ᠦᠢᠯᠡᠰ ᠬᠣᠷᠢᠨ ᠲᠠᠪᠤ
ᠫᠠᠦ᠋ᠯ ᠺᠠᠶᠧᠰᠠᠷ ᠲᠤ ᠵᠠᠭᠠᠯᠳᠤᠬᠤ ᠪᠠᠷ ᠪᠣᠯᠣᠭᠰᠠᠨ ᠨᠢ
1 ᠹᠧᠰᠲ ᠲᠤᠰᠢᠶᠠᠯ ᠳᠤ ᠭᠠᠷᠤᠭᠰᠠᠨ ᠤ ᠪᠠᠨ ᠭᠤᠷᠪᠠᠨ ᠬᠣᠨᠣᠭ ᠤᠨ ᠳᠠᠷᠠᠭ᠎ᠠ᠂ ᠺᠠᠶᠧᠰᠠᠷᠢᠶ᠎ᠠ ᠠᠴᠠ ᠶᠧᠷᠦ᠋ᠰᠠᠯᠧᠮ ᠥᠭᠡᠳᠡ ᠣᠴᠢᠪᠡ᠃ 2 ᠠᠬᠠᠯᠠᠬᠤ ᠲᠠᠬᠢᠯᠴᠢᠳ ᠪᠣᠯᠣᠨ ᠶᠦᠳᠠᠢᠴᠤᠳ ᠤᠨ ᠤᠳᠤᠷᠢᠳᠤᠭᠴᠢᠳ ᠫᠠᠦ᠋ᠯ ᠢ ᠲᠡᠭᠦᠨ ᠳᠦ ᠵᠠᠭᠠᠯᠳᠤᠭᠠᠳ 3 ᠲᠡᠭᠦᠨ ᠢ ᠶᠧᠷᠦ᠋ᠰᠠᠯᠧᠮ ᠳᠤ ᠠᠪᠴᠢᠷᠠᠬᠤ ᠶᠢ ᠹᠧᠰᠲ ᠡᠴᠡ ᠬᠦᠴᠦᠯᠡᠨ ᠭᠤᠶᠤᠵᠤ ᠭᠤᠩᠰᠢᠪᠠ᠃ ᠲᠡᠳᠡ ᠵᠠᠮ ᠳᠤᠨᠢ ᠪᠦᠭᠬᠦᠵᠦ ᠪᠠᠢᠭᠠᠳ ᠫᠠᠦ᠋ᠯ ᠢ ᠠᠯᠠᠬᠤ ᠭᠡᠵᠡᠢ᠃ 4 ᠹᠧᠰᠲ ᠫᠠᠦ᠋ᠯ ᠤᠨ ᠺᠠᠶᠧᠰᠠᠷᠢᠶ᠎ᠠ ᠳᠤ ᠬᠣᠷᠢᠭᠳᠠᠵᠤ ᠪᠠᠢᠭ᠎ᠠ ᠪᠠ ᠥᠪᠡᠷ ᠢᠶᠡᠨ ᠤᠳᠠᠬᠤ ᠦᠭᠡᠢ ᠲᠡᠰᠢ ᠪᠠᠨ ᠣᠴᠢᠬᠤ ᠪᠠᠨ ᠰᠠᠨᠠᠭᠤᠯᠤᠭᠠᠳ᠄ 5 《ᠲᠠ ᠨᠠᠷ ᠤᠨ ᠳᠤᠮᠳᠠ ᠠᠴᠠ ᠡᠷᠬᠡ ᠮᠡᠳᠡᠯ ᠲᠡᠢ ᠨᠢ ᠨᠠᠳᠠ ᠲᠠᠢ ᠬᠠᠮᠲᠤ ᠶᠠᠪᠤ᠃ ᠬᠡᠷᠪᠡ ᠫᠠᠦ᠋ᠯ ᠳᠤ ᠶᠠᠭᠤ ᠨᠢᠭᠡ ᠵᠦᠢᠯ ᠪᠠᠢᠪᠠᠯ ᠵᠠᠭᠠᠯᠳᠤ ᠳᠠ》 ᠭᠡᠯᠡ᠃
6 ᠹᠧᠰᠲ ᠲᠡᠳᠡᠨ ᠲᠡᠢ ᠬᠠᠮᠲᠤ ᠨᠠᠢ᠌ᠮᠠ ᠪᠤᠶᠤ ᠠᠷᠪᠠ ᠬᠣᠨᠣᠭ ᠪᠠᠢᠭᠰᠠᠨ ᠢᠶᠠᠨ ᠺᠠᠶᠧᠰᠠᠷᠢᠶ᠎ᠠ ᠤᠷᠤᠭᠤ ᠪᠤᠴᠠᠵᠠᠢ᠃ ᠳᠠᠷᠠᠭ᠎ᠠ ᠡᠳᠦᠷ ᠨᠢ ᠲᠡᠷᠡ ᠰᠢᠭᠦᠬᠦ ᠰᠠᠭᠤᠳᠠᠯ ᠳᠠᠭᠠᠨ ᠰᠠᠭᠤᠭᠠᠳ ᠫᠠᠦ᠋ᠯ ᠢ ᠠᠪᠴᠢᠷᠠᠬᠤ ᠶᠢ ᠲᠤᠰᠢᠶᠠᠪᠠ᠃ 7 ᠫᠠᠦ᠋ᠯ ᠬᠦᠷᠴᠦ ᠢᠷᠡᠬᠦ ᠳᠦ᠂ ᠶᠧᠷᠦ᠋ᠰᠠᠯᠧᠮ ᠡᠴᠡ ᠢᠷᠡᠭᠰᠡᠨ ᠶᠦᠳᠠᠢᠴᠤᠳ ᠲᠡᠭᠦᠨ ᠢ ᠬᠦᠷᠢᠶᠡᠯᠡᠨ ᠵᠣᠭᠰᠣᠭᠠᠳ᠂ ᠣᠯᠠᠨ ᠬᠦᠨᠳᠦ ᠬᠡᠷᠡᠭ ᠢᠶᠡᠷ ᠵᠠᠷᠭᠤᠯᠳᠤᠭᠰᠠᠨ ᠪᠣᠯᠪᠠᠴᠤ ᠨᠣᠲᠠᠯᠠᠵᠤ ᠴᠢᠳᠠᠭ᠎ᠠ ᠦᠭᠡᠢ᠃ 8 ᠫᠠᠦ᠋ᠯ᠄ 《ᠶᠦᠳᠠᠢᠴᠤᠳ ᠤᠨ ᠬᠠᠤᠯᠢ ᠶᠢᠨ ᠡᠰᠡᠷᠭᠦ᠂ ᠠᠷᠢᠭᠤᠨ ᠣᠷᠳᠣᠨ ᠪᠤᠶᠤ ᠺᠠᠶᠧᠰᠠᠷ ᠤᠨ ᠡᠰᠡᠷᠭᠦ ᠪᠢ ᠶᠠᠮᠠᠷ ᠴᠤ ᠭᠡᠮᠲᠦ ᠬᠡᠷᠡᠭ ᠬᠢᠭᠰᠡᠨ ᠦᠭᠡᠢ》 ᠭᠡᠵᠦ ᠥᠪᠡᠷ ᠢ ᠪᠠᠨ ᠥᠮᠥᠭᠯᠡᠪᠡ᠃ 9 ᠹᠧᠰᠲ ᠶᠦᠳᠠᠢᠴᠤᠳ ᠠᠴᠠ ᠲᠠᠯ᠎ᠠ ᠣᠯᠬᠤ ᠶᠢ ᠬᠦᠰᠡᠨ ᠫᠠᠦ᠋ᠯ ᠡᠴᠡ᠄ 《ᠴᠢ ᠶᠧᠷᠦ᠋ᠰᠠᠯᠧᠮ ᠳᠤ ᠣᠴᠢᠵᠤ᠂ ᠡᠳᠡᠭᠡᠷ ᠢᠶᠡᠨ ᠨᠠᠳᠠ ᠪᠠᠷ ᠰᠢᠭᠦᠯᠭᠡᠬᠦ ᠤᠤ︖》 ᠭᠡᠰᠡᠨ ᠳᠦ᠂ 10 ᠫᠠᠦ᠋ᠯ᠄ 《ᠪᠢ ᠺᠠᠶᠧᠰᠠᠷ ᠤᠨ ᠠᠯᠪᠠᠨ ᠶᠣᠰᠣᠨ ᠤ ᠰᠢᠭᠦᠬᠦ ᠭᠠᠵᠠᠷ ᠲᠤ ᠵᠣᠭᠰᠣᠵᠤ ᠪᠠᠢᠨ᠎ᠠ᠃ ᠡ᠊ᠨᠳᠡ ᠰᠢᠭᠦᠭᠳᠡᠬᠦ ᠶᠣᠰᠣᠲᠠᠢ᠃ ᠶᠦᠳᠠᠢᠴᠤᠳ ᠤᠨ ᠡᠰᠡᠷᠭᠦ ᠵᠥᠪ ᠪᠤᠰᠤ ᠶᠢ ᠶᠡᠷᠦ ᠦᠢᠯᠡᠳᠦᠭᠡ ᠦᠭᠡᠢ ᠶᠢ ᠮᠢᠨᠢ ᠲᠠ ᠴᠤ ᠰᠠᠢᠨ ᠮᠡᠳᠡᠨ᠎ᠡ᠃ 11 ᠬᠡᠷᠪᠡ ᠪᠢ ᠵᠥᠪ ᠪᠤᠰᠤ᠂ ᠦᠬᠦᠬᠦ ᠶᠣᠰᠣᠲᠠᠢ ᠵᠦᠢᠯ ᠢ ᠦᠢᠯᠡᠳᠦᠭᠰᠡᠨ ᠶᠤᠮ ᠪᠣᠯ ᠦᠬᠦᠬᠦ ᠡᠴᠡ ᠪᠤᠴᠠᠬᠤ ᠦᠭᠡᠢ᠃ ᠬᠠᠷᠢᠨ ᠡᠳᠡᠭᠡᠷ ᠵᠠᠭᠠᠯᠳᠤᠯᠭ᠎ᠠ ᠣᠷᠣ ᠦᠭᠡᠢ ᠪᠣᠯ ᠬᠡᠨ ᠴᠤ ᠨᠠᠮᠠᠶᠢ ᠲᠡᠳᠡᠨ ᠳᠦ ᠲᠤᠰᠢᠶᠠᠵᠤ ᠪᠣᠯᠬᠤ ᠦᠭᠡᠢ᠃ ᠪᠢ ᠺᠠᠶᠧᠰᠠᠷ ᠲᠤ ᠵᠠᠭᠠᠯᠳᠤᠶ᠎ᠠ》 ᠭᠡᠪᠡ᠃ 12 ᠹᠧᠰᠲ ᠰᠢᠭᠦᠬᠦ ᠵᠥᠪᠯᠡᠯ ᠦᠨ ᠬᠢᠨ ᠲᠠᠢ ᠪᠠᠨ ᠵᠥᠪᠳᠡᠯᠴᠡᠭᠡᠳ᠄ 《ᠴᠢ ᠺᠠᠶᠧᠰᠠᠷ ᠲᠤ ᠵᠠᠭᠠᠯᠳᠤᠨ᠎ᠠ 25 ᠭᠡᠰᠡᠨ ᠪᠣᠯᠬᠣᠷ ᠺᠠᠶᠧᠰᠠᠷ ᠤᠷᠤᠭᠤ ᠣᠴᠢᠬᠤ ᠪᠣᠯᠣᠨ᠎ᠠ》 ᠭᠡᠵᠦ ᠬᠠᠷᠢᠭᠤᠯᠵᠠᠢ᠃
ᠵᠠᠬᠢᠷᠤᠭᠴᠢ᠂ ᠬᠠᠨ᠂ ᠪᠠᠶᠠᠷ ᠤᠨ ᠮᠡᠳᠡᠭᠡᠴᠢᠨ ᠭᠤᠷᠪᠠ
13 ᠬᠡᠳᠦᠨ ᠡᠳᠦᠷ ᠪᠣᠯᠣᠭᠠᠳ ᠠᠭᠷᠢᠫᠠ ᠬᠠᠨ ᠪᠣᠯᠣᠨ ᠪᠧᠷᠨᠢᠺᠧ ᠺᠠᠶᠧᠰᠠᠷᠢᠶ᠎ᠠ ᠳᠤ ᠢᠷᠡᠭᠡᠳ ᠹᠧᠰᠲ ᠲᠠᠢ ᠠᠭᠤᠯᠵᠠᠵᠠᠢ᠃ 14 ᠲᠡᠳᠡ ᠲᠡᠨᠳᠡ ᠣᠯᠠᠨ ᠬᠣᠨᠣᠭ ᠪᠠᠢᠬᠤ ᠳᠤ᠂ ᠹᠧᠰᠲ ᠫᠠᠦ᠋ᠯ ᠤᠨ ᠬᠡᠷᠡᠭ ᠢ ᠬᠠᠨ ᠳᠤ ᠲᠣᠭᠠᠴᠢᠵᠤ᠄ 《ᠹᠧᠯᠢᠺᠰ ᠤᠨ ᠦᠯᠡᠳᠡᠭᠡᠭᠰᠡᠨ ᠨᠢᠭᠡ ᠬᠣᠷᠢᠭᠳᠠᠯ ᠡᠷ᠎ᠡ ᠡ᠊ᠨᠳᠡ ᠪᠠᠢᠨ᠎ᠠ᠃ 15 ᠨᠠᠮᠠᠶᠢ ᠶᠧᠷᠦ᠋ᠰᠠᠯᠧᠮ ᠳᠤ ᠪᠠᠢᠬᠤ ᠳᠤ᠂ ᠶᠦᠳᠠᠢᠴᠤᠳ ᠤᠨ ᠠᠬᠠᠯᠠᠬᠤ ᠲᠠᠬᠢᠯᠴᠢᠳ ᠪᠣᠯᠣᠨ ᠠᠬᠠᠯᠠᠭᠴᠢᠳ ᠲᠡᠭᠦᠨ ᠢ ᠵᠠᠭᠠᠯᠳᠤᠵᠤ ᠶᠠᠯᠠᠯᠠᠭᠤᠯᠬᠤ ᠪᠠᠷ ᠭᠤᠶᠤᠭᠰᠠᠨ ᠶᠤᠮ᠃ 16 ᠪᠢ ᠲᠡᠳᠡᠨ ᠳᠦ᠄ 〈ᠶᠠᠮᠠᠷ ᠵᠠᠭᠠᠯᠳᠤᠭᠳᠠᠭᠴᠢ ᠶᠢ ᠴᠤ ᠵᠠᠭᠠᠯᠳᠤᠭᠴᠢ ᠲᠠᠢ ᠨᠢ ᠨᠢᠭᠤᠷᠳᠠᠭᠤᠯᠵᠤ ᠤᠴᠠᠷᠠᠭᠤᠯᠬᠤ ᠦᠭᠡᠢ᠂ ᠮᠥᠨ ᠴᠤ ᠥᠪᠡᠷ ᠦᠨ ᠢᠶᠠᠨ ᠬᠡᠷᠡᠭ ᠦᠨ ᠲᠠᠯ᠎ᠠ ᠪᠠᠷ ᠥᠮᠥᠭᠯᠡᠬᠦ ᠵᠠᠪᠰᠢᠶᠠᠨ ᠢ ᠣᠯᠭᠣᠬᠤ ᠦᠭᠡᠢ ᠪᠠᠷ ᠰᠢᠯᠵᠢᠭᠦᠯᠵᠦ ᠥᠭᠬᠦ ᠨᠢ ᠷᠣᠮᠠᠴᠤᠳ ᠤᠨ ᠵᠤᠷᠰᠢᠯ ᠪᠢᠰᠢ〉 ᠭᠡᠵᠦ ᠬᠠᠷᠢᠭᠤᠯᠪᠠ᠃ 17 ᠢᠩᠭᠢᠭᠡᠳ ᠲᠡᠳᠡ ᠬᠠᠮᠲᠤ ᠪᠠᠷ ᠨᠠᠰᠢ ᠢᠷᠡᠭᠰᠡᠨ ᠳᠦ᠂ ᠪᠢ ᠬᠣᠢᠰᠢᠯᠠᠭᠤᠯᠤᠯ ᠦᠭᠡᠢ ᠪᠠᠷ ᠮᠠᠷᠭᠠᠰᠢ ᠨᠢ ᠰᠢᠭᠦᠬᠦ ᠰᠠᠭᠤᠳᠠᠯ ᠳᠠᠭᠠᠨ ᠰᠠᠭᠤᠨ ᠲᠡᠷᠡ ᠬᠥᠮᠦᠨ ᠢ ᠠᠪᠴᠢᠷᠠᠭᠤᠯᠬᠤ ᠪᠠᠷ ᠲᠤᠰᠢᠶᠠᠭᠰᠠᠨ ᠪᠢᠯᠡ᠃ 18 ᠵᠠᠭᠠᠯᠳᠤᠭᠴᠢᠳ ᠪᠣᠰᠣᠭᠠᠳ ᠲᠡᠭᠦᠨ ᠢ ᠪᠤᠷᠤᠭᠤᠳᠬᠠᠭᠰᠠᠨ ᠪᠣᠯᠪᠠᠴᠤ ᠮᠢᠨᠦ ᠲᠥᠰᠥᠭᠡᠯᠡᠭᠰᠡᠨ ᠰᠢᠭ ᠶᠠᠯᠠᠲᠤ ᠬᠡᠷᠡᠭ ᠦᠨ ᠲᠤᠬᠠᠢ ᠪᠢᠰᠢ᠂ 19 ᠬᠠᠷᠢᠨ ᠥᠪᠡᠷᠰᠡᠳ ᠦᠨ ᠬᠢᠨᠢ ᠱᠠᠰᠢᠨ ᠤ ᠲᠤᠬᠠᠢ᠂ ᠮᠥᠨ ᠴᠤ ᠨᠠᠰᠤ ᠪᠠᠷᠠᠭᠰᠠᠨ ᠢᠰᠦ᠋ᠰ ᠭᠡᠭᠴᠢ ᠶᠢᠨ ᠲᠤᠬᠠᠢ ᠭᠣᠮᠣᠳᠠᠯ ᠭᠠᠷᠭᠠᠭᠰᠠᠨ ᠪᠠᠢᠨ᠎ᠠ᠃ ᠲᠡᠷᠡ ᠢᠰᠦ᠋ᠰ ᠢ ᠫᠠᠦ᠋ᠯ ᠠᠮᠢᠳᠤ ᠪᠤᠢ ᠭᠡᠵᠦ ᠪᠠᠷᠢᠮᠲᠠᠯᠠᠵᠤ ᠪᠠᠢᠨ᠎ᠠ᠃ 20 ᠡᠨᠡ ᠶᠠᠪᠤᠳᠠᠯ ᠨᠠᠮᠠᠶᠢ ᠮᠤᠬᠤᠷᠳᠠᠭᠤᠯᠤᠭᠰᠠᠨ ᠲᠤᠯᠠ ᠪᠢ ᠲᠡᠭᠦᠨ ᠡᠴᠡ᠄ 〈ᠶᠧᠷᠦ᠋ᠰᠠᠯᠧᠮ ᠳᠤ ᠣᠴᠢᠵᠤ ᠬᠡᠷᠡᠭ ᠢᠶᠡᠨ ᠰᠢᠭᠦᠯᠭᠡᠬᠦ ᠤᠤ︖〉 ᠭᠡᠵᠦ ᠠᠰᠠᠭᠤᠭᠰᠠᠨ ᠳᠤ᠂ 21 ᠫᠠᠦ᠋ᠯ ᠡᠵᠡᠨ ᠬᠠᠭᠠᠨ ᠤ ᠰᠢᠢᠳᠪᠦᠷᠢ ᠭᠠᠷᠬᠤ ᠬᠦᠷᠲᠡᠯ᠎ᠡ ᠰᠠᠬᠢᠵᠤ ᠥᠭᠬᠦ ᠶᠢ ᠱᠠᠭᠠᠷᠳᠠᠭᠰᠠᠨ ᠲᠤᠯᠠ ᠲᠡᠭᠦᠨ ᠢ ᠺᠠᠶᠧᠰᠠᠷ ᠤᠷᠤᠭᠤ ᠢᠯᠡᠭᠡᠲᠡᠯ᠎ᠡ ᠰᠠᠬᠢᠵᠤ ᠪᠠᠢᠬᠤ ᠶᠢ ᠪᠢ ᠲᠤᠰᠢᠶᠠᠭᠰᠠᠨ ᠶᠤᠮ》 ᠭᠡᠯᠡ᠃ 22 ᠠᠭᠷᠢᠫᠠ ᠹᠧᠰᠲ ᠲᠤ᠄ 《ᠪᠢ ᠴᠤ ᠲᠡᠷᠡ ᠬᠥᠮᠦᠨ ᠦ ᠬᠢ ᠶᠢ ᠰᠣᠨᠣᠰᠬᠤ ᠶᠢ ᠬᠦᠰᠡᠵᠦ ᠪᠠᠢᠨ᠎ᠠ》 ᠭᠡᠰᠡᠨ ᠳᠦ᠂ ᠹᠧᠰᠲ᠄ 《ᠲᠠ ᠮᠠᠷᠭᠠᠰᠢ ᠰᠣᠨᠣᠰᠴᠤ ᠪᠣᠯᠣᠨ᠎ᠠ》 ᠭᠡᠪᠡ᠃
23 ᠳᠠᠷᠠᠭ᠎ᠠ ᠡᠳᠦᠷ ᠨᠢ ᠠᠭᠷᠢᠫᠠ ᠪᠧᠷᠨᠢᠺᠧ ᠬᠣᠶᠠᠷ ᠶᠡᠬᠡᠯ᠎ᠡ ᠰᠦᠷ ᠲᠡᠢ ᠪᠠᠷ ᠢᠷᠡᠭᠡᠳ ᠮᠢᠩ᠋ᠭᠠᠲᠤ ᠶᠢᠨ ᠳᠠᠷᠤᠭ᠎ᠠ ᠪᠣᠯᠣᠨ ᠬᠣᠲᠠ ᠶᠢᠨ ᠬᠦᠨᠳᠦᠲᠦ ᠬᠥᠮᠦᠰ ᠲᠡᠢ ᠬᠠᠮᠲᠤ ᠰᠢᠭᠦᠬᠦ ᠲᠠᠩᠬᠢᠮ ᠳᠤ ᠣᠷᠣᠪᠠ᠃ ᠲᠡᠭᠡᠭᠡᠳ ᠹᠧᠰᠲ ᠤᠨ ᠲᠤᠰᠢᠶᠠᠯ ᠢᠶᠠᠷ ᠫᠠᠦ᠋ᠯ ᠢ ᠠᠪᠴᠢᠷᠠᠯ᠎ᠠ᠃ 24 ᠹᠧᠰᠲ᠄ 《ᠠᠭᠷᠢᠫᠠ ᠬᠠᠨ ᠪᠣᠯᠣᠨ ᠪᠢᠳᠡᠨ ᠲᠡᠢ ᠬᠠᠮᠲᠤ ᠡ᠊ᠨᠳᠡ ᠪᠠᠢᠭ᠎ᠠ ᠪᠦᠬᠦ ᠬᠥᠮᠦᠨ ᠡ︕ ᠲᠠ ᠨᠠᠷ ᠤᠨ ᠬᠠᠷᠠᠵᠤ ᠪᠠᠢᠭ᠎ᠠ ᠡᠨᠡ ᠬᠥᠮᠦᠨ ᠢ 〈ᠠᠮᠢᠳᠤ ᠪᠠᠢᠯᠭᠠᠵᠤ ᠪᠣᠯᠬᠤ ᠦᠭᠡᠢ〉 ᠭᠡᠵᠦ ᠶᠧᠷᠦ᠋ᠰᠠᠯᠧᠮ ᠪᠠ ᠡ᠊ᠨᠳᠡᠬᠢ ᠶᠢᠨ ᠬᠠᠮᠤᠭ ᠶᠦᠳᠠᠢ ᠬᠥᠮᠦᠨ ᠪᠠᠷᠬᠢᠷᠠᠯᠴᠠᠨ ᠨᠠᠳᠠ ᠳᠤ ᠱᠠᠭᠠᠷᠳᠠᠭᠰᠠᠨ ᠪᠢᠯᠡ᠃ 25 ᠬᠠᠷᠢᠨ ᠡᠨᠡ ᠬᠥᠮᠦᠨ ᠦᠬᠦᠬᠦ ᠶᠣᠰᠣᠲᠠᠢ ᠵᠦᠢᠯ ᠢ ᠦᠢᠯᠡᠳᠦᠭᠡ ᠦᠭᠡᠢ ᠭᠡᠵᠦ ᠪᠢ ᠣᠢᠯᠠᠭᠠᠵᠤ ᠪᠠᠢᠨ᠎ᠠ᠃ ᠭᠡᠲᠡᠯ᠎ᠡ ᠲᠡᠷᠡ ᠡᠵᠡᠨ ᠬᠠᠭᠠᠨ ᠳᠤ ᠥᠪᠡᠷ ᠢᠶᠡᠨ ᠵᠠᠭᠠᠯᠳᠤᠨ᠎ᠠ ᠭᠡᠰᠡᠨ ᠲᠤᠯᠠ ᠪᠢ ᠲᠡᠭᠦᠨ ᠢ ᠶᠠᠪᠤᠭᠤᠯᠬᠤ ᠪᠠᠷ ᠰᠢᠢᠳᠦᠭᠰᠡᠨ᠃ 26 ᠭᠡᠬᠦ ᠳᠦ᠂ ᠲᠡᠭᠦᠨ ᠦ ᠲᠤᠬᠠᠢ ᠡᠵᠡᠨ ᠬᠠᠭᠠᠨ ᠳᠤ ᠪᠢᠴᠢᠮᠡᠷ ᠪᠠᠷᠢᠮᠲᠠ ᠨᠠᠳᠠ ᠳᠤ ᠠᠯᠠᠭ᠎ᠠ᠃ ᠲᠡᠢᠮᠦ ᠡᠴᠡ ᠪᠠᠢᠴᠠᠭᠠᠭᠰᠠᠨ ᠤ ᠬᠣᠢᠨ᠎ᠠ ᠪᠢᠴᠢᠬᠦ ᠶᠠᠭᠤᠮ᠎ᠠ ᠣᠯᠳᠠᠬᠤ ᠪᠣᠯᠪᠠ ᠤᠤ︖ ᠭᠡᠵᠦ ᠲᠡᠭᠦᠨ ᠢ ᠲᠠ ᠨᠠᠷ ᠤᠨ ᠡᠮᠦᠨ᠎ᠡ᠂ ᠢᠯᠠᠩ᠋ᠭᠤᠶ᠎ᠠ ᠠᠭᠷᠢᠫᠠ ᠬᠠᠨ ᠤ ᠡᠮᠦᠨ᠎ᠡ ᠠᠪᠴᠢᠷᠠᠭᠰᠠᠨ ᠪᠢᠯᠡ᠃ 27 ᠶᠠᠯ᠎ᠠ ᠲᠣᠭᠲᠠᠭᠠᠬᠤ ᠦᠭᠡᠢ ᠪᠠᠷ ᠬᠣᠷᠢᠭᠳᠠᠯ ᠢ ᠶᠠᠪᠤᠭᠤᠯᠬᠤ ᠨᠢ ᠵᠦᠢ ᠦᠭᠡᠢ ᠭᠡᠵᠦ ᠪᠢ ᠪᠣᠳᠣᠵᠤ ᠪᠠᠢᠨ᠎ᠠ》 ᠭᠡᠪᠡ᠃