ᠎ᠠ ᠲᠣᠭᠲᠠᠭᠠᠭ᠎ᠠ ᠦᠭᠡᠢ ᠪᠠᠷ ᠲᠠᠰᠢᠭᠤᠷᠳᠠᠵᠤ ᠪᠣᠯᠳᠠᠭ ᠶᠤᠮ ᠤᠤ︖》 ᠭᠡᠵᠦ ᠬᠡᠯᠡᠪᠡ᠃ 26 ᠵᠠᠭᠤᠲᠤ ᠶᠢᠨ ᠳᠠᠷᠤᠭ᠎ᠠ ᠡᠭᠦᠨ ᠢ ᠰᠣᠨᠣᠰᠣᠭᠠᠳ ᠮᠢᠩ᠋ᠭᠠᠲᠤ ᠶᠢᠨ ᠳᠠᠷᠤᠭ᠎ᠠ ᠳᠠᠭᠠᠨ ᠳᠤᠭᠤᠯᠭᠠᠨ᠄ 《ᠲᠠ ᠶᠠᠭᠠᠬᠢᠬᠤ ᠪᠤᠢ︖ ᠡᠨᠡ ᠬᠥᠮᠦᠨ ᠴᠢᠨᠢ ᠷᠣᠮᠠ ᠶᠢᠨ ᠢᠷᠭᠡᠨ ᠶᠤᠮ ᠪᠠᠢᠨ᠎ᠠ》 ᠭᠡᠪᠡ᠃ 27 ᠮᠢᠩ᠋ᠭᠠᠲᠤ ᠶᠢᠨ ᠳᠠᠷᠤᠭ᠎ᠠ ᠫᠠᠦ᠋ᠯ ᠤᠷᠤᠭᠤ ᠢᠷᠡᠭᠡᠳ᠄ 《ᠴᠢ ᠷᠣᠮᠠ ᠶᠢᠨ ᠢᠷᠭᠡᠨ ᠶᠤᠮ ᠤᠤ︖ ᠨᠠᠳᠠ ᠳᠤ ᠬᠡᠯᠡ》 ᠭᠡᠰᠡᠨ ᠳᠦ᠂ ᠲᠡᠷᠡ᠄ 《ᠲᠡᠢᠮᠦ ᠡ》 ᠭᠡᠪᠡ᠃ 28 ᠮᠢᠩ᠋ᠭᠠᠲᠤ ᠶᠢᠨ ᠳᠠᠷᠤᠭ᠎ᠠ᠄ 《ᠪᠢ ᠢᠷᠭᠡᠨ ᠦ ᠡᠷᠬᠡ ᠪᠡᠨ ᠶᠡᠬᠡ ᠮᠥᠩᠭᠥ ᠪᠡᠷ ᠣᠯᠵᠤ ᠠᠪᠤᠭᠰᠠᠨ》 ᠭᠡᠬᠦ ᠳᠦ᠂ ᠫᠠᠦ᠋ᠯ᠄ 《ᠪᠢ ᠪᠣᠯ ᠲᠥᠷᠥᠬᠦ ᠳᠡᠭᠡᠨ ᠯᠠ ᠢᠷᠭᠡᠨ ᠨᠢ ᠪᠠᠢᠭᠰᠠᠨ ᠶᠤᠮ》 ᠭᠡᠪᠡ᠃ 29 ᠲᠡᠭᠦᠨ ᠢ ᠪᠠᠢᠴᠠᠭᠠᠬᠤ ᠭᠡᠵᠦ ᠪᠠᠢᠭᠰᠠᠨ ᠬᠥᠮᠦᠰ ᠲᠡᠷᠡ ᠳᠠᠷᠤᠢ ᠵᠠᠢᠯᠠᠨ ᠶᠠᠪᠤᠪᠠ᠃ ᠮᠢᠩ᠋ᠭᠠᠲᠤ ᠶᠢᠨ ᠳᠠᠷᠤᠭ᠎ᠠ ᠫᠠᠦ᠋ᠯ ᠢ ᠷᠣᠮᠠ ᠶᠢᠨ ᠢᠷᠭᠡᠨ ᠭᠡᠵᠦ ᠮᠡᠳᠡᠭᠡᠳ ᠲᠡᠭᠦᠨ ᠢ ᠬᠦᠯᠢᠭᠰᠡᠨ ᠳᠡᠭᠡᠨ ᠠᠶᠤᠯ᠎ᠠ᠃
ᠶᠦᠳᠠᠢᠴᠤᠳ ᠤᠨ ᠰᠢᠭᠦᠯᠲᠡ ᠳᠡᠭᠡᠷ᠎ᠡ
30 ᠮᠠᠷᠭᠠᠰᠢ ᠨᠢ ᠮᠢᠩ᠋ᠭᠠᠲᠤ ᠶᠢᠨ ᠳᠠᠷᠤᠭ᠎ᠠ ᠶᠦᠳᠠᠢᠴᠤᠳ ᠤᠨ ᠶᠠᠭᠤᠨ ᠤ ᠤᠴᠢᠷ ᠠᠴᠠ ᠫᠠᠦ᠋ᠯ ᠢ ᠵᠠᠭᠠᠯᠳᠤᠵᠤ ᠪᠤᠢ ᠶᠢ ᠲᠣᠳᠣᠷᠬᠠᠢ ᠮᠡᠳᠡᠬᠦ ᠶᠢᠨ ᠲᠤᠯᠠᠳᠠ ᠫᠠᠦ᠋ᠯ ᠢ ᠰᠤᠯᠠᠯᠠᠭᠰᠠᠨ ᠪᠠ ᠠᠬᠠᠯᠠᠬᠤ ᠲᠠᠬᠢᠯᠴᠢᠳ ᠪᠣᠯᠣᠨ ᠰᠢᠭᠦᠬᠦ ᠵᠥᠪᠯᠡᠯ ᠦᠨ ᠪᠦᠬᠦ ᠬᠥᠮᠦᠨ ᠢ ᠴᠤᠭᠯᠠᠭᠤᠯᠤᠭᠰᠠᠨ ᠤ ᠳᠠᠷᠠᠭ᠎ᠠ᠂ ᠫᠠᠦ᠋ᠯ ᠢ ᠳᠠᠭᠠᠭᠤᠯᠤᠨ ᠠᠪᠠᠴᠢᠵᠤ ᠲᠡᠳᠡᠨ ᠦ ᠡᠮᠦᠨ᠎ᠡ ᠵᠣᠭᠰᠣᠭᠠᠯ᠎ᠠ᠃