1 2 3 4 5 6 7 8 9 10


ᠡᠰᠲ᠋ᠧᠷ ᠳᠥᠷᠪᠡ
 ᠡᠰᠲ᠋ᠧᠷ ᠤᠨ ᠰᠢᠢᠳᠪᠦᠷᠢ

1 ᠮᠣᠷᠳᠧᠺᠠᠢ ᠡᠨᠡ ᠪᠦᠬᠦᠨ ᠢ ᠮᠡᠳᠡᠭᠡᠳ ᠬᠤᠪᠴᠠᠰᠤ ᠪᠠᠨ ᠤᠷᠠᠨ ᠲᠠᠭᠠᠷ ᠤᠭᠯᠠᠵᠤ᠂ ᠳᠡᠭᠡᠷ᠎ᠡ ᠪᠡᠨ ᠦᠨᠡᠰᠦ ᠰᠠᠴᠤᠭᠠᠳ ᠴᠢᠩᠭ᠍᠎ᠠ ᠳᠠᠭᠤ ᠪᠠᠷ ᠭᠠᠰᠢᠭᠤᠨ ᠢᠶᠠᠷ ᠤᠬᠢᠯᠠᠨ ᠬᠣᠲᠠ ᠶᠢᠨ ᠳᠤᠮᠳᠠᠭᠤᠷ ᠶᠠᠪᠤᠵᠤ᠂ 2 ᠬᠠᠭᠠᠨ ᠤ ᠬᠠᠭᠠᠯᠭᠠᠨ ᠳᠤ ᠬᠦᠷᠪᠡ᠃ ᠤᠤᠯ ᠨᠢ ᠲᠠᠭᠠᠷ ᠤᠭᠯᠠᠭᠰᠠᠨ ᠶᠠᠮᠠᠷ ᠴᠤ ᠬᠥᠮᠦᠨ ᠬᠠᠭᠠᠨ ᠤ ᠬᠠᠭᠠᠯᠭ᠎ᠠ ᠪᠠᠷ ᠣᠷᠣᠵᠤ ᠪᠣᠯᠬᠤ ᠦᠭᠡᠢ ᠪᠠᠢᠪᠠ᠃ 3 ᠬᠠᠭᠠᠨ ᠤ ᠲᠤᠰᠢᠶᠠᠯ ᠪᠣᠯᠣᠨ ᠵᠠᠷᠯᠢᠭ ᠬᠦᠷᠦᠭᠰᠡᠨ ᠮᠤᠵᠢ ᠪᠦᠬᠦᠨ ᠳᠦ ᠶᠦᠳᠠᠢᠴᠤᠳ ᠶᠡᠬᠡᠳᠡ ᠭᠠᠰᠢᠭᠤᠳᠠᠨ᠂ ᠪᠠᠴᠠᠭ ᠪᠠᠷᠢᠵᠤ ᠤᠬᠢᠯᠠᠯᠳᠤᠨ ᠣᠷᠢᠯᠠᠪᠠ᠃ ᠣᠯᠠᠨ ᠨᠢ ᠲᠠᠭᠠᠷ ᠤᠭᠯᠠᠵᠤ ᠦᠨᠡᠰᠦᠨ ᠳᠡᠭᠡᠷ᠎ᠡ ᠬᠡᠪᠲᠡᠵᠦ ᠪᠠᠢᠯ᠎ᠠ᠃

