1 2 3 4 5 6 7 8 9 10


ᠡᠰᠲ᠋ᠧᠷ ᠵᠢᠷᠭᠤᠭ᠎ᠠ
 ᠮᠣᠷᠳᠧᠺᠠᠢ ᠡᠷᠭᠦᠭᠳᠡᠪᠡ

1 ᠬᠠᠭᠠᠨ ᠲᠡᠷᠡ ᠰᠥᠨᠢ ᠨᠣᠢᠷ ᠬᠤᠯᠵᠢᠭᠰᠠᠨ ᠪᠣᠯᠬᠣᠷ ᠣᠨ ᠳᠠᠷᠠᠭᠠᠯᠠᠯ ᠤᠨ ᠲᠡᠮᠳᠡᠭᠯᠡᠯ ᠢ ᠠᠪᠴᠢᠷᠠᠭᠤᠯᠤᠨ ᠤᠩ᠋ᠰᠢᠭᠤᠯᠵᠠᠢ᠃ 2 ᠲᠡᠭᠡᠭᠡᠳ ᠲᠡᠨᠳᠡ ᠬᠠᠭᠠᠨ ᠠᠬᠠᠰᠦ᠋ᠶᠧᠷᠦ᠋ ᠥᠪᠡᠷ ᠲᠤᠨᠢ ᠭᠠᠷ ᠬᠥᠳᠡᠯᠬᠦ ᠭᠡᠰᠡᠨ ᠬᠠᠭᠠᠯᠭᠠᠴᠢ ᠲᠠᠢᠭᠠᠨ ᠪᠢᠭᠲ᠋ᠠᠨᠠ᠂ ᠲᠧᠷᠧᠱ ᠬᠣᠶᠠᠷ ᠤᠨ ᠬᠤᠤᠪᠢᠯᠳᠤᠭᠠᠨ ᠢ ᠮᠣᠷᠳᠧᠺᠠᠢ ᠮᠡᠳᠡᠭᠦᠯᠦᠭᠰᠡᠨ ᠲᠤᠬᠠᠢ ᠪᠢᠴᠢᠭᠳᠡᠭᠰᠡᠨ ᠪᠠᠢᠬᠤ ᠶᠢ ᠣᠯᠵᠤ ᠮᠡᠳᠡᠪᠡ᠃ 3 ᠬᠠᠭᠠᠨ᠄ 《ᠡᠭᠦᠨ ᠦ ᠲᠥᠯᠥᠭᠡ ᠮᠣᠷᠳᠧᠺᠠᠢ ᠳᠤ ᠶᠠᠮᠠᠷ ᠠᠯᠳᠠᠷ ᠬᠦᠨᠳᠦ ᠣᠯᠭᠣᠭᠰᠠᠨ ᠪᠤᠢ︖》 ᠭᠡᠬᠦ ᠳᠦ᠂ ᠪᠠᠷ᠎ᠠ ᠪᠣᠯᠣᠭᠴᠢᠳ ᠨᠢ᠄ 《ᠶᠠᠭᠤ ᠴᠤ ᠬᠢᠭᠡ ᠦᠭᠡᠢ ᠪᠠᠢᠨ᠎ᠠ》 ᠭᠡᠯ᠎ᠡ᠃ 4 ᠬᠠᠭᠠᠨ᠄ 《ᠬᠦᠷᠢᠶᠡᠨ ᠳᠦ ᠬᠡᠨ ᠪᠠᠢᠨ᠎ᠠ ᠪᠤᠢ︖》 ᠭᠡᠬᠦ ᠦᠶ᠎ᠡ ᠳᠦ᠂ ᠶᠠᠭ ᠬᠠᠮᠠᠨ ᠲᠡᠨᠳᠡ ᠮᠣᠷᠳᠧᠺᠠᠢ ᠳᠤ ᠪᠡᠯᠡᠳᠦᠭᠰᠡᠨ ᠳᠡᠭᠦᠵᠢᠯᠡᠭᠦᠷ ᠲᠡᠭᠡᠨ ᠲᠡᠭᠦᠨ ᠢ ᠳᠡᠭᠦᠵᠢᠯᠡᠭᠦᠯᠬᠦ ᠲᠤᠬᠠᠢ ᠬᠠᠭᠠᠨ ᠲᠠᠢ ᠶᠠᠷᠢᠬᠤ ᠪᠠᠷ ᠬᠠᠭᠠᠨ ᠤ ᠣᠷᠳᠣᠨ ᠤ ᠭᠠᠳᠠᠷ ᠬᠦᠷᠢᠶᠡᠨ ᠳᠦ ᠣᠷᠣᠵᠤ ᠢᠷᠡᠴᠢᠬᠡᠭᠡᠳ ᠪᠠᠢᠯ᠎ᠠ᠃ 5 ᠬᠠᠭᠠᠨ ᠤ ᠪᠠᠷ᠎ᠠ ᠪᠣᠯᠣᠭᠴᠢᠳ᠄ 《ᠬᠠᠷᠠ︕ ᠬᠠᠮᠠᠨ ᠬᠦᠷᠢᠶᠡᠨ ᠳᠣᠲᠣᠷ᠎ᠠ ᠵᠣᠭᠰᠣᠵᠤ ᠪᠠᠢᠨ᠎ᠠ︕》 ᠭᠡᠬᠦ ᠳᠦ᠂ ᠬᠠᠭᠠᠨ᠄ 《ᠲᠡᠭᠦᠨ ᠢ ᠣᠷᠣᠭᠤᠯ︕》 ᠭᠡᠪᠡ᠃ 6 ᠬᠠᠮᠠᠨ ᠣᠷᠣᠵᠤ ᠢᠷᠡᠬᠦ ᠳᠦ᠂ ᠬᠠᠭᠠᠨ ᠲᠡᠭᠦᠨ ᠳᠦ᠄ 《ᠬᠠᠭᠠᠨ ᠬᠦᠨᠳᠦᠳᠬᠡᠯ ᠦᠵᠡᠭᠦᠯᠬᠦ ᠶᠢ ᠬᠦᠰᠡᠵᠦ ᠪᠠᠢᠭ᠎ᠠ ᠬᠥᠮᠦᠨ ᠳᠡᠭᠡᠨ ᠶᠠᠭᠤ ᠬᠢᠪᠡᠯ ᠲᠠᠭᠠᠷᠠᠬᠤ ᠪᠤᠢ︖》 ᠭᠡᠵᠦ ᠠᠰᠠᠭᠤᠪᠠ᠃ ᠬᠠᠮᠠᠨ ᠳᠣᠲᠣᠷ᠎ᠠ ᠪᠠᠨ᠄ 《ᠬᠠᠭᠠᠨ ᠬᠡᠨ ᠳᠦ ᠨᠠᠳᠠ ᠠᠴᠠ ᠢᠯᠡᠭᠦᠦ ᠬᠦᠨᠳᠦᠳᠬᠡᠯ ᠦᠵᠡᠭᠦᠯᠬᠦ ᠭᠡᠵᠦ ᠪᠠᠢᠭ᠎ᠠ ᠪᠣᠯ︖》 ᠭᠡᠵᠦ ᠪᠣᠳᠣᠭᠠᠳ 7 ᠬᠠᠭᠠᠨ ᠳᠤ᠄ 《ᠬᠠᠭᠠᠨ ᠬᠦᠨᠳᠦᠳᠬᠡᠯ ᠦᠵᠡᠭᠦᠯᠬᠦ ᠶᠢ ᠬᠦᠰᠡᠵᠦ ᠪᠠᠢᠭ᠎ᠠ ᠬᠥᠮᠦᠨ ᠳᠦ 8 ᠬᠠᠭᠠᠨ ᠤ ᠡᠮᠦᠰᠳᠡᠭ ᠳᠡᠪᠡᠯ᠂ ᠬᠠᠭᠠᠨ ᠤ ᠤᠨᠤᠳᠠᠭ ᠮᠣᠷᠢ ᠶᠢ ᠠᠪᠴᠢᠷᠠᠭᠤᠯᠵᠤ᠂ ᠲᠣᠯᠣᠭᠠᠢ ᠳᠤᠨᠢ ᠬᠠᠭᠠᠨ ᠤ ᠲᠢᠲᠢᠮ ᠢ ᠵᠡᠭᠦᠯᠭᠡᠭᠡᠷᠡᠢ᠃ 9 ᠲᠡᠷᠡ ᠳᠡᠪᠡᠯ ᠪᠠ ᠮᠣᠷᠢ ᠶᠢ ᠬᠠᠭᠠᠨ ᠤ ᠬᠠᠮᠤᠭ ᠤᠨ ᠲᠡᠷᠢᠭᠦᠨ ᠨᠣᠶᠠᠳ ᠤᠨ ᠨᠢᠭᠡᠨ ᠳᠦ ᠥᠭᠬᠦ ᠪᠠ ᠲᠡᠷᠡ ᠪᠡᠷ ᠬᠠᠭᠠᠨ ᠤ ᠬᠦᠨᠳᠦᠳᠬᠡᠯ ᠦᠵᠡᠭᠦᠯᠬᠦ ᠶᠢ ᠬᠦᠰᠡᠵᠦ ᠪᠠᠢᠭ᠎ᠠ ᠬᠥᠮᠦᠨ ᠢ ᠬᠤᠪᠴᠠᠰᠤᠯᠠᠵᠤ᠂ ᠲᠡᠭᠦᠨ ᠢ ᠮᠣᠷᠢᠨ ᠳᠤ ᠮᠣᠷᠳᠠᠭᠤᠯᠤᠨ ᠬᠣᠲᠠ ᠶᠢᠨ ᠭᠤᠳᠤᠮᠵᠢ ᠪᠠᠷ ᠬᠥᠲᠥᠯᠥᠭᠡᠳ᠄ 〈ᠬᠠᠭᠠᠨ ᠬᠦᠨᠳᠦᠳᠬᠡᠯ ᠦᠵᠡᠭᠦᠯᠬᠦ ᠶᠢ ᠬᠦᠰᠡᠭᠰᠡᠨ ᠬᠥᠮᠦᠨ ᠳᠦ ᠡᠢᠨ ᠬᠦ ᠬᠠᠨᠳᠤᠨ᠎ᠠ〉 ᠭᠡᠵᠦ ᠲᠡᠭᠦᠨ ᠦ ᠡᠮᠦᠨ᠎ᠡ ᠲᠤᠩ᠋ᠬᠠᠭᠯᠠᠭᠤᠯ︕》 ᠭᠡᠬᠦ ᠳᠦ᠂ 10 ᠬᠠᠭᠠᠨ ᠬᠠᠮᠠᠨ ᠳᠤ᠄ 《ᠲᠦᠷᠭᠡᠯᠡ᠂ ᠴᠢ ᠥᠪᠡᠷ ᠦᠨ ᠢᠶᠠᠨ ᠬᠡᠯᠡᠭᠰᠡᠨ ᠶᠣᠰᠣᠭᠠᠷ ᠳᠡᠪᠡᠯ ᠪᠣᠯᠣᠨ ᠮᠣᠷᠢ ᠶᠢ ᠠᠪᠴᠢᠷᠠᠵᠤ᠂ ᠬᠠᠭᠠᠨ ᠤ ᠬᠠᠭᠠᠯᠭᠠᠨ ᠳᠡᠷᠭᠡᠳᠡ ᠰᠠᠭᠤᠵᠤ ᠪᠠᠢᠭ᠎ᠠ ᠶᠦᠳᠠᠢ ᠬᠥᠮᠦᠨ ᠮᠣᠷᠳᠧᠺᠠᠢ ᠳᠤ ᠲᠡᠢᠨ ᠬᠦ ᠬᠢᠭᠲᠦᠨ︕ ᠴᠢ ᠬᠡᠯᠡᠭᠰᠡᠨ ᠪᠦᠬᠦᠨ ᠡᠴᠡ ᠪᠡᠨ ᠠᠯᠢ ᠶᠢ ᠨᠢ ᠴᠤ ᠪᠦᠦ ᠣᠷᠬᠢᠭᠳᠠᠭᠤᠯ︕》 ᠭᠡᠯ᠎ᠡ᠃ 11 ᠬᠠᠮᠠᠨ ᠳᠡᠪᠡᠯ ᠪᠣᠯᠣᠨ ᠮᠣᠷᠢ ᠠᠪᠴᠢᠷᠠᠵᠤ᠂ ᠮᠣᠷᠳᠧᠺᠠᠢ ᠶᠢ ᠬᠤᠪᠴᠠᠰᠤᠯᠠᠭᠠᠳ ᠲᠡᠭᠦᠨ ᠢ ᠮᠣᠷᠢᠨ ᠳᠤ ᠮᠣᠷᠳᠠᠭᠤᠯᠤᠨ ᠬᠣᠲᠠ ᠶᠢᠨ ᠭᠤᠳᠤᠮᠵᠢ ᠪᠠᠷ ᠬᠥᠲᠥᠯᠵᠦ᠄ 《ᠬᠠᠭᠠᠨ ᠬᠦᠨᠳᠦᠳᠬᠡᠯ ᠦᠵᠡᠭᠦᠯᠬᠦ ᠶᠢ ᠬᠦᠰᠡᠵᠦ ᠪᠠᠢᠭ᠎ᠠ ᠬᠥᠮᠦᠨ ᠳᠦ ᠡᠢᠨ ᠬᠦ ᠬᠠᠨᠳᠤᠨ᠎ᠠ》 ᠭᠡᠵᠦ ᠲᠡᠭᠦᠨ ᠦ ᠡᠮᠦᠨ᠎ᠡ ᠲᠤᠩ᠋ᠬᠠᠭᠯᠠᠪᠠ᠃

