ᠦᠢᠯᠡᠰ ᠠᠷᠪᠠᠨ ᠭᠤᠷᠪᠠ
ᠠᠩ᠋ᠬᠠᠨ ᠤ ᠭᠠᠳᠠᠭᠠᠳᠤ ᠠᠶᠠᠯᠠᠯ
1 ᠠᠨᠲ᠋ᠢᠶᠣᠬᠢᠶᠠ ᠳᠠᠬᠢ ᠴᠢᠭᠤᠯᠭᠠᠨ ᠳᠤ ᠬᠡᠳᠦᠨ ᠡᠰᠢ ᠦᠵᠡᠭᠦᠯᠦᠭᠴᠢ ᠪᠠ ᠪᠠᠭᠰᠢ ᠨᠠᠷ ᠪᠠᠢᠵᠠᠢ᠃ ᠲᠡᠳᠡ ᠪᠣᠯ ᠪᠠᠷᠨᠠᠪᠠ ᠬᠢᠭᠡᠳ ᠨᠢᠭᠧᠷ 8 ᠭᠡᠭᠳᠡᠳᠡᠭ ᠰᠢᠮᠣᠨ᠂ ᠺᠦᠷᠧᠨᠠᠢ ᠬᠣᠲᠠ ᠶᠢᠨ ᠯᠦᠺᠢ ᠪᠠ ᠾᠧᠷᠣᠳ᠋ ᠬᠠᠨ ᠲᠠᠢ ᠬᠠᠮᠲᠤ ᠥᠰᠥᠭᠰᠡᠨ ᠮᠠᠨᠠᠶᠧᠨ ᠵᠢᠴᠢ ᠰᠠᠦ᠋ᠯ ᠨᠠᠷ ᠪᠣᠯᠣᠨ᠎ᠠ᠃ 2 ᠲᠡᠳᠡ ᠡᠵᠡᠨ ᠳᠦ ᠦᠢᠯᠡᠴᠢᠯᠡᠨ ᠪᠠᠴᠠᠭ ᠪᠠᠷᠢᠵᠤ ᠪᠠᠢᠬᠤ ᠳᠤᠨᠢ᠂ ᠠᠷᠢᠭᠤᠨ ᠰᠦᠨᠡᠰᠦ᠄ 《ᠪᠠᠷᠨᠠᠪᠠ ᠰᠠᠦ᠋ᠯ ᠬᠣᠶᠠᠷ ᠢ ᠨᠠᠳᠠ ᠳᠤ ᠰᠠᠯᠭᠠᠵᠤ ᠥᠭ᠂ ᠪᠢ ᠲᠡᠳᠡᠨ ᠢᠶᠡᠷ ᠠᠵᠢᠯ ᠢᠶᠠᠨ ᠬᠢᠯᠭᠡᠬᠦ ᠭᠡᠵᠦ ᠳᠠᠭᠤᠳᠠᠭᠰᠠᠨ ᠶᠤᠮ》 ᠭᠡᠵᠦ ᠬᠡᠯᠡᠭᠰᠡᠨ ᠪᠠᠢᠵᠠᠢ᠃ 3 ᠲᠡᠢᠮᠦ ᠡᠴᠡ ᠲᠡᠳᠡ ᠪᠠᠴᠠᠭ ᠪᠠᠷᠢᠨ ᠳᠠᠭᠠᠳᠬᠠᠵᠤ᠂ ᠬᠣᠶᠠᠭᠤᠯᠠ ᠶᠢᠨ ᠳᠡᠭᠡᠷ᠎ᠡ ᠭᠠᠷ ᠲᠠᠯᠪᠢᠵᠤ ᠶᠠᠪᠤᠭᠤᠯᠪᠠ᠃
ᠰᠠᠢᠫᠷᠦ᠋ᠰ ᠠᠷᠠᠯ ᠳᠤ
4 ᠲᠡᠢᠨ ᠬᠦ ᠲᠡᠷᠡ ᠬᠣᠶᠠᠭᠤᠯᠠ ᠠᠷᠢᠭᠤᠨ ᠰᠦᠨᠡᠰᠦᠨ ᠦ ᠢᠯᠡᠭᠡᠯᠲᠡ ᠪᠡᠷ ᠰᠧᠯᠦ᠋ᠺᠢᠶᠠ ᠬᠣᠲᠠ ᠳᠤ ᠣᠴᠢᠵᠤ᠂ ᠲᠡᠨᠳᠡ ᠡᠴᠡ ᠰᠠᠢᠫᠷᠦ᠋ᠰ ᠠᠷᠠᠯ ᠵᠦᠭ ᠣᠩ᠋ᠭᠣᠴᠠ ᠪᠠᠷ ᠶᠠᠪᠤᠯ᠎ᠠ᠃ 5 ᠲᠡᠳᠡ ᠰᠠᠯᠠᠮᠢ ᠳᠤ ᠪᠠᠢᠬᠤ ᠳᠠᠭᠠᠨ᠂ ᠶᠦᠳᠠᠢᠴᠤᠳ ᠤᠨ ᠬᠤᠷᠠᠯ ᠤᠨ ᠲᠠᠩᠬᠢᠮ ᠤᠳ ᠢᠶᠠᠷ ᠶᠠᠪᠤᠵᠤ ᠪᠤᠷᠬᠠᠨ ᠤ ᠦᠭᠡ ᠶᠢ ᠲᠤᠩ᠋ᠬᠠᠭᠯᠠᠭᠰᠠᠨ ᠪᠠᠢᠨ᠎ᠠ᠃ ᠶᠣᠬᠠᠨ ᠲᠡᠳᠡᠨ ᠦ ᠦᠢᠯᠡᠴᠢᠯᠡᠭᠴᠢ ᠪᠠᠷ ᠪᠠᠢᠵᠠᠢ᠃ 6 ᠲᠡᠳᠡ ᠠᠷᠠᠯ ᠢ ᠳᠤᠭᠤᠯᠵᠤ ᠫᠠᠹ ᠲᠤ ᠬᠦᠷᠦᠭᠡᠳ ᠪᠠᠷᠢᠰᠦ᠋ᠰ ᠬᠡᠮᠡᠭᠴᠢ ᠨᠢᠭᠡᠨ ᠶᠢᠯᠸᠢᠴᠢᠨ ᠲᠠᠢ ᠤᠴᠠᠷᠠᠵᠠᠢ᠃ ᠲᠡᠷᠡ ᠪᠣᠯ ᠬᠠᠭᠤᠷᠮᠠᠭ ᠡᠰᠢ ᠦᠵᠡᠭᠦᠯᠦᠭᠴᠢ ᠶᠦᠳᠠᠢ ᠬᠥᠮᠦᠨ ᠪᠠᠢᠪᠠ᠃ 7 ᠡᠨᠡ ᠬᠥᠮᠦᠨ ᠨᠤᠲᠤᠭ ᠤᠨ ᠵᠠᠬᠢᠷᠤᠭᠴᠢ ᠰᠧᠷᠬᠢ ᠫᠠᠦ᠋ᠯ ᠤᠨ ᠪᠠᠷ᠎ᠠ ᠪᠣᠯᠣᠭᠴᠢ ᠪᠠᠢᠵᠠᠢ᠃ ᠰᠧᠷᠬᠢ ᠫᠠᠦ᠋ᠯ ᠶᠡᠬᠡ ᠤᠬᠠᠭᠠᠨ ᠲᠠᠢ ᠬᠥᠮᠦᠨ ᠪᠠᠢᠯ᠎ᠠ᠃ ᠲᠡᠷᠡ ᠪᠠᠷᠨᠠᠪᠠ ᠰᠠᠦ᠋ᠯ ᠬᠣᠶᠠᠷ ᠢ ᠤᠷᠢᠵᠦ ᠪᠤᠷᠬᠠᠨ ᠤ ᠦᠭᠡ ᠶᠢ ᠰᠣᠨᠣᠰᠬᠤ ᠭᠡᠰᠡᠨ ᠪᠣᠯᠪᠠᠴᠤ 8 ᠧᠯᠦ᠋ᠮᠠ (ᠶᠢᠯᠸᠢᠴᠢᠨ ᠭᠡᠰᠡᠨ ᠤᠳᠬ᠎ᠠ ᠲᠠᠢ᠃) ᠭᠡᠰᠡᠨ ᠨᠡᠷ᠎ᠡ ᠲᠠᠢ ᠥᠨᠥᠬᠢ ᠶᠢᠯᠸᠢᠴᠢᠨ ᠱᠠᠪᠢ ᠨᠠᠷ ᠢ ᠡᠰᠡᠷᠭᠦᠴᠡᠵᠦ ᠵᠠᠬᠢᠷᠤᠭᠴᠢ ᠶᠢ ᠢᠲᠡᠭᠡᠭᠦᠯᠬᠦ ᠦᠭᠡᠢ ᠬᠣᠯᠠᠳᠠᠭᠤᠯᠬᠤ ᠶᠢ ᠣᠷᠣᠯᠳᠤᠪᠠ᠃ 9 ᠫᠠᠦ᠋ᠯ ᠭᠡᠭᠳᠡᠳᠡᠭ ᠰᠠᠦ᠋ᠯ ᠠᠷᠢᠭᠤᠨ ᠰᠦᠨᠡᠰᠦ ᠪᠡᠷ ᠳᠦᠭᠦᠷᠴᠦ᠂ ᠲᠡᠭᠦᠨ ᠢ ᠰᠢᠷᠲᠡᠨ᠄ 10 《ᠵᠦᠢᠯ ᠪᠦᠷᠢ ᠶᠢᠨ ᠵᠠᠯᠢ ᠪᠠᠰᠢᠷ ᠢᠶᠠᠷ ᠳᠦᠭᠦᠷᠦᠭᠰᠡᠨ ᠰᠠᠲ᠋ᠠᠨ ᠤ ᠬᠦᠦ᠂ ᠵᠥᠪᠲᠦ ᠶᠢᠨ ᠳᠠᠢᠰᠤᠨ ᠴᠢ︕ ᠡᠵᠡᠨ ᠦ ᠰᠢᠯᠤᠭᠤᠨ ᠵᠠᠮ ᠢ ᠭᠠᠵᠢᠭᠤᠳᠠᠭᠤᠯᠬᠤ ᠪᠠᠨ ᠪᠣᠯᠢᠬᠤ ᠦᠭᠡᠢ ᠤᠤ︖ 11 ᠬᠠᠷ᠎ᠠ ᠡ᠂ ᠡᠵᠡᠨ ᠦ ᠮᠤᠲᠤᠷ ᠣᠳᠣ ᠴᠢᠨᠦ ᠳᠡᠭᠡᠷ᠎ᠡ ᠪᠠᠢᠨ᠎ᠠ︕ ᠴᠢ ᠨᠠᠷᠠᠨ ᠤ ᠭᠡᠷᠡᠯ ᠢ ᠲᠦᠷ ᠵᠠᠭᠤᠷ᠎ᠠ ᠦᠵᠡᠬᠦ ᠦᠭᠡᠢ ᠰᠣᠬᠣᠷ ᠪᠣᠯᠣᠨ᠎ᠠ》 ᠭᠡᠵᠦ ᠬᠡᠯᠡᠮᠡᠭᠴᠡ ᠮᠠᠨᠠᠨ ᠪᠠ ᠬᠠᠷᠠᠩ᠋ᠭᠤᠢ ᠲᠡᠭᠦᠨ ᠢ ᠪᠦᠷᠬᠦᠭᠰᠡᠨ ᠳᠦ᠂ ᠲᠡᠷᠡ ᠲᠡᠮᠲᠡᠴᠢᠨ ᠬᠥᠲᠥᠯᠥᠭᠦᠯᠬᠦ ᠬᠥᠮᠦᠨ ᠡᠷᠢᠯ᠎ᠡ᠃ 12 ᠵᠠᠬᠢᠷᠤᠭᠴᠢ ᠪᠣᠯᠣᠭᠰᠠᠨ ᠶᠠᠪᠤᠳᠠᠯ ᠢ ᠬᠠᠷᠠᠭᠠᠳ ᠡᠵᠡᠨ ᠦ ᠰᠤᠷᠭᠠᠯ ᠳᠤ ᠭᠠᠢᠬᠠᠰᠢ ᠲᠥᠷᠥᠨ ᠢᠲᠡᠭᠡᠪᠡ᠃
ᠫᠢᠰᠢᠳᠢᠶᠠ ᠶᠢᠨ ᠠᠨᠲ᠋ᠢᠶᠣᠬᠢᠶᠠ ᠳᠤ ᠪᠠᠶᠠᠷ ᠤᠨ ᠮᠡᠳᠡᠭᠡ ᠳᠡᠯᠭᠡᠷᠡᠭᠦᠯᠦᠭᠰᠡᠨ ᠨᠢ
13 ᠫᠠᠦ᠋ᠯ ᠪᠠ ᠲᠡᠭᠦᠨ ᠲᠡᠢ ᠬᠠᠮᠲᠤᠷᠠᠨ ᠠᠵᠢᠯᠯᠠᠭᠴᠢᠳ ᠫᠠᠹ ᠠᠴᠠ ᠤᠰᠤᠨ ᠵᠠᠮ ᠢᠶᠠᠷ ᠫᠠᠮᠹᠦ᠋ᠯᠢᠶᠠ ᠶᠢᠨ ᠫᠧᠷᠭᠧ ᠳᠤ ᠬᠦᠷᠴᠦ ᠢᠷᠡᠬᠦ ᠳᠦ᠂ ᠶᠣᠬᠠᠨ ᠲᠡᠳᠡᠨ ᠡᠴᠡ ᠰᠠᠯᠵᠤ ᠶᠧᠷᠦ᠋ᠰᠠᠯᠧᠮ ᠳᠤ ᠪᠤᠴᠠᠪᠠ᠃ 14 ᠲᠡᠳᠡ ᠫᠧᠷᠭᠧ ᠡᠴᠡ ᠴᠢᠨᠠᠭᠰᠢ ᠪᠠᠨ ᠫᠢᠰᠢᠳᠢᠶᠠ ᠶᠢᠨ ᠠᠨᠲ᠋ᠢᠶᠣᠬᠢᠶᠠ ᠳᠤ ᠬᠦᠷᠦᠭᠡᠳ ᠠᠮᠠᠷᠠᠯ ᠤᠨ ᠡᠳᠦᠷ ᠬᠤᠷᠠᠯ ᠤᠨ ᠲᠠᠩᠬᠢᠮ ᠳᠤ ᠣᠷᠣᠵᠤ ᠰᠠᠭᠤᠪᠠ᠃ 15 ᠬᠠᠤᠯᠢ ᠪᠠ ᠡᠰᠢ ᠦᠵᠡᠭᠦᠯᠦᠭᠴᠢᠳ ᠤᠨ ᠨᠣᠮ ᠤᠳ ᠠᠴᠠ ᠤᠩ᠋ᠰᠢᠭᠰᠠᠨ ᠤ ᠳᠠᠷᠠᠭ᠎ᠠ᠂ ᠬᠤᠷᠠᠯ ᠤᠨ ᠲᠠᠩᠬᠢᠮ ᠤᠨ ᠠᠬᠠᠯᠠᠭᠴᠢᠳ ᠲᠡᠳᠡᠨ ᠳᠦ ᠬᠡᠯᠡ ᠶᠠᠪᠤᠭᠤᠯᠵᠤ᠄ 《ᠠᠬ᠎ᠠ ᠳᠡᠭᠦᠦᠰ ᠡ᠂ ᠡᠨᠡ ᠣᠯᠠᠨ ᠬᠥᠮᠦᠰ ᠢ ᠵᠣᠷᠢᠭᠵᠢᠭᠤᠯᠬᠤ ᠦᠭᠡ ᠪᠠᠢᠪᠠᠯ ᠶᠠᠷᠢᠭᠠᠷᠠᠢ》 ᠭᠡᠵᠦ ᠬᠡᠯᠡᠭᠦᠯᠦᠭᠰᠡᠨ ᠳᠦ᠂ 16 ᠫᠠᠦ᠋ᠯ ᠪᠣᠰᠴᠤ᠂ ᠭᠠᠷ ᠢᠶᠠᠨ ᠵᠠᠩ᠋ᠭᠠᠭᠰᠠᠨ ᠤ ᠳᠠᠷᠠᠭ᠎ᠠ᠄
17 ᠢᠰᠷᠧᠯ ᠤᠨ ᠠᠷᠠᠳ ᠲᠦᠮᠡᠨ ᠦ ᠪᠤᠷᠬᠠᠨ ᠮᠠᠨ ᠤ ᠳᠡᠭᠡᠳᠦᠰ ᠢ ᠰᠣᠩ᠋ᠭᠣᠨ᠂ ᠶᠧᠵᠢᠫᠲ ᠲᠤ ᠪᠠᠢᠬᠤ ᠳᠤᠨᠢ ᠲᠡᠳᠡᠨ ᠢ ᠡᠷᠭᠦᠵᠦ᠂ ᠬᠦᠴᠦᠲᠦ ᠮᠤᠲᠤᠷ ᠢᠶᠠᠷ ᠢᠶᠠᠨ ᠲᠡᠨᠳᠡ ᠡᠴᠡ ᠤᠳᠤᠷᠢᠳᠤᠨ ᠭᠠᠷᠭᠠᠭᠰᠠᠨ ᠶᠤᠮ᠃ 18 ᠴᠥᠯ ᠳᠤ ᠳᠥᠴᠢᠭᠡᠳ ᠵᠢᠯ ᠪᠠᠢᠬᠤ ᠳᠤᠨᠢ ᠪᠤᠷᠬᠠᠨ ᠲᠡᠳᠡ ᠨᠠᠷ ᠢ ᠬᠦᠯᠢᠴᠡᠭᠰᠡᠨ ᠪᠠ 19 ᠺᠠᠨᠠᠨ ᠨᠤᠲᠤᠭ ᠤᠨ ᠳᠣᠯᠣᠭᠠᠨ ᠦᠨᠳᠦᠰᠦᠲᠡᠨ ᠢ ᠰᠥᠨᠥᠭᠡᠵᠦ᠂ ᠨᠤᠲᠤᠭ ᠢ ᠨᠢ ᠢᠰᠷᠧᠯᠴᠦᠳ ᠲᠦ ᠥᠮᠴᠢ ᠪᠣᠯᠭᠠᠨ ᠥᠭᠭᠥᠭᠰᠡᠨ ᠪᠢᠯᠡ᠃ 20 ᠡᠭᠦᠨ ᠦ ᠳᠠᠷᠠᠭ᠎ᠠ ᠪᠠᠷ ᠪᠠᠷᠤᠭ ᠳᠥᠷᠪᠡᠨ ᠵᠠᠭᠤ ᠲᠠᠪᠢᠨ ᠵᠢᠯ ᠤᠨ ᠲᠤᠷᠰᠢ ᠡᠰᠢ ᠦᠵᠡᠭᠦᠯᠦᠭᠴᠢ ᠰᠠᠮᠦ᠋ᠶᠧᠯ ᠤᠨ ᠦᠶ᠎ᠡ ᠬᠦᠷᠲᠡᠯ᠎ᠡ ᠪᠤᠷᠬᠠᠨ ᠲᠡᠳᠡᠨ ᠳᠦ ᠰᠢᠭᠦᠭᠴᠢᠳ ᠢ ᠥᠭᠪᠡ᠃ 21 ᠳᠠᠷᠠᠭ᠎ᠠ ᠨᠢ ᠲᠡᠳᠡ ᠬᠠᠭᠠᠨ ᠲᠠᠢ ᠪᠣᠯᠬᠤ ᠶᠢ ᠭᠤᠶᠤᠭᠰᠠᠨ ᠳᠤ᠂ ᠪᠤᠷᠬᠠᠨ ᠪᠢᠨᠶᠠᠮᠢᠨ ᠣᠪᠣᠭ ᠤᠨ ᠺᠢᠱ ᠤᠨ ᠬᠦᠦ ᠰᠠᠦ᠋ᠯ ᠢ ᠥᠭᠴᠡᠢ᠃ ᠳᠥᠴᠢᠨ ᠵᠢᠯ ᠤᠨ ᠳᠠᠷᠠᠭ᠎ᠠ᠂ 22 ᠲᠡᠷᠡ ᠲᠡᠭᠦᠨ ᠢ ᠵᠠᠢᠯᠠᠭᠤᠯᠤᠭᠠᠳ ᠳ᠋ᠠᠸᠢᠳ᠋ ᠢ ᠬᠠᠭᠠᠨ ᠪᠣᠯᠭᠠᠨ᠂ ᠲᠡᠭᠦᠨ ᠦ ᠲᠤᠬᠠᠢ᠄ 〈ᠰᠡᠳᠬᠢᠯ ᠳᠤ ᠮᠢᠨᠢ ᠲᠠᠭᠠᠯᠠᠭᠳᠠᠭᠰᠠᠨ ᠨᠢᠭᠡᠨ᠂ ᠢᠱᠠᠢ ᠶᠢᠨ ᠬᠦᠦ ᠳ᠋ᠠᠸᠢᠳ᠋ ᠢ ᠪᠢ ᠣᠯᠣᠯ᠎ᠠ᠃ ᠰᠠᠨᠠᠭᠰᠠᠨ ᠪᠦᠬᠦᠨ ᠢ ᠮᠢᠨᠢ ᠲᠡᠷᠡ ᠪᠡᠯᠡᠶᠡᠭᠦᠯᠦᠨᠡ〉 ᠭᠡᠵᠦ ᠭᠡᠷᠡᠴᠢᠯᠡᠵᠡᠢ᠃ 23 ᠪᠤᠷᠬᠠᠨ ᠠᠮᠠᠯᠠᠭᠰᠠᠨ ᠶᠣᠰᠣᠭᠠᠷ ᠢᠶᠠᠨ ᠡᠨᠡ ᠬᠥᠮᠦᠨ ᠦ ᠦᠷ᠎ᠡ ᠤᠳᠤᠮ ᠠᠴᠠ ᠢᠰᠷᠧᠯ ᠳᠤ ᠠᠪᠤᠷᠠᠭᠴᠢ ᠶᠠᠪᠤᠭᠤᠯᠤᠭᠰᠠᠨ ᠨᠢ ᠢᠰᠦ᠋ᠰ ᠪᠠᠢᠵᠠᠢ᠃ 24 ᠲᠡᠷᠡ ᠢᠷᠡᠬᠦ ᠡᠴᠡ ᠡᠮᠦᠨ᠎ᠡ᠂ ᠶᠣᠬᠠᠨ ᠢᠰᠷᠧᠯ ᠤᠨ ᠠᠷᠠᠳ ᠲᠦᠮᠡᠨ ᠳᠦ ᠭᠡᠮᠰᠢᠯ ᠤᠨ ᠤᠬᠢᠶᠠᠯ ᠢ ᠲᠤᠩ᠋ᠬᠠᠭᠯᠠᠪᠠ᠃ 25 ᠶᠣᠬᠠᠨ ᠠᠵᠢᠯ ᠢᠶᠠᠨ ᠳᠠᠭᠤᠰᠬᠠᠵᠤ ᠪᠠᠢᠬᠤ ᠳᠠᠭᠠᠨ᠄ 〈ᠲᠠ ᠨᠠᠷ ᠨᠠᠮᠠᠶᠢ ᠬᠡᠨ ᠭᠡᠵᠦ ᠪᠣᠳᠣᠵᠤ ᠪᠠᠢᠨ᠎ᠠ ᠪᠤᠢ︖ ᠪᠢ ᠾᠷᠢᠰᠲ᠋ᠣᠰ ᠪᠢᠰᠢ᠂ ᠲᠡᠷᠡ ᠮᠢᠨᠦ ᠬᠣᠢᠨ᠎ᠠ ᠠᠴᠠ ᠢᠷᠡᠨ᠎ᠡ᠂ ᠪᠢ ᠲᠡᠭᠦᠨ ᠦ ᠱᠠᠬᠠᠢ ᠶᠢᠨ ᠣᠭᠣᠰᠣᠷ ᠢ ᠲᠠᠢᠯᠬᠤ ᠬᠢᠷᠢ ᠭᠡᠮ ᠴᠤ ᠦᠭᠡᠢ ᠶᠤᠮ〉 ᠭᠡᠵᠦ ᠬᠡᠯᠡᠪᠡ᠃
26 ᠠᠬ᠎ᠠ ᠳᠡᠭᠦᠦ ᠨᠠᠷ ᠡ᠂ ᠠᠪᠷᠠᠬᠠᠮ ᠤᠨ ᠦᠷ᠎ᠡ ᠤᠳᠤᠮ ᠡ᠂ ᠪᠤᠷᠬᠠᠨ ᠠᠴᠠ ᠡᠮᠢᠶᠡᠳᠡᠭ ᠬᠥᠮᠦᠰ ᠡ᠂ ᠪᠤᠷᠬᠠᠨ ᠡᠨᠡ ᠬᠦ ᠠᠪᠤᠷᠠᠯ ᠤᠨ ᠦᠭᠡ ᠶᠢ ᠪᠢᠳᠡᠨ ᠳᠦ ᠢᠯᠡᠭᠡᠭᠰᠡᠨ ᠶᠤᠮ᠃ 27 ᠶᠧᠷᠦ᠋ᠰᠠᠯᠧᠮ ᠳᠤ ᠰᠠᠭᠤᠭᠴᠢᠳ ᠪᠠ ᠲᠡᠳᠡᠨ ᠦ ᠨᠣᠶᠠᠳ ᠢᠰᠦ᠋ᠰ ᠢ ᠣᠢᠯᠠᠭᠠᠭᠰᠠᠨ ᠦᠭᠡᠢ᠂ ᠠᠮᠠᠷᠠᠯ ᠤᠨ ᠡᠳᠦᠷ ᠪᠣᠯᠭᠠᠨ ᠤᠩ᠋ᠰᠢᠳᠠᠭ ᠡᠰᠢ ᠦᠵᠡᠭᠦᠯᠦᠭᠴᠢᠳ ᠤᠨ ᠦᠭᠡᠰ ᠢ ᠴᠤ ᠣᠢᠯᠠᠭᠠᠭᠰᠠᠨ ᠦᠭᠡᠢ᠂ ᠬᠠᠷᠢᠨ ᠲᠡᠭᠦᠨ ᠢ ᠶᠠᠯᠠᠯᠠᠭᠰᠠᠨ ᠢᠶᠠᠷ ᠢᠶᠠᠨ ᠲᠡᠷᠡ ᠦᠭᠡᠰ ᠢ ᠪᠡᠶᠡᠯᠡᠭᠦᠯᠦᠭᠰᠡᠨ᠃ 28 ᠲᠡᠳᠡ ᠢᠰᠦ᠋ᠰ ᠢ ᠦᠬᠦᠭᠦᠯᠬᠦ ᠶᠣᠰᠣᠲᠠᠢ ᠭᠡᠰᠡᠨ ᠰᠢᠯᠲᠠᠭ ᠢ ᠶᠡᠷᠦ ᠣᠯᠣᠭ᠎ᠠ ᠦᠭᠡᠢ ᠠᠲᠠᠯ᠎ᠠ ᠪᠠᠨ ᠲᠡᠭᠦᠨ ᠢ ᠴᠠᠭᠠᠵᠠᠯᠠᠭᠤᠯᠬᠤ ᠪᠠᠷ ᠫᠢᠯᠠᠲ ᠢ ᠱᠠᠯᠠᠵᠠᠢ᠃ 29 ᠲᠡᠭᠦᠨ ᠦ ᠲᠤᠬᠠᠢ ᠨᠣᠮ ᠳᠤ ᠪᠢᠴᠢᠭᠳᠡᠭᠰᠡᠨ ᠪᠦᠬᠦᠨ ᠢ ᠭᠦᠢᠴᠡᠭᠡᠭᠰᠡᠨ ᠦ ᠳᠠᠷᠠᠭ᠎ᠠ᠂ ᠲᠡᠭᠦᠨ ᠢ ᠮᠣᠳᠣᠨ ᠠᠴᠠ ᠪᠠᠭᠤᠯᠭᠠᠵᠤ ᠪᠤᠯᠠᠰᠢᠯᠠᠭᠰᠠᠨ᠂ 30 ᠬᠠᠷᠢᠨ ᠪᠤᠷᠬᠠᠨ ᠲᠡᠭᠦᠨ ᠢ ᠦᠬᠦᠭᠰᠡᠳ ᠦᠨ ᠳᠤᠮᠳᠠ ᠠᠴᠠ ᠠᠮᠢᠯᠠᠭᠤᠯᠵᠠᠢ᠃ 31 ᠲᠡᠷᠡ ᠪᠡᠷ ᠭᠠᠯᠢᠯᠠᠶ᠎ᠠ ᠠᠴᠠ ᠶᠧᠷᠦ᠋ᠰᠠᠯᠧᠮ ᠳᠤ ᠬᠠᠮᠲᠤ ᠣᠴᠢᠭᠰᠠᠨ ᠬᠥᠮᠦᠰ ᠲᠡᠭᠡᠨ ᠣᠯᠠᠨ ᠬᠣᠨᠣᠭ ᠤᠨ ᠲᠤᠷᠰᠢ ᠦᠵᠡᠭᠳᠡᠭᠰᠡᠨ ᠪᠠ ᠲᠡᠳᠡᠭᠡᠷ ᠬᠥᠮᠦᠰ ᠨᠢ ᠣᠳᠣ ᠠᠷᠠᠳ ᠲᠦᠮᠡᠨ ᠳᠡᠭᠡᠨ ᠲᠡᠭᠦᠨ ᠢ ᠭᠡᠷᠡᠴᠢᠯᠡᠵᠦ ᠪᠠᠢᠨ᠎ᠠ᠃ 32 ᠪᠢᠳᠡ ᠴᠤ ᠲᠠ ᠨᠠᠷ ᠲᠤ ᠪᠠᠶᠠᠷ ᠤᠨ ᠮᠡᠳᠡᠭᠡ ᠶᠢ ᠮᠡᠳᠡᠭᠦᠯᠦᠶ᠎ᠡ᠃ ᠮᠠᠨ ᠤ ᠳᠡᠭᠡᠳᠦᠰ ᠲᠦ ᠥᠭᠭᠥᠭᠰᠡᠨ ᠨᠥᠭᠥᠭᠡ ᠠᠮᠠᠯᠠᠯᠲᠠ ᠪᠠᠨ 33 ᠪᠤᠷᠬᠠᠨ ᠢᠰᠦ᠋ᠰ ᠢ ᠠᠮᠢᠯᠠᠭᠤᠯᠤᠭᠰᠠᠨ ᠢᠶᠠᠷ ᠢᠶᠠᠨ ᠲᠡᠳᠡᠨ ᠦ ᠦᠷ᠎ᠡ ᠤᠳᠤᠮ ᠪᠣᠯᠣᠭᠰᠠᠨ ᠪᠢᠳᠡᠨ ᠳᠦ ᠪᠡᠶᠡᠯᠡᠭᠦᠯᠦᠭᠰᠡᠨ ᠶᠤᠮ᠃ ᠡᠨᠡ ᠨᠢ ᠳᠠᠭᠤᠯᠠᠯ ᠤᠨ ᠬᠣᠶᠠᠳᠤᠭᠠᠷ ᠪᠠᠳᠠᠭ ᠲᠤ᠄ 〈ᠴᠢ ᠮᠢᠨᠦ ᠬᠦᠦ᠂ ᠥᠨᠥᠳᠥᠷ ᠪᠢ ᠴᠢᠮ᠎ᠠ ᠶᠢ ᠲᠥᠷᠥᠭᠦᠯᠦᠯᠡ〉 ᠭᠡᠵᠦ ᠪᠢᠴᠢᠭᠳᠡᠭᠰᠡᠨ ᠲᠡᠢ ᠠᠳᠠᠯᠢ ᠪᠢᠯᠡ᠃ 34 ᠪᠤᠷᠬᠠᠨ ᠲᠡᠭᠦᠨ ᠢ ᠢᠯᠵᠢᠷᠡᠯ ᠳᠦ ᠪᠤᠴᠠᠭᠠᠯ ᠦᠭᠡᠢ᠂ ᠦᠬᠦᠭᠰᠡᠳ ᠦᠨ ᠳᠤᠮᠳᠠ ᠠᠴᠠ ᠠᠮᠢᠯᠠᠭᠤᠯᠤᠭᠰᠠᠨ ᠲᠤᠬᠠᠢ ᠪᠠᠨ᠄ 〈ᠪᠢ ᠳ᠋ᠠᠸᠢᠳ᠋ ᠲᠤ ᠠᠮᠠᠯᠠᠭᠰᠠᠨ ᠠᠷᠢᠭᠤᠨ ᠪᠠ ᠪᠠᠲᠤ ᠢᠷᠥᠭᠡᠯ ᠢ ᠲᠠ ᠨᠠᠷ ᠲᠤ ᠥᠭᠭᠥᠨ᠎ᠡ〉 ᠭᠡᠵᠦ ᠠᠢᠯᠠᠳᠤᠭᠰᠠᠨ ᠪᠥᠭᠡᠳ 35 ᠳᠠᠭᠤᠯᠠᠯ ᠤᠨ ᠥᠭᠡᠷ᠎ᠡ ᠪᠠᠳᠠᠭ ᠲᠤ᠄ 〈ᠲᠠ ᠠᠷᠢᠭᠤᠨ ᠨᠢᠭᠡᠨ ᠳᠡᠭᠡᠨ ᠢᠯᠵᠢᠷᠡᠯ ᠢ ᠦᠵᠡᠭᠦᠯᠬᠦ ᠦᠭᠡᠢ〉 ᠭᠡᠰᠡᠨ ᠪᠠᠢᠳᠠᠭ᠃ 36 ᠳ᠋ᠠᠸᠢᠳ᠋ ᠪᠣᠯ ᠠᠮᠢᠳᠤ ᠳᠠᠭᠠᠨ ᠪᠤᠷᠬᠠᠨ ᠤ ᠰᠠᠨᠠᠭ᠎ᠠ ᠪᠠᠷ ᠦᠢᠯᠡᠴᠢᠯᠡᠭᠰᠡᠭᠡᠷ ᠨᠣᠢᠷᠰᠣᠵᠤ᠂ ᠳᠡᠭᠡᠳᠦᠰ ᠦᠨ ᠢᠶᠠᠨ ᠳᠤᠮᠳᠠ ᠪᠤᠯᠠᠰᠢᠯᠠᠭᠳᠠᠵᠤ ᠢᠯᠵᠢᠷᠡᠯ ᠢ ᠦᠵᠡᠭᠰᠡᠨ᠃ 37 ᠬᠠᠷᠢᠨ ᠪᠤᠷᠬᠠᠨ ᠤ ᠠᠮᠢᠯᠠᠭᠤᠯᠤᠭᠰᠠᠨ ᠨᠢ ᠢᠯᠵᠢᠷᠡᠯ ᠢ ᠦᠵᠡᠭᠰᠡᠨ ᠦᠭᠡᠢ ᠪᠢᠯᠡ᠃ 38 ᠲᠡᠢᠮᠦ ᠡᠴᠡ ᠠᠬ᠎ᠠ ᠳᠡᠭᠦᠦ ᠨᠠᠷ ᠡ᠂ ᠮᠡᠳᠡᠭᠲᠦᠨ᠂ ᠢᠰᠦ᠋ᠰ ᠢᠶᠠᠷ ᠳᠠᠮᠵᠢᠨ ᠲᠠ ᠨᠠᠷ ᠤᠨ ᠨᠢᠭᠦᠯ ᠠᠭᠤᠴᠢᠯᠠᠭᠳᠠᠨ᠎ᠠ ᠭᠡᠵᠦ ᠪᠢᠳᠡ ᠲᠤᠩ᠋ᠬᠠᠭᠯᠠᠵᠤ ᠪᠠᠢᠨ᠎ᠠ᠃ 39 ᠲᠠ ᠨᠠᠷ ᠮᠣᠰᠧ ᠶᠢᠨ ᠬᠠᠤᠯᠢ ᠪᠠᠷ ᠶᠠᠭᠤᠨ ᠠᠴᠠ ᠴᠤ ᠵᠥᠪᠲᠥᠭᠡᠭᠳᠡᠵᠦ ᠴᠢᠳᠠᠭᠰᠠᠨ ᠦᠭᠡᠢ᠂ ᠬᠠᠷᠢᠨ ᠢᠲᠡᠭᠡᠭᠴᠢ ᠪᠣᠯᠭᠠᠨ ᠢᠰᠦ᠋ᠰ ᠢᠶᠠᠷ ᠲᠡᠷᠡ ᠪᠦᠬᠦᠨ ᠡᠴᠡ ᠵᠥᠪᠲᠥᠭᠡᠭᠳᠡᠨᠡ᠃ 40 ᠲᠡᠢᠮᠦ ᠡᠴᠡ ᠪᠣᠯᠭᠣᠮᠵᠢᠯᠠᠭᠲᠤᠨ᠂ ᠡᠰᠢ ᠦᠵᠡᠭᠦᠯᠦᠭᠴᠢᠳ ᠤᠨ ᠬᠡᠯᠡᠭᠰᠡᠨ ᠦᠭᠡ ᠲᠠ ᠨᠠᠷ ᠤᠨ ᠳᠡᠭᠡᠷ᠎ᠡ ᠪᠢᠲᠡᠭᠡᠢ ᠪᠡᠶᠡᠯᠡᠭᠡᠰᠡᠢ᠃
