ᠦᠢᠯᠡᠰ ᠠᠷᠪᠠᠨ ᠳᠥᠷᠪᠡ
ᠢᠺᠣᠨᠢᠶᠣᠨ ᠳᠤ
1 ᠫᠠᠦ᠋ᠯ᠂ ᠪᠠᠷᠨᠠᠪᠠ ᠬᠣᠶᠠᠭᠤᠯᠠ ᠢᠺᠣᠨᠢᠶᠣᠨ ᠳᠤ ᠴᠤ ᠵᠤᠷᠰᠢᠯ ᠶᠣᠰᠣᠭᠠᠷ ᠢᠶᠠᠨ ᠶᠦᠳᠠᠢᠴᠤᠳ ᠤᠨ ᠬᠤᠷᠠᠯ ᠤᠨ ᠲᠠᠩᠬᠢᠮ ᠳᠤ ᠣᠷᠣᠵᠤ ᠨᠣᠮᠯᠠᠭᠰᠠᠨ ᠳᠤ᠂ ᠶᠦᠳᠠᠢ ᠪᠠ ᠭᠷᠧᠭ ᠤᠨ ᠮᠠᠰᠢ ᠣᠯᠠᠨ ᠬᠥᠮᠦᠨ ᠢᠲᠡᠭᠡᠵᠡᠢ᠃ 2 ᠲᠡᠭᠡᠬᠦ ᠳᠦ ᠳᠤᠭᠤᠯᠭᠠᠪᠤᠷᠢ ᠦᠭᠡᠢ ᠶᠦᠳᠠᠢᠴᠤᠳ ᠨᠢ ᠬᠠᠷᠢᠴᠤᠳ ᠤᠨ ᠰᠡᠳᠬᠢᠯ ᠢ ᠥᠳᠥᠭᠡᠨ᠂ ᠲᠡᠳᠡᠨ ᠢ ᠠᠬ᠎ᠠ ᠳᠡᠭᠦᠦ ᠨᠠᠷ ᠲᠤ ᠮᠠᠭᠤ ᠪᠠᠷ ᠬᠠᠨᠳᠤᠬᠤ ᠪᠣᠯᠭᠠᠵᠠᠢ᠃ 3 ᠲᠡᠢᠮᠦ ᠡᠴᠡ ᠲᠡᠷᠡ ᠬᠣᠶᠠᠷ ᠲᠡᠨᠳᠡ ᠤᠳᠠᠭᠠᠨ ᠪᠠᠢᠵᠤ ᠡᠵᠡᠨ ᠦ ᠲᠥᠯᠥᠭᠡ ᠵᠣᠷᠢᠭᠲᠠᠢ ᠪᠠᠷ ᠶᠠᠷᠢᠵᠤ ᠪᠠᠢᠪᠠ᠃ ᠡᠵᠡᠨ ᠲᠡᠳᠡᠨ ᠦ ᠭᠠᠷ ᠢᠶᠠᠷ ᠰᠢᠳᠢ ᠲᠡᠮᠳᠡᠭ ᠪᠠ ᠭᠠᠢᠬᠠᠮᠰᠢᠭᠲᠤ ᠵᠦᠢᠯᠡᠰ ᠢ ᠦᠢᠯᠡᠳᠦᠭᠦᠯᠦᠨ ᠢᠪᠡᠭᠡᠯ ᠦᠨ ᠦᠭᠡ ᠪᠡᠨ ᠭᠡᠷᠡᠴᠢᠯᠡᠭᠰᠡᠨ ᠪᠠᠢᠨ᠎ᠠ᠃ 4 ᠲᠡᠷᠡ ᠬᠣᠲᠠ ᠶᠢᠨ ᠬᠢᠨ ᠬᠠᠭᠠᠷᠠᠯ ᠭᠠᠷᠴᠤ᠂ ᠨᠢᠭᠡ ᠪᠦᠯᠦᠭ ᠨᠢ ᠶᠦᠳᠠᠢᠴᠤᠳ ᠤᠨ ᠲᠠᠯ᠎ᠠ ᠳᠤ᠂ ᠨᠥᠭᠥᠭᠡ ᠪᠦᠯᠦᠭ ᠨᠢ ᠰᠢᠳᠠᠷ ᠱᠠᠪᠢ ᠶᠢᠨ ᠲᠠᠯ᠎ᠠ ᠳᠤ ᠣᠷᠣᠵᠠᠢ᠃ 5 ᠬᠠᠷᠢᠴᠤᠳ᠂ ᠶᠦᠳᠠᠢᠴᠤᠳ ᠪᠠ ᠲᠡᠳᠡᠨ ᠦ ᠤᠳᠤᠷᠢᠳᠤᠭᠴᠢᠳ ᠬᠠᠮᠲᠤ ᠪᠠᠷ ᠰᠢᠳᠠᠷ ᠱᠠᠪᠢ ᠨᠠᠷ ᠲᠠᠢ ᠬᠠᠯᠳᠠᠵᠤ᠂ ᠴᠢᠯᠠᠭᠤ ᠪᠠᠷ ᠴᠣᠬᠢᠬᠤ ᠭᠡᠵᠦ ᠣᠷᠣᠯᠳᠤᠭᠰᠠᠨ ᠢ 6 ᠲᠡᠷᠡ ᠬᠣᠶᠠᠷ ᠠᠵᠢᠭᠠᠳ ᠯᠦᠺᠠᠣᠨᠢᠶᠠ ᠨᠤᠲᠤᠭ ᠤᠨ ᠯᠦᠰᠲ᠋ᠷᠠ᠂ ᠳ᠋ᠧᠷᠪᠧ ᠬᠣᠲᠠ ᠬᠢᠭᠡᠳ ᠲᠡᠷᠡ ᠬᠠᠪᠢ ᠶᠢᠨ ᠭᠠᠵᠠᠷ ᠢᠶᠠᠷ ᠵᠢᠭᠤᠲᠠᠵᠤ᠂ 7 ᠲᠡᠨᠳᠡ ᠪᠠᠶᠠᠷ ᠤᠨ ᠮᠡᠳᠡᠭᠡ ᠤᠯᠠᠮᠵᠢᠯᠠᠭᠰᠠᠭᠠᠷ ᠪᠠᠢᠪᠠ᠃
ᠯᠦᠰᠲ᠋ᠷᠠ ᠳᠤ
8 ᠯᠦᠰᠲ᠋ᠷᠠ ᠳᠤ ᠬᠥᠯ ᠮᠠᠭᠤᠲᠠᠢ ᠨᠢᠭᠡᠨ ᠬᠥᠮᠦᠨ ᠪᠠᠢᠵᠠᠢ᠃ ᠲᠥᠷᠥᠯᠬᠢ ᠰᠠᠭᠤᠩᠭᠢ ᠳᠣᠭᠣᠯᠠᠩ ᠲᠡᠷᠡ ᠶᠡᠷᠦ ᠡᠴᠡ ᠠᠯᠬᠤᠵᠤ ᠦᠵᠡᠭᠡ ᠦᠭᠡᠢ ᠶᠤᠮ᠃ 9 ᠲᠡᠷᠡ ᠫᠠᠦ᠋ᠯ ᠤᠨ ᠶᠠᠷᠢᠶ᠎ᠠ ᠶᠢ ᠰᠣᠨᠣᠰᠴᠤ ᠪᠠᠢᠬᠤ ᠳᠤ᠂ ᠫᠠᠦ᠋ᠯ ᠲᠡᠭᠦᠨ ᠢ ᠰᠢᠷᠲᠡᠭᠡᠳ ᠡᠳᠡᠭᠡᠷᠡᠨ᠎ᠡ ᠭᠡᠰᠡᠨ ᠢᠲᠡᠭᠡᠯ ᠲᠡᠢ ᠶᠢ ᠨᠢ ᠮᠡᠳᠡᠵᠦ᠂ 10 ᠴᠢᠩᠭ᠍᠎ᠠ ᠳᠠᠭᠤᠨ ᠢᠶᠠᠷ᠄ 《ᠪᠣᠰᠴᠤ ᠴᠢᠬᠡ ᠵᠣᠭᠰᠣ》 ᠭᠡᠰᠡᠨ ᠳᠦ᠂ ᠲᠡᠷᠡ ᠦᠰᠦᠷᠦᠨ ᠪᠣᠰᠣᠭᠠᠳ ᠠᠯᠬᠤᠵᠤ ᠡᠬᠢᠯᠡᠯ᠎ᠡ᠃ 11 ᠫᠠᠦ᠋ᠯ ᠤᠨ ᠡᠢᠨ ᠬᠦ ᠦᠢᠯᠡᠳᠦᠭᠰᠡᠨ ᠢ ᠣᠯᠠᠨ ᠬᠥᠮᠦᠨ ᠦᠵᠡᠭᠡᠳ᠂ ᠯᠦᠺᠠᠣᠨᠢᠶᠠ ᠬᠡᠯᠡ ᠪᠡᠷ᠄ 《ᠪᠤᠷᠬᠠᠳ ᠬᠥᠮᠦᠨ ᠦ ᠲᠥᠷᠬᠥ ᠪᠡᠷ ᠪᠢᠳᠡᠨ ᠦ ᠳᠤᠮᠳᠠ ᠪᠠᠭᠤᠵᠤ ᠢᠷᠡᠯ᠎ᠡ》 ᠭᠡᠵᠦ ᠬᠠᠰᠬᠢᠷᠤᠯᠳᠤᠪᠠ᠃ 12 ᠲᠡᠳᠡ ᠪᠠᠷᠨᠠᠪᠠ ᠶᠢ ᠽᠦᠰ ᠪᠤᠷᠬᠠᠨ 10 ᠭᠡᠵᠦ᠂ ᠭᠣᠣᠯᠯᠠᠨ ᠶᠠᠷᠢᠭᠴᠢ ᠫᠠᠦ᠋ᠯ ᠢ ᠾᠧᠷᠮᠧ ᠪᠤᠷᠬᠠᠨ 11 ᠬᠡᠮᠡᠨ ᠨᠡᠷᠡᠯᠡᠵᠡᠢ᠃ 13 ᠽᠦᠰ ᠪᠤᠷᠬᠠᠨ ᠤ ᠣᠷᠳᠣᠨ ᠬᠣᠲᠠ ᠶᠢᠨ ᠭᠠᠳᠠᠨ᠎ᠠ ᠪᠠᠢᠳᠠᠭ ᠠᠵᠢ᠃ ᠲᠡᠷᠡ ᠣᠷᠳᠣᠨ ᠤ ᠲᠠᠬᠢᠯᠴᠢ ᠪᠤᠬ᠎ᠠ ᠨᠤᠭᠤᠳ ᠪᠠ ᠴᠡᠴᠡᠭ ᠦᠨ ᠴᠠᠭᠠᠷᠢᠭ ᠢᠶᠠᠨ ᠬᠣᠲᠠ ᠶᠢᠨ ᠬᠠᠭᠠᠯᠭᠠᠨ ᠤ ᠡᠮᠦᠨ᠎ᠡ ᠠᠪᠴᠢᠷᠠᠭᠠᠳ ᠣᠯᠠᠨ ᠲᠠᠢ ᠬᠠᠮᠲᠤ ᠲᠡᠷᠡ ᠬᠣᠶᠠᠷ ᠲᠤ ᠲᠠᠬᠢᠯ ᠡᠷᠭᠦᠬᠦ ᠭᠡᠪᠡ᠃ 14 ᠡᠭᠦᠨ ᠢ ᠰᠢᠳᠠᠷ ᠱᠠᠪᠢ ᠪᠠᠷᠨᠠᠪᠠ ᠪᠣᠯᠣᠨ ᠫᠠᠦ᠋ᠯ ᠰᠣᠨᠣᠰᠣᠭᠠᠳ ᠬᠤᠪᠴᠠᠰᠤ ᠪᠠᠨ ᠤᠷᠠᠵᠤ᠂ ᠣᠯᠠᠨ ᠤ ᠳᠤᠮᠳᠠ ᠭᠦᠶᠦᠨ ᠣᠷᠣᠭᠠᠳ ᠴᠢᠩᠭ᠍᠎ᠠ ᠳᠠᠭᠤᠨ ᠢᠶᠠᠷ᠄ 15 《ᠬᠥᠮᠦᠰ ᠡ᠂ ᠲᠠ ᠨᠠᠷ ᠶᠠᠭᠤᠨ ᠳᠤ ᠢᠩᠭᠢᠨ᠎ᠡ ᠪᠤᠢ︖ ᠪᠢᠳᠡ ᠴᠤ ᠲᠠ ᠨᠠᠷ ᠲᠠᠢ ᠴᠢᠨᠠᠷ ᠢᠶᠠᠷ ᠢᠶᠠᠨ ᠠᠳᠠᠯᠢᠬᠠᠨ ᠬᠥᠮᠦᠨ ᠰᠢᠦ ᠳᠠ᠂ ᠲᠠ ᠨᠠᠷ ᠢ ᠡᠨᠡ ᠬᠣᠭᠣᠰᠣᠨ ᠶᠠᠪᠤᠳᠠᠯ ᠠᠴᠠ ᠰᠠᠯᠵᠤ᠂ ᠠᠮᠢᠳᠤ ᠪᠤᠷᠬᠠᠨ ᠤᠷᠤᠭᠤ ᠡᠷᠭᠢᠭᠡᠰᠡᠢ ᠭᠡᠵᠦ ᠪᠢᠳᠡ ᠪᠠᠶᠠᠷ ᠤᠨ ᠮᠡᠳᠡᠭᠡ ᠶᠢ ᠲᠠ ᠨᠠᠷ ᠲᠤ ᠲᠤᠩ᠋ᠬᠠᠭᠯᠠᠵᠤ ᠪᠠᠢᠨ᠎ᠠ᠃ ᠲᠡᠷᠡ ᠪᠤᠷᠬᠠᠨ ᠲᠩᠷᠢ᠂ ᠭᠠᠵᠠᠷ᠂ ᠳᠠᠯᠠᠢ ᠪᠣᠯᠣᠨ ᠲᠡᠳᠡᠭᠡᠷ ᠦᠨ ᠳᠣᠲᠣᠷᠠᠬᠢ ᠪᠦᠬᠦ ᠶᠠᠭᠤᠮ᠎ᠠ ᠶᠢ ᠪᠦᠲᠦᠭᠡᠭᠰᠡᠨ ᠪᠢᠯᠡ᠃ 16 ᠥᠩᠭᠡᠷᠡᠭᠰᠡᠨ ᠦᠶ᠎ᠡ ᠨᠦᠭᠦᠳ ᠲᠦ᠂ ᠪᠤᠷᠬᠠᠨ ᠪᠦᠬᠦ ᠦᠨᠳᠦᠰᠦᠲᠡᠨ ᠳᠦ ᠥᠪᠡᠷ ᠥᠪᠡᠷ ᠦᠨ ᠢᠶᠠᠨ ᠵᠠᠮ ᠢᠶᠠᠷ ᠶᠠᠪᠤᠬᠤ ᠶᠢ ᠨᠢ ᠵᠥᠪᠰᠢᠶᠡᠷᠡᠳᠡᠭ᠌ ᠪᠠᠢᠵᠠᠢ᠃ 17 ᠭᠡᠬᠦ ᠳᠡᠭᠡᠨ ᠥᠪᠡᠷ ᠢ ᠪᠠᠨ ᠭᠡᠷᠡᠴᠢᠯᠡᠭᠡ ᠦᠭᠡᠢ ᠪᠠᠷ ᠣᠷᠬᠢᠭᠰᠠᠨ ᠪᠢᠰᠢ᠂ ᠰᠠᠢᠨ ᠢ ᠦᠢᠯᠡᠳᠳᠡᠭ ᠪᠠᠢᠪᠠ᠃ ᠲᠡᠷᠡ ᠲᠠ ᠨᠠᠷ ᠤᠨ ᠲᠥᠯᠥᠭᠡ ᠲᠩᠷᠢ ᠡᠴᠡ ᠬᠤᠷ᠎ᠠ ᠪᠣᠷᠣᠭ᠎ᠠ ᠣᠷᠣᠭᠤᠯᠤᠨ᠂ ᠦᠩᠰᠢᠭ ᠤᠯᠠᠷᠢᠯ ᠢ ᠬᠠᠢᠷᠠᠯᠠᠵᠤ᠂ ᠬᠣᠭᠣᠯᠠ ᠬᠦᠨᠡᠰᠦ ᠪᠠ ᠪᠠᠶᠠᠷ ᠬᠥᠷ ᠢᠶᠡᠷ ᠰᠡᠳᠬᠢᠯ ᠢ ᠴᠢᠨᠢ ᠪᠢᠯᠬᠠᠭᠤᠯᠤᠨ ᠬᠠᠩ᠋ᠭᠠᠭᠰᠠᠨ》 ᠭᠡᠵᠡᠢ᠃ 18 ᠲᠡᠷᠡ ᠬᠣᠶᠠᠷ ᠥᠪᠡᠷᠰᠡᠳ ᠲᠤᠨᠢ ᠲᠠᠬᠢᠯ ᠡᠷᠭᠦᠬᠦ ᠭᠡᠰᠡᠨ ᠣᠯᠠᠨ ᠢ ᠡᠢᠮᠦ ᠦᠭᠡ ᠪᠡᠷ ᠠᠷᠠᠢ ᠭᠡᠵᠦ ᠬᠣᠷᠢᠭᠯᠠᠪᠠ᠃
ᠰᠢᠷᠢᠶ᠎ᠠ ᠶᠢᠨ ᠠᠨᠲ᠋ᠢᠶᠣᠬᠢᠶᠠ ᠤᠷᠤᠭᠤ ᠪᠤᠴᠠᠬᠤ ᠵᠠᠮ ᠳᠤ
19 ᠬᠠᠷᠢᠨ ᠶᠦᠳᠠᠢᠴᠤᠳ ᠠᠨᠲ᠋ᠢᠶᠣᠬᠢᠶᠠ ᠪᠠ ᠢᠺᠣᠨᠢᠶᠣᠨ ᠠᠴᠠ ᠢᠷᠡᠵᠦ ᠣᠯᠠᠨ ᠢ ᠥᠲᠥᠭᠡᠵᠡᠢ᠃ ᠲᠡᠳᠡ ᠫᠠᠦ᠋ᠯ ᠢ ᠴᠢᠯᠠᠭᠤ ᠪᠠᠷ ᠴᠣᠬᠢᠭᠰᠠᠨ ᠤ ᠳᠠᠷᠠᠭ᠎ᠠ ᠲᠡᠭᠦᠨ ᠢ ᠦᠬᠦᠭᠰᠡᠨ ᠭᠡᠵᠦ ᠪᠣᠳᠣᠭᠠᠳ ᠬᠣᠲᠠ ᠶᠢᠨ ᠭᠠᠳᠠᠨ᠎ᠠ ᠴᠢᠷᠴᠦ ᠭᠠᠷᠭᠠᠪᠠ᠃ 20 ᠱᠠᠪᠢ ᠨᠠᠷ ᠲᠡᠭᠦᠨ ᠢ ᠲᠣᠭᠣᠷᠢᠨ ᠵᠣᠭᠰᠣᠵᠤ ᠪᠠᠢᠲᠠᠯ᠎ᠠ ᠫᠠᠦ᠋ᠯ ᠪᠣᠰᠴᠤ ᠬᠣᠲᠠ ᠳᠤ ᠣᠷᠣᠪᠠ᠃ ᠮᠠᠷᠭᠠᠰᠢ ᠨᠢ ᠲᠡᠷᠡ ᠪᠠᠷᠨᠠᠪᠠ ᠲᠠᠢ ᠬᠠᠮᠲᠤ ᠳ᠋ᠧᠷᠪᠧ ᠬᠣᠲᠠ ᠤᠷᠤᠭᠤ ᠶᠠᠪᠤᠭᠰᠠᠨ ᠪᠠᠢᠨ᠎ᠠ᠃
21 ᠲᠡᠳᠡ ᠲᠡᠷᠡ ᠬᠣᠲᠠ ᠳᠤ ᠪᠠᠶᠠᠷ ᠤᠨ ᠮᠡᠳᠡᠭᠡ ᠳᠡᠯᠭᠡᠷᠡᠭᠦᠯᠦᠨ ᠣᠯᠠᠨ ᠬᠥᠮᠦᠨ ᠢ ᠱᠠᠪᠢ ᠪᠣᠯᠭᠠᠵᠤ᠂ ᠯᠦᠰᠲ᠋ᠷᠠ᠂ ᠢᠺᠣᠨᠢᠶᠣᠨ᠂ ᠠᠨᠲ᠋ᠢᠶᠣᠬᠢᠶᠠ ᠳᠤ ᠡᠷᠭᠢᠵᠦ ᠣᠴᠢᠪᠠ᠃ 22 ᠲᠡᠳᠡ ᠱᠠᠪᠢ ᠨᠠᠷ ᠤᠨ ᠰᠡᠳᠬᠢᠯ ᠢ ᠪᠠᠲᠤᠵᠢᠭᠤᠯᠵᠤ᠂ ᠦᠷᠭᠦᠯᠵᠢᠳᠡ ᠢᠲᠡᠭᠡᠯ ᠲᠡᠢ ᠪᠠᠢᠭᠠᠷᠠᠢ ᠭᠡᠵᠦ ᠵᠣᠷᠢᠭᠵᠢᠭᠤᠯᠵᠤ ᠶᠠᠪᠤᠬᠤ ᠳᠠᠭᠠᠨ᠄ 《ᠪᠢᠳᠡ ᠪᠤᠷᠬᠠᠨ ᠤ ᠬᠠᠭᠠᠨᠴᠢᠯᠠᠯ ᠳᠤ ᠣᠷᠣᠬᠤ ᠳᠠᠭᠠᠨ ᠣᠯᠠᠨ ᠵᠣᠪᠠᠯᠠᠩ ᠢ ᠲᠤᠭᠤᠯᠬᠤ ᠶᠣᠰᠣᠲᠠᠢ》 ᠭᠡᠳ 23 ᠴᠢᠭᠤᠯᠭᠠᠨ ᠪᠦᠷᠢ ᠳᠤ ᠠᠬᠠᠯᠠᠭᠴᠢᠳ ᠢ ᠲᠣᠮᠢᠯᠠᠵᠤ᠂ ᠪᠠᠴᠠᠭ ᠪᠠᠷᠢᠨ ᠳᠠᠭᠠᠳᠬᠠᠭᠠᠳ ᠲᠡᠳᠡᠨ ᠢ ᠥᠪᠡᠷᠰᠡᠳ ᠦᠨ ᠬᠢᠨᠢ ᠢᠲᠡᠭᠡᠳᠡᠭ ᠡᠵᠡᠨ ᠳᠦ ᠲᠤᠰᠢᠶᠠᠳᠠᠭ ᠪᠠᠢᠵᠠᠢ᠃
24 ᠲᠡᠭᠡᠭᠡᠳ ᠲᠡᠷᠡ ᠬᠣᠶᠠᠷ ᠫᠢᠰᠢᠳᠢᠶᠠ ᠨᠤᠲᠤᠭ ᠢᠶᠠᠷ ᠳᠠᠭᠠᠷᠢᠵᠤ ᠫᠠᠮᠹᠦ᠋ᠯᠢᠶᠠ ᠨᠤᠲᠤᠭ ᠲᠤ ᠬᠦᠷᠦᠭᠡᠳ 25 ᠫᠧᠷᠭᠧ ᠬᠣᠲᠠ ᠳᠤ ᠦᠭᠡ ᠶᠢ ᠤᠯᠠᠮᠵᠢᠯᠠᠭᠰᠠᠨ ᠤ ᠳᠠᠷᠠᠭ᠎ᠠ᠂ ᠠᠲ᠋ᠠᠯᠢᠶ᠎ᠠ ᠬᠣᠲᠠ ᠳᠤ ᠣᠴᠢᠵᠤ᠂ 26 ᠲᠡᠨᠳᠡ ᠡᠴᠡ ᠣᠩ᠋ᠭᠣᠴᠠ ᠪᠠᠷ ᠠᠨᠲ᠋ᠢᠶᠣᠬᠢᠶᠠ ᠶᠢ ᠵᠣᠷᠢᠪᠠ᠃ ᠲᠡᠨᠳᠡᠬᠢ ᠶᠢᠨ ᠬᠢᠨ ᠤᠷᠢᠳᠤ ᠨᠢ ᠲᠡᠷᠡ ᠬᠣᠶᠠᠷ ᠢ ᠠᠵᠢᠯ ᠤᠨ ᠬᠢᠨᠢ ᠲᠥᠯᠥᠭᠡ ᠪᠤᠷᠬᠠᠨ ᠤ ᠢᠪᠡᠭᠡᠯ ᠳᠦ ᠲᠤᠰᠢᠶᠠᠭᠰᠠᠨ ᠪᠢᠯᠡ᠂ ᠡᠳᠦᠭᠡ ᠲᠡᠳᠡ ᠠᠵᠢᠯ ᠢᠶᠠᠨ ᠨᠢᠭᠡᠨᠲᠡ ᠪᠡᠶᠡᠯᠡᠭᠦᠯᠵᠡᠢ᠃ 27 ᠲᠡᠷᠡ ᠬᠣᠶᠠᠷ ᠬᠦᠷᠴᠦ ᠢᠷᠡᠭᠰᠡᠨ ᠤ ᠳᠠᠷᠠᠭ᠎ᠠ ᠴᠢᠭᠤᠯᠭᠠᠨ ᠤ ᠬᠢᠨ ᠢ ᠴᠤᠭᠯᠠᠭᠤᠯᠵᠤ᠂ ᠪᠤᠷᠬᠠᠨ ᠥᠪᠡᠷᠰᠡᠳ ᠢᠶᠡᠷ ᠨᠢ ᠳᠠᠮᠵᠢᠭᠤᠯᠤᠨ ᠶᠠᠭᠤ ᠶᠠᠭᠤ ᠦᠢᠯᠡᠳᠦᠭᠰᠡᠨ ᠪᠠ ᠬᠠᠷᠢᠴᠤᠳ ᠲᠤ ᠢᠲᠡᠭᠡᠯ ᠦᠨ ᠡᠭᠦᠳᠡ ᠶᠢ ᠶᠠᠭᠠᠬᠢᠵᠤ ᠨᠡᠭᠡᠭᠡᠭᠰᠡᠨ ᠢ ᠳᠤᠭᠤᠯᠭᠠᠭᠠᠳ 28 ᠱᠠᠪᠢ ᠨᠠᠷ ᠲᠠᠢ ᠬᠠᠮᠲᠤ ᠲᠡᠨᠳᠡ ᠤᠳᠠᠲᠠᠯ᠎ᠠ ᠰᠠᠭᠤᠵᠠᠢ᠃