4 ᠡᠰᠲ᠋ᠧᠷ ᠤᠨ ᠰᠢᠪᠡᠭᠴᠢᠳ ᠪᠣᠯᠣᠨ ᠲᠠᠢᠭᠠᠨ ᠨᠠᠷ ᠲᠡᠭᠦᠨ ᠳᠦ ᠢᠷᠡᠵᠦ᠂ ᠮᠣᠷᠳᠧᠺᠠᠢ ᠶᠢᠨ ᠲᠤᠬᠠᠢ ᠬᠡᠯᠡᠬᠦ ᠳᠦ᠂ ᠬᠠᠲᠤᠨ ᠶᠡᠬᠡᠳᠡ ᠵᠣᠪᠠᠵᠤ᠂ ᠲᠠᠭᠠᠷ ᠤᠨ ᠣᠷᠣᠨ ᠳᠤ ᠡᠮᠦᠰᠬᠦ ᠬᠤᠪᠴᠠᠰᠤ ᠢᠯᠡᠭᠡᠭᠰᠡᠨ ᠪᠣᠯᠪᠠᠴᠤ ᠮᠣᠷᠳᠧᠺᠠᠢ ᠠᠪᠤᠭᠰᠠᠨ ᠦᠭᠡᠢ᠃ 5 ᠡᠰᠲ᠋ᠧᠷ ᠬᠠᠭᠠᠨ ᠤ ᠥᠪᠡᠷ ᠲᠤᠨᠢ ᠦᠢᠯᠡᠴᠢᠯᠡᠭᠦᠯᠬᠦ ᠪᠡᠷ ᠲᠣᠮᠢᠯᠠᠭᠰᠠᠨ ᠲᠠᠢᠭᠠᠨ ᠨᠠᠷ ᠠᠴᠠ ᠬᠠᠲ᠋ᠠᠺ ᠢ ᠳᠠᠭᠤᠳᠠᠭᠠᠳ ᠮᠣᠷᠳᠧᠺᠠᠢ ᠳᠡᠭᠡᠷ᠎ᠡ ᠣᠴᠢᠵᠤ ᠶᠠᠭᠤ ᠪᠣᠯᠣᠭᠠᠳ ᠪᠠᠢᠭ᠎ᠠ ᠶᠢ᠂ ᠶᠠᠭᠠᠬᠢᠭᠠᠳ ᠡᠢᠮᠦ ᠪᠣᠯᠣᠭᠰᠠᠨ ᠢ ᠮᠡᠳᠡᠭᠡᠳ ᠢᠷᠡᠬᠦ ᠶᠢ ᠲᠤᠰᠢᠶᠠᠪᠠ᠃

6 ᠬᠠᠲ᠋ᠠᠺ ᠬᠠᠭᠠᠨ ᠤ ᠬᠠᠭᠠᠯᠭᠠᠨ ᠤ ᠡᠮᠦᠨᠡᠬᠢ ᠬᠣᠲᠠ ᠶᠢᠨ ᠲᠠᠯᠠᠪᠠᠢ ᠳᠤ ᠪᠠᠢᠭ᠎ᠠ ᠮᠣᠷᠳᠧᠺᠠᠢ ᠳᠡᠭᠡᠷ᠎ᠡ ᠣᠴᠢᠬᠤ ᠳᠤ᠂ 7 ᠮᠣᠷᠳᠧᠺᠠᠢ ᠥᠪᠡᠷ ᠲᠤᠨᠢ ᠲᠣᠬᠢᠶᠠᠯᠳᠤᠭᠰᠠᠨ ᠪᠦᠬᠦᠨ ᠢ ᠶᠠᠷᠢᠵᠤ᠂ ᠮᠥᠨ ᠬᠠᠮᠠᠨ ᠤ ᠶᠦᠳᠠᠢᠴᠤᠳ ᠢ ᠤᠰᠠᠳᠬᠠᠵᠤ᠂ ᠬᠠᠭᠠᠨ ᠤ ᠰᠠᠩ ᠳᠤ ᠣᠷᠣᠭᠤᠯᠬᠤ ᠪᠠᠷ ᠠᠮᠠᠯᠠᠭᠰᠠᠨ ᠮᠥᠩᠭᠥᠨ ᠦ ᠨᠠᠷᠢᠨ ᠲᠣᠭ᠎ᠠ ᠶᠢ ᠴᠤ ᠲᠡᠭᠦᠨ ᠳᠦ ᠬᠡᠯᠡᠵᠦ ᠥᠭᠪᠡ᠃ 8 ᠲᠡᠷᠡ ᠪᠠᠰᠠ ᠶᠦᠳᠠᠢᠴᠤᠳ ᠢ ᠤᠰᠠᠳᠬᠠᠬᠤ ᠲᠤᠬᠠᠢ ᠰᠦᠰᠠ ᠳᠤ ᠪᠠᠭᠤᠯᠭᠠᠭᠰᠠᠨ ᠵᠠᠷᠯᠢᠭ ᠤᠨ ᠬᠠᠭᠤᠯᠪᠤᠷᠢ ᠶᠢ ᠥᠭᠴᠦ᠂ ᠡᠰᠲ᠋ᠧᠷ ᠲᠤ ᠦᠵᠡᠭᠦᠯᠦᠨ ᠲᠠᠢᠯᠪᠤᠷᠢᠯᠠᠭᠤᠯᠤᠭᠰᠠᠨ ᠪᠠ ᠲᠡᠭᠦᠨ ᠳᠦ ᠬᠠᠭᠠᠨ ᠳᠡᠭᠡᠷ᠎ᠡ ᠣᠴᠢᠵᠤ ᠠᠷᠠᠳ ᠲᠦᠮᠡᠨ ᠦ ᠪᠠᠨ ᠲᠥᠯᠥᠭᠡ ᠥᠷᠥᠰᠢᠶᠡᠯ ᠭᠤᠶᠤᠬᠤ ᠶᠢ ᠲᠤᠰᠢᠶᠠᠪᠠ᠃

9 ᠬᠠᠲ᠋ᠠᠺ ᠪᠤᠴᠠᠵᠤ ᠢᠷᠡᠭᠡᠳ ᠮᠣᠷᠳᠧᠺᠠᠢ ᠶᠢᠨ ᠦᠭᠡ ᠶᠢ ᠡᠰᠲ᠋ᠧᠷ ᠲᠤ ᠳᠠᠮᠵᠢᠭᠤᠯᠵᠠᠢ᠃ 10 ᠡᠰᠲ᠋ᠧᠷ ᠮᠣᠷᠳᠧᠺᠠᠢ ᠳᠤ ᠬᠠᠷᠢᠭᠤᠯᠬᠤ ᠦᠭᠡ ᠶᠢ ᠬᠠᠲ᠋ᠠᠺ ᠲᠤ ᠲᠤᠰᠢᠶᠠᠨ᠄ 11 《ᠬᠠᠭᠠᠨ ᠳᠤ ᠳᠠᠭᠤᠳᠠᠭᠳᠠᠭ᠎ᠠ ᠦᠭᠡᠢ ᠪᠠᠢᠵᠤ ᠳᠣᠲᠣᠭᠠᠳᠤ ᠬᠦᠷᠢᠶᠡᠨ ᠳᠦ ᠣᠷᠣᠵᠤ ᠬᠠᠭᠠᠨ ᠤᠷᠤᠭᠤ ᠣᠢᠷᠠᠲᠤᠭᠰᠠᠨ ᠡᠷᠡᠭᠲᠡᠢ ᠡᠮᠡᠭᠲᠡᠢ ᠶᠠᠮᠠᠷ ᠴᠤ ᠬᠥᠮᠦᠨ ᠦ ᠬᠤᠪᠢ ᠳᠤ᠂ ᠬᠠᠭᠠᠨ ᠠᠯᠲᠠᠨ ᠲᠠᠶᠠᠭ ᠢᠶᠠᠨ ᠲᠡᠭᠦᠨ ᠤᠷᠤᠭᠤ ᠰᠤᠩ᠋ᠭᠠᠬᠤ ᠠᠴᠠ ᠨᠠᠰᠢ ᠲᠡᠷᠡ ᠵᠠᠢᠯᠠᠰᠢ ᠦᠭᠡᠢ ᠴᠠᠭᠠᠵᠠᠯᠠᠭᠳᠠᠨ᠎ᠠ ᠭᠡᠰᠡᠨ ᠬᠠᠭᠠᠨ ᠤ ᠬᠠᠤᠯᠢ ᠪᠠᠢᠭ᠎ᠠ ᠶᠢ ᠬᠠᠭᠠᠨ ᠤ ᠲᠦᠰᠢᠮᠡᠳ᠂ ᠬᠠᠭᠠᠨ ᠤ ᠬᠠᠷᠢᠶ᠎ᠠ ᠮᠤᠵᠢ ᠶᠢᠨ ᠠᠷᠠᠳ ᠲᠦᠮᠡᠨ ᠪᠦᠭᠦᠳᠡ ᠮᠡᠳᠡᠨ᠎ᠡ᠃ ᠪᠠᠰᠠ ᠪᠢ ᠬᠠᠭᠠᠨ ᠳᠡᠭᠡᠷ᠎ᠡ ᠳᠠᠭᠤᠳᠠᠭᠳᠠᠭ᠎ᠠ ᠦᠭᠡᠢ ᠭᠤᠴᠢᠨ ᠬᠣᠨᠣᠭ ᠪᠣᠯᠵᠤ ᠪᠠᠢᠨ᠎ᠠ》 ᠭᠡᠪᠡ᠃

12 ᠡᠰᠲ᠋ᠧᠷ ᠤᠨ ᠦᠭᠡ ᠶᠢ ᠮᠣᠷᠳᠧᠺᠠᠢ ᠳᠤ ᠳᠠᠮᠵᠢᠭᠤᠯᠬᠤ ᠳᠤ᠂ 13 ᠮᠣᠷᠳᠧᠺᠠᠢ ᠡᠰᠲ᠋ᠧᠷ ᠲᠤ ᠬᠠᠷᠢᠭᠤ ᠪᠣᠯᠭᠠᠵᠤ᠄ 《ᠴᠢ ᠬᠠᠭᠠᠨ ᠤ ᠣᠷᠳᠣᠨ ᠳᠤ ᠪᠠᠢᠭ᠎ᠠ ᠶᠢᠨ ᠤᠯᠠᠮ ᠢᠶᠠᠷ ᠪᠦᠬᠦ ᠶᠦᠳᠠᠢᠴᠤᠳ ᠤᠨ ᠳᠤᠮᠳᠠ ᠠᠴᠠ ᠭᠠᠭᠴᠠᠭᠠᠷ ᠢᠶᠠᠨ ᠮᠤᠯᠲᠤᠷᠠᠵᠤ ᠴᠢᠳᠠᠨ᠎ᠠ ᠭᠡᠵᠦ ᠪᠦᠦ ᠪᠣᠳᠣ᠃ 14 ᠴᠢ ᠡᠨᠡ ᠦᠶ᠎ᠡ ᠳᠦ ᠳᠠᠭᠤ ᠦᠭᠡᠢ ᠪᠠᠢᠭᠰᠠᠨ ᠴᠤ᠂ ᠶᠦᠳᠠᠢᠴᠤᠳ ᠲᠤ ᠥᠭᠡᠷ᠎ᠡ ᠭᠠᠵᠠᠷ ᠠᠴᠠ ᠠᠪᠤᠷᠠᠯ ᠲᠤᠰᠠᠯᠠᠮᠵᠢ ᠢᠷᠡᠨ᠎ᠡ᠂ ᠬᠠᠷᠢᠨ ᠴᠢ ᠪᠣᠯᠣᠨ ᠴᠢᠨᠦ ᠡᠴᠢᠭᠡ ᠶᠢᠨ ᠭᠡᠷ ᠰᠥᠨᠥᠬᠦ ᠪᠣᠯᠣᠨ᠎ᠠ᠃ ᠬᠠᠲᠤᠨ ᠤ ᠡᠷᠬᠡ ᠳᠠᠷᠬ᠎ᠠ ᠲᠠᠢ ᠪᠣᠯᠣᠭᠰᠠᠨ ᠴᠢᠨᠢ ᠶᠠᠭ ᠡᠨᠡ ᠴᠠᠭ ᠤᠨ ᠲᠥᠯᠥᠭᠡ ᠪᠠᠢᠭᠰᠠᠨ ᠡᠰᠡᠬᠦ ᠶᠢ ᠬᠡᠨ ᠮᠡᠳᠡᠬᠦ ᠪᠢᠯᠡ︖》 ᠭᠡᠵᠡᠢ᠃

15 ᠡᠰᠲ᠋ᠧᠷ ᠮᠣᠷᠳᠧᠺᠠᠢ ᠳᠤ ᠬᠠᠷᠢᠭᠤ ᠪᠣᠯᠭᠠᠵᠤ᠄ 16 《ᠲᠠ ᠰᠦᠰᠠ ᠳᠤ ᠪᠠᠢᠭ᠎ᠠ ᠪᠦᠬᠦ ᠶᠦᠳᠠᠢᠴᠤᠳ ᠤᠷᠤᠭᠤ ᠣᠴᠢᠵᠤ ᠲᠡᠳᠡᠨ ᠢ ᠴᠤᠭᠯᠠᠭᠤᠯᠤᠭᠠᠳ ᠮᠢᠨᠦ ᠲᠥᠯᠥᠭᠡ ᠪᠠᠴᠠᠭ ᠪᠠᠷᠢᠭᠤᠯ︕ ᠭᠤᠷᠪᠠᠨ ᠬᠣᠨᠣᠭ ᠤᠨ ᠲᠤᠷᠰᠢ ᠡᠳᠦᠷ ᠴᠤ᠂ ᠰᠥᠨᠢ ᠴᠤ ᠢᠳᠡᠵᠦ ᠪᠣᠯᠬᠤ ᠦᠭᠡᠢ᠂ ᠤᠤᠭᠤᠵᠤ ᠪᠣᠯᠬᠤ ᠦᠭᠡᠢ᠃ ᠪᠢ ᠪᠣᠯᠣᠨ ᠮᠢᠨᠦ ᠰᠢᠪᠡᠭᠴᠢᠳ ᠴᠤ ᠲᠡᠢᠨ ᠬᠦ ᠪᠠᠴᠠᠭ ᠪᠠᠷᠢᠨ᠎ᠠ᠃ ᠡᠭᠦᠨ ᠦ ᠳᠠᠷᠠᠭ᠎ᠠ ᠪᠢ ᠬᠠᠤᠯᠢ ᠶᠢᠨ ᠳᠠᠭᠠᠤ ᠪᠢᠰᠢ ᠴᠤ ᠭᠡᠰᠡᠨ ᠬᠠᠭᠠᠨ ᠳᠡᠭᠡᠷ᠎ᠡ ᠪᠠᠷᠠᠭᠠᠯᠬᠠᠬᠤ ᠪᠠᠷ ᠣᠴᠢᠨ᠎ᠠ᠃ ᠲᠡᠭᠡᠭᠡᠳ ᠦᠬᠦᠳᠡᠭ ᠶᠤᠮ ᠪᠣᠯ ᠦᠬᠦᠶ᠎ᠡ》 ᠭᠡᠪᠡ᠃

17 ᠢᠩᠭᠢᠭᠡᠳ ᠮᠣᠷᠳᠧᠺᠠᠢ ᠡᠰᠲ᠋ᠧᠷ ᠤᠨ ᠥᠪᠡᠷ ᠲᠤᠨᠢ ᠲᠤᠰᠢᠶᠠᠭᠰᠠᠨ ᠶᠣᠰᠣᠭᠠᠷ ᠦᠢᠯᠡᠳᠪᠡ᠃