12 ᠳᠠᠷᠠᠭ᠎ᠠ ᠨᠢ ᠮᠣᠷᠳᠧᠺᠠᠢ ᠬᠠᠭᠠᠨ ᠤ ᠬᠠᠭᠠᠯᠭ᠎ᠠ ᠤᠷᠤᠭᠤ ᠪᠤᠴᠠᠬᠤ ᠳᠤ᠂ ᠬᠠᠮᠠᠨ ᠲᠣᠯᠣᠭᠠᠢ ᠪᠠᠨ ᠲᠡᠪᠡᠷᠢᠨ ᠭᠠᠰᠠᠯᠵᠤ᠂ ᠭᠡᠷ ᠤᠷᠤᠭᠤ ᠪᠠᠨ ᠱᠣᠭᠰᠢᠪᠠ᠃ 13 ᠬᠠᠮᠠᠨ ᠥᠪᠡᠷ ᠲᠤᠨᠢ ᠲᠣᠬᠢᠶᠠᠯᠳᠤᠭᠰᠠᠨ ᠪᠦᠭᠦᠳᠡ ᠶᠢ ᠡᠬᠡᠨᠡᠷ ᠽᠧᠷᠧᠱ ᠪᠣᠯᠣᠨ ᠪᠦᠬᠦ ᠠᠨᠳᠠ ᠨᠥᠬᠥᠳ ᠲᠡᠭᠡᠨ ᠶᠠᠷᠢᠪᠠ᠃ ᠲᠡᠭᠡᠬᠦ ᠳᠦ ᠲᠡᠭᠦᠨ ᠦ ᠵᠥᠪᠯᠡᠭᠴᠢᠳ ᠪᠣᠯᠣᠨ ᠡᠬᠡᠨᠡᠷ ᠽᠧᠷᠧᠱ ᠨᠢ᠄ 《ᠴᠢ ᠲᠡᠭᠦᠨ ᠦ ᠡᠮᠦᠨ᠎ᠡ ᠳᠣᠷᠣᠢᠲᠠᠵᠤ ᠡᠬᠢᠯᠡᠭᠰᠡᠨ ᠪᠠᠢᠨ᠎ᠠ᠃ ᠮᠣᠷᠳᠧᠺᠠᠢ ᠶᠦᠳᠠᠢ ᠭᠠᠷᠤᠯ ᠲᠠᠢ ᠪᠣᠯ ᠴᠢ ᠲᠡᠭᠦᠨ ᠢ ᠳᠡᠢᠯᠵᠦ ᠴᠢᠳᠠᠬᠤ ᠦᠭᠡᠢ᠂ ᠲᠡᠭᠦᠨ ᠦ ᠡᠮᠦᠨ᠎ᠡ ᠯᠠᠪᠲᠠᠢ ᠤᠨᠠᠬᠤ ᠪᠣᠯᠣᠨ᠎ᠠ》 ᠭᠡᠪᠡ᠃

14 ᠲᠡᠳᠡ ᠲᠡᠭᠦᠨ ᠲᠡᠢ ᠶᠠᠷᠢᠵᠤ ᠳᠠᠭᠤᠰᠤᠭ᠎ᠠ ᠦᠭᠡᠢ ᠪᠠᠢᠲᠠᠯ᠎ᠠ ᠬᠠᠭᠠᠨ ᠤ ᠲᠠᠢᠭᠠᠨ ᠨᠠᠷ ᠬᠦᠷᠴᠦ ᠢᠷᠡᠭᠡᠳ ᠬᠠᠮᠠᠨ ᠢ ᠡᠰᠲ᠋ᠧᠷ ᠤᠨ ᠪᠡᠯᠡᠳᠦᠭᠰᠡᠨ ᠨᠠᠢᠷ ᠲᠤ ᠶᠠᠭᠠᠷᠠᠨ ᠠᠪᠴᠤ ᠣᠳᠪᠠ᠃