1 2 3


ᠬᠣᠶᠠᠳᠤᠭᠠᠷ ᠫᠧᠲ᠋ᠧᠷ ᠬᠣᠶᠠᠷ
 ᠭᠠᠵᠢᠭᠤ ᠤᠷᠤᠰᠬᠠᠯ ᠠᠴᠠ ᠪᠣᠯᠭᠣᠮᠵᠢᠯᠠ

1 ᠬᠠᠷᠢᠨ ᠠᠷᠠᠳ ᠤᠨ ᠳᠤᠮᠳᠠ ᠬᠠᠭᠤᠷᠮᠠᠭ ᠡᠰᠢ ᠦᠵᠡᠭᠦᠯᠦᠭᠴᠢᠳ ᠪᠠᠢᠭᠰᠠᠨ ᠮᠡᠲᠦ ᠪᠡᠷ᠂ ᠲᠠ ᠨᠠᠷ ᠤᠨ ᠳᠤᠮᠳᠠ ᠴᠤ ᠬᠠᠭᠤᠷᠮᠠᠭ ᠪᠠᠭᠰᠢ ᠨᠠᠷ ᠪᠠᠢᠬᠤ ᠪᠣᠯᠣᠨ᠎ᠠ᠃ ᠲᠡᠳᠡ ᠰᠦᠢᠷᠡᠭᠦᠯᠦᠯ ᠲᠡᠢ ᠭᠠᠵᠢᠭᠤ ᠤᠷᠤᠰᠬᠠᠯ ᠤᠳ ᠢ ᠰᠡᠮᠬᠡᠨ ᠣᠷᠣᠭᠤᠯᠬᠤ ᠪᠥᠭᠡᠳ ᠥᠪᠡᠷ ᠢ ᠨᠢ ᠬᠤᠳᠠᠯᠳᠤᠨ ᠠᠪᠤᠭᠰᠠᠨ ᠡᠵᠡᠨ ᠢ ᠴᠤ ᠮᠡᠯᠵᠢᠵᠦ ᠪᠡᠶ᠎ᠡ ᠪᠡᠨ ᠲᠦᠷᠭᠡᠨ ᠰᠦᠢᠷᠡᠭᠦᠯᠦᠨ᠎ᠡ᠃ 2 ᠣᠯᠠᠨ ᠬᠥᠮᠦᠨ ᠲᠡᠳᠡᠨ ᠦ ᠢᠴᠢᠭᠦᠷᠢᠲᠦ ᠦᠢᠯᠡ ᠶᠠᠪᠤᠳᠠᠯ ᠢ ᠳᠠᠭᠠᠬᠤ ᠪᠣᠯᠣᠨ᠎ᠠ᠃ ᠲᠡᠳᠡᠨ ᠡᠴᠡ ᠪᠣᠯᠵᠤ ᠦᠨᠡᠨ ᠦ ᠵᠠᠮ ᠳᠣᠷᠣᠮᠵᠢᠯᠠᠭᠳᠠᠨ᠎ᠠ᠃ 3 ᠲᠡᠳᠡ ᠰᠢᠨᠤᠯ ᠲᠠᠢ ᠪᠣᠯᠬᠣᠷ ᠪᠠᠰᠢᠷ ᠲᠠᠢ ᠦᠭᠡ ᠪᠡᠷ ᠲᠠ ᠨᠠᠷ ᠢ ᠮᠥᠯᠵᠢᠬᠦ ᠪᠣᠯᠣᠨ᠎ᠠ᠃ ᠬᠠᠷᠢᠨ ᠡᠷᠲᠡ ᠳᠡᠭᠡᠷ᠎ᠡ ᠦᠶ᠎ᠡ ᠳᠦ ᠲᠡᠳᠡᠨ ᠳᠦ ᠣᠨᠣᠭᠳᠠᠭᠰᠠᠨ ᠰᠢᠳᠬᠡᠯ ᠬᠦᠴᠦᠨ ᠲᠡᠢ ᠪᠠᠢᠭᠰᠠᠭᠠᠷ᠂ ᠲᠡᠳᠡᠨ ᠦ ᠰᠦᠢᠷᠡᠯ ᠴᠤ ᠳᠤᠭᠬᠢᠯ ᠦᠭᠡᠢ ᠠᠢᠰᠤᠢ᠃