41 〈ᠬᠠᠷ᠎ᠠ᠂ ᠪᠠᠰᠤᠮᠵᠢᠯᠠᠭᠴᠢᠳ ᠡ︕ ᠭᠠᠢᠬᠠᠵᠠᠭᠠ᠂ ᠮᠥᠬᠥᠵᠡᠭᠡ ᠲᠠ ᠨᠠᠷ ᠤᠨ ᠡᠳᠦᠷ ᠤᠳ ᠲᠤ ᠪᠢ ᠨᠢᠭᠡ ᠦᠢᠯᠡ ᠶᠢ ᠬᠢᠨ᠎ᠡ ᠲᠡᠭᠦᠨ ᠢ ᠬᠡᠨ ᠨᠢᠭᠡᠨ ᠨᠢ ᠥᠭᠦᠯᠡᠭᠰᠡᠨ ᠴᠤ ᠲᠠ ᠨᠠᠷ ᠶᠡᠷᠦ ᠢᠲᠡᠭᠡᠬᠦ ᠦᠭᠡᠢ〉》 ᠭᠡᠵᠡᠢ᠃
42 ᠫᠠᠦ᠋ᠯ᠂ ᠪᠠᠷᠨᠠᠪᠠ ᠬᠣᠶᠠᠭᠤᠯᠠ ᠲᠠᠩᠬᠢᠮ ᠠᠴᠠ ᠭᠠᠷᠬᠤ ᠦᠶ᠎ᠡ ᠳᠦ᠂ ᠬᠥᠮᠦᠰ ᠳᠠᠷᠠᠭ᠎ᠠ ᠠᠮᠠᠷᠠᠯ ᠤᠨ ᠡᠳᠦᠷ ᠲᠦ ᠴᠤ ᠡᠨᠡ ᠲᠤᠬᠠᠢ ᠪᠠᠨ ᠶᠠᠷᠢᠵᠤ ᠥᠭᠭᠥᠭᠡᠷᠡᠢ ᠭᠡᠵᠦ ᠭᠤᠶᠤᠪᠠ᠃ 43 ᠬᠤᠷᠠᠯ ᠲᠠᠷᠬᠠᠭᠰᠠᠨ ᠤ ᠳᠠᠷᠠᠭ᠎ᠠ᠂ ᠶᠦᠳᠠᠢᠴᠤᠳ ᠪᠠ ᠶᠦᠳᠠᠢ ᠱᠠᠰᠢᠨ ᠳᠤ ᠣᠷᠣᠭᠰᠠᠨ ᠰᠦᠰᠦᠭᠲᠡᠨ ᠡᠴᠡ ᠣᠯᠠᠨ ᠬᠥᠮᠦᠨ ᠫᠠᠦ᠋ᠯ ᠪᠣᠯᠣᠨ ᠪᠠᠷᠨᠠᠪᠠ ᠶᠢ ᠳᠠᠭᠠᠵᠤ ᠶᠠᠪᠤᠵᠠᠢ᠃ ᠲᠡᠷᠡ ᠬᠣᠶᠠᠭᠤᠯᠠ ᠬᠥᠮᠦᠰ ᠲᠡᠢ ᠶᠠᠷᠢᠯᠴᠠᠵᠤ ᠦᠷᠭᠦᠯᠵᠢ ᠪᠤᠷᠬᠠᠨ ᠤ ᠢᠪᠡᠭᠡᠯ ᠳᠦ ᠪᠠᠢᠭᠲᠤᠨ ᠭᠡᠵᠦ ᠢᠳᠬᠠᠪᠠ᠃
44 ᠳᠠᠷᠠᠭ᠎ᠠ ᠠᠮᠠᠷᠠᠯ ᠤᠨ ᠡᠳᠦᠷ ᠪᠣᠯᠬᠤ ᠳᠤ᠂ ᠪᠠᠷᠤᠭ ᠪᠦᠬᠦ ᠬᠣᠲᠠ ᠶᠢᠨ ᠬᠢᠨ ᠪᠤᠷᠬᠠᠨ ᠤ ᠦᠭᠡ ᠶᠢ ᠰᠣᠨᠣᠰᠬᠤ ᠪᠠᠷ ᠬᠤᠷᠠᠨ ᠴᠤᠭᠯᠠᠷᠠᠭᠰᠠᠨ ᠪᠠᠢᠨ᠎ᠠ᠃ 45 ᠶᠦᠳᠠᠢᠴᠤᠳ ᠬᠤᠷᠠᠭᠰᠠᠨ ᠣᠯᠠᠨ ᠢ ᠦᠵᠡᠭᠡᠳ ᠠᠲᠠᠭᠠᠷᠬᠠᠯ ᠢᠶᠠᠷ ᠳᠦᠭᠦᠷᠴᠦ᠂ ᠬᠠᠷᠢᠶᠠᠯ ᠲᠠᠯᠪᠢᠭᠰᠠᠭᠠᠷ ᠫᠠᠦ᠋ᠯ ᠤᠨ ᠬᠡᠯᠡᠭᠰᠡᠨ ᠢ ᠡᠰᠡᠷᠭᠦᠴᠡᠪᠡ᠃ 46 ᠫᠠᠦ᠋ᠯ ᠪᠠ ᠪᠠᠷᠨᠠᠪᠠ ᠵᠣᠷᠢᠭᠲᠠᠢ ᠪᠠᠷ᠄ 《ᠪᠢᠳᠡ ᠪᠤᠷᠬᠠᠨ ᠤ ᠦᠭᠡ ᠶᠢ ᠬᠠᠮᠤᠭ ᠤᠨ ᠲᠡᠷᠢᠭᠦᠨ ᠳᠦ ᠶᠦᠳᠠᠢᠴᠤᠳ ᠲᠠ ᠨᠠᠷ ᠲᠤ ᠬᠡᠯᠡᠬᠦ ᠶᠣᠰᠣᠲᠠᠢ ᠪᠠᠢᠭᠰᠠᠨ᠃ ᠭᠡᠪᠡᠴᠦ ᠲᠠ ᠨᠠᠷ ᠲᠡᠷᠡ ᠦᠭᠡ ᠶᠢ ᠦᠯᠦ ᠬᠦᠯᠢᠶᠡᠵᠦ᠂ ᠥᠪᠡᠷ ᠢ ᠪᠠᠨ ᠮᠥᠩᠬᠡ ᠠᠮᠢ ᠶᠢ ᠣᠯᠬᠤ ᠬᠢᠷᠢ ᠭᠡᠮ ᠦᠭᠡᠢ ᠭᠡᠵᠦ ᠦᠵᠡᠳᠡᠭ ᠪᠣᠯᠬᠣᠷ ᠪᠢᠳᠡ ᠬᠠᠷᠢᠴᠤᠳ ᠤᠷᠤᠭᠤ ᠶᠠᠪᠤᠬᠤ ᠯᠠ ᠬᠡᠷᠡᠭ᠃ 47 ᠤᠴᠢᠷ ᠨᠢ᠂ ᠡᠵᠡᠨ ᠪᠢᠳᠡᠨ ᠳᠦ ᠵᠠᠬᠢᠵᠤ᠄ 〈ᠪᠢ ᠴᠢᠮᠠᠶᠢ ᠬᠠᠷᠢᠴᠤᠳ ᠤᠨ ᠭᠡᠷᠡᠯ ᠪᠣᠯᠭᠠᠶ᠎ᠠ᠂ ᠴᠢ ᠳᠡᠯᠡᠬᠡᠢ ᠶᠢᠨ ᠬᠢᠵᠠᠭᠠᠷ ᠬᠦᠷᠲᠡᠯ᠎ᠡ ᠠᠪᠤᠷᠠᠯ ᠢ ᠬᠦᠷᠭᠡᠬᠦ ᠪᠣᠯᠣᠨ᠎ᠠ〉 ᠭᠡᠪᠡ》 ᠬᠡᠮᠡᠨ ᠶᠠᠷᠢᠪᠠ᠃
48 ᠬᠠᠷᠢᠴᠤᠳ ᠰᠣᠨᠣᠰᠣᠭᠠᠳ ᠪᠠᠶᠠᠷᠯᠠᠨ᠂ ᠡᠵᠡᠨ ᠦ ᠦᠭᠡ ᠶᠢ ᠮᠠᠭᠲᠠᠵᠤ ᠪᠠᠢᠯ᠎ᠠ᠃ ᠡᠢᠨ ᠬᠦ ᠮᠥᠩᠬᠡ ᠠᠮᠢ ᠳᠤ ᠬᠦᠷᠬᠦ ᠲᠠᠪᠢᠯᠠᠩ ᠲᠠᠢ ᠬᠥᠮᠦᠨ ᠪᠣᠯᠭᠠᠨ ᠢᠲᠡᠭᠡᠪᠡ᠃ 49 ᠡᠵᠡᠨ ᠦ ᠦᠭᠡ ᠲᠡᠷᠡ ᠨᠤᠲᠤᠭ ᠳᠠᠶᠠᠭᠠᠷ ᠳᠡᠯᠭᠡᠷᠡᠵᠡᠢ᠃ 50 ᠲᠡᠭᠡᠲᠡᠯ᠎ᠡ ᠶᠦᠳᠠᠢᠴᠤᠳ ᠲᠡᠷᠡ ᠬᠣᠲᠠ ᠶᠢᠨ ᠰᠦᠰᠦᠭ ᠲᠡᠢ ᠬᠠᠲᠤᠳ ᠪᠣᠯᠣᠨ ᠡᠷᠬᠡ ᠰᠦᠷ ᠲᠡᠢ ᠬᠥᠮᠦᠰ ᠢ ᠥᠲᠥᠭᠡᠭᠡᠳ ᠪᠠᠷᠨᠠᠪᠠ᠂ ᠫᠠᠦ᠋ᠯ ᠬᠣᠶᠠᠷ ᠤᠨ ᠡᠰᠡᠷᠭᠦ ᠬᠠᠪᠴᠢᠯᠭ᠎ᠠ ᠶᠠᠪᠤᠭᠤᠯᠤᠨ ᠨᠤᠲᠤᠭ ᠠᠴᠠ ᠪᠠᠨ ᠬᠥᠭᠡᠭᠡᠨ ᠭᠠᠷᠭᠠᠪᠠ᠃ 51 ᠲᠡᠷᠡ ᠬᠣᠶᠠᠭᠤᠯᠠ ᠪᠠᠨ ᠲᠡᠳᠡᠨ ᠦ ᠥᠭᠡᠳᠡ ᠡᠴᠡ ᠬᠥᠯ ᠦᠨ ᠢᠶᠠᠨ ᠲᠣᠭᠣᠰᠣ ᠶᠢ ᠭᠦᠪᠢᠭᠡᠳ 9 ᠢᠺᠣᠨᠢᠶᠣᠨ ᠬᠣᠲᠠ ᠤᠷᠤᠭᠤ ᠣᠳᠪᠠ᠃ 52 ᠱᠠᠪᠢ ᠨᠠᠷ ᠪᠠᠶᠠᠷ ᠪᠠᠶᠠᠰᠬᠤᠯᠠᠩ ᠬᠢᠭᠡᠳ ᠠᠷᠢᠭᠤᠨ ᠰᠦᠨᠡᠰᠦ ᠪᠡᠷ ᠳᠦᠭᠦᠷᠡᠩ ᠪᠠᠢᠯ᠎ᠠ᠃