4 ᠪᠤᠷᠬᠠᠨ ᠨᠢᠭᠦᠯ ᠦᠢᠯᠡᠳᠦᠭᠰᠡᠨ ᠲᠩᠷᠢ ᠶᠢᠨ ᠡᠯᠴᠢᠳ ᠢ ᠬᠢᠮᠠᠭᠠᠳᠠᠭᠰᠠᠨ ᠦᠭᠡᠢ᠂ ᠬᠠᠷᠢᠨ ᠲᠠᠮᠤ 3  ᠳᠤ ᠬᠠᠶᠠᠭᠠᠳ ᠰᠢᠭᠦᠯᠲᠡ ᠪᠣᠯᠲᠠᠯ᠎ᠠ ᠬᠠᠷᠠᠩ᠋ᠭᠤᠢ ᠭᠢᠨᠳᠠᠨ ᠳᠤ ᠲᠤᠰᠢᠶᠠᠵᠤ ᠬᠣᠷᠢᠭᠯᠠᠭᠰᠠᠨ; 5 ᠡᠷᠲᠡᠨ ᠦ ᠶᠢᠷᠲᠢᠨᠴᠦ ᠶᠢ ᠬᠢᠮᠠᠭᠠᠳᠠᠭᠰᠠᠨ ᠦᠭᠡᠢ᠂ ᠬᠠᠷᠢᠨ ᠵᠥᠪ ᠢ ᠲᠤᠩ᠋ᠬᠠᠭᠯᠠᠭᠴᠢ ᠨᠣᠶᠠ ᠵᠡᠷᠭᠡ ᠨᠠᠢ᠌ᠮᠠᠨ ᠬᠥᠮᠦᠨ ᠢ ᠯᠠ ᠬᠠᠮᠠᠭᠠᠯᠠᠭᠠᠳ᠂ ᠰᠦᠰᠦᠭ ᠦᠭᠡᠢ ᠬᠥᠮᠦᠰ ᠦᠨ ᠶᠢᠷᠲᠢᠨᠴᠦ ᠳᠡᠭᠡᠷ᠎ᠡ ᠦᠶᠡᠷ ᠪᠠᠭᠤᠯᠭᠠᠭᠰᠠᠨ; 6 ᠰᠣᠳᠣᠮ ᠪᠠ ᠭᠣᠮᠣᠷᠠ ᠬᠣᠲᠠ ᠶᠢ ᠦᠨᠡᠰᠦᠨ ᠲᠣᠪᠷᠠᠭ ᠪᠣᠯᠭᠠᠨ᠂ ᠰᠦᠢᠷᠡᠯ ᠢᠶᠡᠷ ᠰᠢᠳᠬᠡᠵᠦ ᠳᠠᠷᠠᠭ᠎ᠠ ᠦᠶ᠎ᠡ ᠶᠢᠨ ᠰᠦᠰᠦᠭ ᠦᠭᠡᠢ ᠬᠥᠮᠦᠰ ᠲᠦ ᠵᠢᠱᠢᠶ᠎ᠡ ᠪᠣᠯᠭᠠᠭᠰᠠᠨ; 7 ᠶᠣᠰᠣ ᠵᠢᠷᠤᠮ ᠦᠭᠡᠢ ᠬᠥᠮᠦᠰ ᠦᠨ ᠢᠴᠢᠭᠦᠷᠢᠲᠦ ᠶᠠᠪᠤᠳᠠᠯ ᠳᠤ ᠳᠠᠷᠤᠮᠲᠠᠯᠠᠭᠳᠠᠵᠤ ᠪᠠᠢᠭᠰᠠᠨ ᠵᠥᠪᠲᠦ ᠯᠣᠲ ᠢ ᠯᠠ ᠵᠠᠢᠯᠠᠭᠤᠯᠤᠭᠰᠠᠨ ᠪᠣᠯ 8 (ᠤᠴᠢᠷ ᠨᠢ ᠡᠨᠡ ᠵᠥᠪᠲᠦ ᠬᠥᠮᠦᠨ ᠲᠡᠳᠡᠨ ᠦ ᠳᠤᠮᠳᠠ ᠰᠠᠭᠤᠬᠤ ᠳᠠᠭᠠᠨ ᠬᠠᠤᠯᠢ ᠪᠤᠰᠤ ᠶᠠᠪᠤᠳᠠᠯ ᠢ ᠨᠢ ᠡᠳᠦᠷ ᠪᠦᠷᠢ ᠦᠵᠡᠵᠦ ᠰᠣᠨᠣᠰᠣᠭᠠᠳ ᠵᠥᠪᠲᠦ ᠰᠡᠳᠬᠢᠯ ᠨᠢ ᠵᠣᠪᠠᠨᠢᠳᠠᠭ ᠪᠠᠢᠯ᠎ᠠ᠃)᠂ 9 ᠡᠵᠡᠨ ᠰᠦᠰᠦᠭ ᠲᠡᠢ ᠬᠥᠮᠦᠰ ᠢ ᠰᠣᠷᠢᠯᠲᠠ ᠠᠴᠠ ᠭᠠᠷᠭᠠᠵᠤ᠂ ᠵᠥᠪᠲᠦ ᠪᠤᠰᠤ ᠬᠥᠮᠦᠰ ᠢ ᠴᠡᠭᠡᠷᠯᠡᠭᠦᠯᠦᠨ ᠰᠢᠭᠦᠯᠲᠡ ᠶᠢᠨ ᠡᠳᠦᠷ ᠪᠣᠯᠲᠠᠯ᠎ᠠ ᠬᠣᠷᠢᠭᠯᠠᠬᠤ ᠪᠠᠨ ᠮᠡᠳᠡᠨ᠎ᠡ᠃ 10 ᠢᠯᠠᠩ᠋ᠭᠤᠶ᠎ᠠ ᠨᠢᠭᠦᠯᠲᠦ ᠤᠭ ᠴᠢᠨᠠᠷ 4  ᠢ ᠳᠠᠭᠠᠨ ᠪᠤᠵᠠᠷ ᠲᠤ ᠲᠠᠴᠢᠶᠠᠵᠤ ᠠᠮᠢᠳᠤᠷᠠᠭᠴᠢᠳ ᠪᠠ ᠮᠡᠳᠡᠯ ᠢ ᠬᠥᠩᠭᠡᠪᠴᠢᠯᠡᠭᠴᠢᠳ ᠢ ᠴᠡᠭᠡᠷᠯᠡᠭᠦᠯᠦᠨ᠎ᠡ᠃

11 ᠲᠩᠷᠢ ᠡᠯᠴᠢᠳ ᠨᠡᠩ ᠢᠯᠡᠭᠦᠦ ᠬᠦᠴᠦ ᠴᠢᠳᠠᠯ ᠲᠠᠢ ᠪᠣᠯᠪᠠᠴᠤ ᠡᠵᠡᠨ ᠦ ᠡᠮᠦᠨ᠎ᠡ ᠡᠳᠡᠭᠡᠷ ᠬᠥᠮᠦᠰ ᠢ ᠭᠦᠳᠬᠡᠨ ᠵᠠᠭᠠᠯᠳᠤᠳᠠᠭ ᠦᠭᠡᠢ᠃ 12 ᠡᠳᠡᠭᠡᠷ ᠬᠥᠮᠦᠰ ᠨᠢ ᠪᠠᠷᠢᠭᠳᠠᠵᠤ ᠨᠢᠳᠤᠯᠤᠭᠳᠠᠬᠤ ᠪᠠᠷ ᠲᠥᠷᠥᠭᠰᠡᠨ ᠪᠠᠯᠠᠷ᠂ ᠣᠶᠤᠨ ᠦᠭᠡᠢ ᠠᠳᠤᠭᠤᠰᠤ ᠮᠡᠲᠦ ᠶᠤᠮ᠃ ᠲᠡᠳᠡ ᠥᠪᠡᠷᠰᠡᠳ ᠦᠨ ᠦᠯᠦ ᠮᠡᠳᠡᠬᠦ ᠶᠠᠪᠤᠳᠠᠯ ᠤᠳ ᠢ ᠭᠦᠳᠬᠡᠭᠡᠳ ᠥᠪᠡᠷ ᠦᠨ ᠢᠶᠠᠨ ᠢᠯᠵᠢᠷᠠᠯ ᠳᠤ ᠢᠯᠵᠢᠷᠡᠬᠦ ᠪᠥᠭᠡᠳ 13 ᠵᠥᠪ ᠪᠤᠰᠤ ᠶᠢᠨ ᠢᠶᠠᠨ ᠬᠠᠷᠠᠮᠵᠢ ᠪᠠᠷ ᠵᠥᠪ ᠪᠤᠰᠤ ᠪᠠᠷ ᠬᠣᠬᠢᠷᠠᠨ᠎ᠠ᠃ ᠲᠡᠳᠡ ᠡᠳᠦᠷ ᠦᠨ ᠨᠠᠷᠭᠢᠶᠠᠨ ᠢ ᠵᠢᠷᠭᠠᠯ ᠭᠡᠵᠦ ᠪᠣᠳᠣᠳᠠᠭ ᠪᠥᠭᠡᠳ ᠥᠪᠡᠷᠰᠡᠳ ᠢᠶᠡᠨ ᠥ ᠰᠡᠪ ᠲᠡᠢ ᠪᠣᠯᠬᠣᠷ ᠲᠠ ᠨᠠᠷ ᠲᠠᠢ ᠬᠠᠮᠲᠤ ᠨᠠᠢᠷᠯᠠᠯᠳᠤᠬᠤ ᠳᠠᠭᠠᠨ ᠵᠠᠯᠢ ᠮᠡᠬᠡ ᠪᠡᠷ ᠢᠶᠠᠨ ᠨᠠᠷᠭᠢᠳᠠᠭ᠃ 14 ᠲᠡᠳᠡᠨ ᠦ ᠨᠢᠳᠦ ᠰᠠᠳᠤᠷ ᠰᠠᠮᠠᠭᠤᠨ ᠢᠶᠠᠷ ᠳᠦᠭᠦᠷᠡᠩ᠂ ᠲᠡᠳᠡ ᠨᠢᠭᠦᠯ ᠬᠢᠬᠦ ᠪᠡᠨ ᠪᠣᠯᠢᠰᠢ ᠦᠭᠡᠢ ᠪᠥᠭᠡᠳ ᠲᠣᠭᠲᠠᠪᠤᠷᠢ ᠦᠭᠡᠢ ᠬᠥᠮᠦᠰ ᠢ ᠤᠷᠤᠭᠤ ᠲᠠᠲᠠᠳᠠᠭ᠃ ᠰᠢᠨᠤᠯ ᠳᠤ ᠳᠠᠳᠤᠭᠰᠠᠨ ᠵᠢᠷᠦᠬᠡ ᠲᠠᠢ᠂ ᠬᠠᠷᠢᠶᠠᠭᠳᠠᠭᠰᠠᠨ ᠦᠷᠡᠰ ᠮᠥᠨ᠃ 15 ᠲᠡᠳᠡ ᠰᠢᠯᠤᠭᠤᠨ ᠵᠠᠮ ᠢ ᠣᠷᠬᠢᠵᠤ ᠲᠥᠭᠡᠷᠢᠭᠡᠳ ᠪᠧᠶᠣᠷ ᠤᠨ ᠬᠦᠦ ᠪᠠᠯᠠᠮ ᠤᠨ ᠵᠠᠮ ᠢ ᠳᠠᠭᠠᠵᠠᠢ᠂ ᠪᠠᠯᠠᠮ ᠵᠥᠪ ᠪᠤᠰᠤ ᠶᠢᠨ ᠬᠠᠷᠠᠮᠵᠢ ᠳᠤ ᠳᠤᠷᠠᠯᠠᠭᠠᠳ᠂ 16 ᠭᠠᠵᠢᠭᠤ ᠶᠠᠪᠤᠳᠠᠯ ᠤᠨ ᠢᠶᠠᠨ ᠵᠢᠮᠡᠯᠡᠯ ᠢ ᠬᠦᠯᠢᠶᠡᠭᠰᠡᠨ᠃ ᠬᠡᠯᠡ ᠦᠭᠡᠢ ᠡᠯᠵᠢᠭᠡ ᠬᠥᠮᠦᠨ ᠦ ᠬᠡᠯᠡ ᠪᠡᠷ ᠳᠤᠤᠭᠠᠷᠴᠤ᠂ ᠡᠨᠡ ᠡᠰᠢ ᠦᠵᠡᠭᠦᠯᠦᠭᠴᠢ ᠶᠢᠨ ᠰᠣᠯᠢᠶ᠎ᠠ ᠶᠢ ᠪᠣᠯᠢᠭᠤᠯᠤᠭᠰᠠᠨ ᠠᠵᠢ᠃

17 ᠡᠳᠡᠭᠡᠷ ᠬᠥᠮᠦᠰ ᠨᠢ ᠤᠰᠤ ᠦᠭᠡᠢ ᠪᠤᠯᠠᠭ᠂ ᠳᠣᠭᠰᠢᠨ ᠰᠠᠯᠬᠢᠨ ᠳᠤ ᠲᠠᠭᠤᠭᠳᠠᠬᠤ ᠮᠠᠨᠠᠨ ᠪᠣᠯᠠᠢ᠂ ᠲᠠᠰ ᠬᠠᠷᠠᠩ᠋ᠭᠤᠢ ᠨᠢ ᠲᠡᠳᠡᠨ ᠳᠦ ᠪᠡᠯᠡᠳᠬᠡᠭᠳᠡᠭᠰᠡᠨ ᠪᠠᠢᠳᠠᠭ᠃ 18 ᠲᠡᠳᠡ ᠳᠡᠮᠡᠢ ᠯᠠ ᠳᠡᠭᠡᠷᠡᠩᠭᠦᠢ ᠳᠤᠤᠭᠠᠷᠳᠠᠭ᠂ ᠪᠤᠷᠤᠭᠤ ᠵᠠᠮ ᠢᠶᠠᠷ ᠶᠠᠪᠤᠭᠴᠢᠳ ᠤᠨ ᠳᠤᠮᠳᠠ ᠠᠴᠠ ᠠᠷᠠᠢᠬᠠᠨ ᠮᠤᠯᠲᠤᠷᠠᠭᠰᠠᠨ ᠬᠥᠮᠦᠰ ᠢ ᠨᠢᠭᠦᠯᠲᠦ ᠤᠭ ᠴᠢᠨᠠᠷ 5  ᠤᠨ ᠬᠦᠰᠡᠯ ᠪᠠ ᠲᠠᠴᠢᠶᠠᠯ ᠤᠨ ᠢᠴᠢᠭᠦᠷᠢ ᠲᠠᠢ ᠶᠠᠪᠤᠳᠠᠯ ᠤᠳ ᠤᠷᠤᠭᠤ ᠲᠠᠲᠠᠳᠠᠭ ᠪᠥᠭᠡᠳ 19 ᠲᠡᠳᠡᠨ ᠳᠦ ᠡᠷᠬᠡ ᠴᠢᠯᠥᠭᠡ ᠶᠢ ᠠᠮᠠᠯᠠᠳᠠᠭ ᠠᠲᠠᠯ᠎ᠠ ᠪᠠᠨ ᠥᠪᠡᠷᠰᠡᠳ ᠢᠶᠡᠨ ᠢᠯᠵᠢᠷᠠᠯ ᠤᠨ ᠪᠣᠭᠣᠯ ᠪᠣᠯᠣᠭᠰᠠᠨ᠃ ᠬᠥᠮᠦᠨ ᠬᠡᠨ ᠳᠦ ᠡᠵᠡᠷᠬᠡᠭᠳᠡᠪᠡᠯ ᠲᠡᠭᠦᠨ ᠦ ᠪᠣᠭᠣᠯ ᠪᠣᠯᠳᠠᠭ᠃ 20 ᠪᠢᠳᠡᠨ ᠦ ᠡᠵᠡᠨ ᠪᠠ ᠠᠪᠤᠷᠠᠭᠴᠢ ᠢᠰᠦ᠋ᠰ ᠾᠷᠢᠰᠲ᠋ᠣᠰ ᠢ ᠲᠠᠨᠢᠨ ᠮᠡᠳᠡᠵᠦ᠂ ᠶᠢᠷᠲᠢᠨᠴᠦ ᠶᠢᠨ ᠪᠤᠵᠠᠷ ᠪᠤᠯᠠᠢ ᠠᠴᠠ ᠮᠤᠯᠲᠤᠷᠠᠭᠰᠠᠨ ᠥᠨᠥᠬᠢ ᠬᠥᠮᠦᠰ ᠬᠡᠷᠪᠡ ᠳᠠᠬᠢᠨ ᠲᠡᠳᠡᠭᠡᠷ ᠲᠦ ᠵᠠᠬᠢᠷᠤᠭᠳᠠᠨ ᠡᠵᠡᠷᠬᠡᠭᠳᠡᠪᠡᠯ᠂ ᠰᠡᠭᠦᠯᠴᠢ ᠶᠢᠨ ᠪᠠᠢᠳᠠᠯ ᠨᠢ ᠡᠬᠢᠨ ᠤ ᠬᠢ ᠡᠴᠡ ᠪᠡᠨ ᠨᠡᠩ ᠳᠣᠣᠷᠠᠳᠠᠬᠤ ᠪᠣᠯᠣᠨ᠎ᠠ᠃ 21 ᠲᠡᠳᠡᠨ ᠦ ᠬᠤᠪᠢ ᠳᠤ ᠵᠥᠪᠲᠦ ᠵᠠᠮ ᠢ ᠮᠡᠳᠡᠬᠦ ᠦᠭᠡᠢ ᠪᠠᠢᠭᠰᠠᠨ ᠨᠢ᠂ ᠮᠡᠳᠡᠭᠰᠡᠨ ᠦ ᠳᠠᠷᠠᠭ᠎ᠠ ᠥᠪᠡᠷᠰᠡᠳ ᠲᠡᠭᠡᠨ ᠤᠯᠠᠮᠵᠢᠯᠠᠭᠳᠠᠭᠰᠠᠨ ᠠᠷᠢᠭᠤᠨ ᠵᠠᠷᠯᠢᠭ ᠠᠴᠠ ᠪᠤᠴᠠᠬᠤ ᠠᠴᠠ ᠳᠡᠭᠡᠷ᠎ᠡ᠃ 22 《ᠨᠣᠬᠠᠢ ᠪᠥᠭᠡᠯᠵᠢᠰᠦ ᠤᠷᠤᠭᠤ ᠪᠠᠨ ᠪᠤᠴᠠᠳᠠᠭ》᠂ ᠪᠠᠰᠠ 《ᠭᠠᠬᠠᠢ ᠤᠬᠢᠶᠠᠭᠳᠠᠪᠠᠴᠤ ᠰᠢᠪᠠᠷ ᠲᠠᠭᠠᠨ ᠬᠥᠯᠪᠡᠷᠢᠳᠡᠭ》 ᠭᠡᠰᠡᠨ ᠦᠨᠡᠨ ᠵᠦᠢᠷ ᠦᠭᠡ ᠲᠡᠳᠡᠨ ᠳᠦ ᠲᠣᠬᠢᠷᠠᠵᠠᠢ᠃