1 2 3 4 5 6 7 8 9 10


ᠡᠰᠲ᠋ᠧᠷ ᠨᠠᠢ᠌ᠮᠠ
 ᠶᠦᠳᠠᠢᠴᠤᠳ ᠠᠶᠤᠯ ᠠᠴᠠ ᠮᠤᠯᠲᠤᠷᠠᠪᠠ

1 ᠲᠡᠷᠡ ᠡᠳᠦᠷ ᠬᠠᠭᠠᠨ ᠠᠬᠠᠰᠦ᠋ᠶᠧᠷᠦ᠋ ᠶᠦᠳᠠᠢᠴᠤᠳ ᠤᠨ ᠳᠠᠢᠰᠤᠨ ᠬᠠᠮᠠᠨ ᠤ ᠭᠡᠷ ᠢ ᠬᠠᠲᠤᠨ ᠡᠰᠲ᠋ᠧᠷ ᠲᠤ ᠲᠤᠰᠢᠶᠠᠭᠰᠠᠨ ᠪᠠᠢᠨ᠎ᠠ᠃ ᠡᠰᠲ᠋ᠧᠷ ᠮᠣᠷᠳᠧᠺᠠᠢ ᠶᠢᠨ ᠥᠪᠡᠷ ᠦᠨ ᠬᠢᠨᠢ ᠬᠤᠪᠢ ᠳᠤ ᠬᠡᠨ ᠪᠣᠯᠬᠤ ᠶᠢ ᠬᠠᠭᠠᠨ ᠳᠤ ᠮᠡᠳᠡᠭᠦᠯᠦᠭᠰᠡᠨ ᠳᠦ᠂ ᠮᠣᠷᠳᠧᠺᠠᠢ ᠬᠠᠭᠠᠨ ᠤ ᠡᠮᠦᠨ᠎ᠡ ᠢᠷᠡᠪᠡ᠃ 2 ᠬᠠᠭᠠᠨ ᠬᠠᠮᠠᠨ ᠠᠴᠠ ᠪᠤᠴᠠᠭᠠᠵᠤ ᠠᠪᠤᠭᠰᠠᠨ ᠲᠠᠮᠠᠭᠠᠲᠤ ᠪᠥᠭᠡᠵᠢ ᠪᠠᠨ ᠰᠤᠭᠤᠯᠤᠨ ᠠᠪᠴᠤ ᠮᠣᠷᠳᠧᠺᠠᠢ ᠳᠤ ᠥᠭᠪᠡ᠃ ᠡᠰᠲ᠋ᠧᠷ ᠮᠣᠷᠳᠧᠺᠠᠢ ᠶᠢ ᠬᠠᠮᠠᠨ ᠤ ᠭᠡᠷ ᠦᠨ ᠵᠠᠬᠢᠷᠤᠭᠴᠢ ᠪᠠᠷ ᠲᠣᠮᠢᠯᠠᠵᠠᠢ᠃

3 ᠡᠰᠲ᠋ᠧᠷ ᠬᠠᠭᠠᠨ ᠤ ᠬᠥᠯ ᠳᠤ ᠤᠨᠠᠨ ᠤᠬᠢᠯᠠᠵᠤ ᠳᠠᠬᠢᠨ ᠶᠠᠷᠢᠪᠠ᠃ ᠲᠡᠷᠡ ᠠᠭᠠᠭ ᠬᠥᠮᠦᠨ ᠬᠠᠮᠠᠨ ᠤ ᠮᠠᠭᠤ ᠲᠥᠯᠥᠪᠯᠡᠭᠡ ᠶᠢ᠂ ᠲᠡᠭᠦᠨ ᠦ ᠶᠦᠳᠠᠢᠴᠤᠳ ᠢ ᠬᠥᠨᠥᠭᠡᠬᠦ ᠪᠡᠷ ᠰᠠᠨᠠᠭᠠᠴᠢᠯᠠᠭᠰᠠᠨ ᠬᠤᠤᠪᠢᠯᠳᠤᠭᠠᠨ ᠢ ᠴᠤᠴᠠᠯᠤᠭᠤᠯᠬᠤ ᠪᠠᠷ ᠥᠷᠥᠰᠢᠶᠡᠯ ᠭᠤᠶᠤᠪᠠ᠃ 4 ᠬᠠᠭᠠᠨ ᠠᠯᠲᠠᠨ ᠲᠠᠶᠠᠭ ᠢᠶᠠᠨ ᠡᠰᠲ᠋ᠧᠷ ᠤᠷᠤᠭᠤ ᠰᠤᠩ᠋ᠭᠠᠭᠰᠠᠨ ᠳᠤ᠂ ᠡᠰᠲ᠋ᠧᠷ ᠪᠣᠰᠣᠭᠠᠳ ᠬᠠᠭᠠᠨ ᠤ ᠡᠮᠦᠨ᠎ᠡ ᠵᠣᠭᠰᠣᠵᠤ᠂ 5 ᠲᠡᠭᠦᠨ ᠳᠦ᠄ 《ᠬᠡᠷᠪᠡ ᠬᠠᠭᠠᠨ ᠲᠠᠭᠠᠯᠠᠪᠠᠯ᠂ ᠬᠡᠷᠪᠡ ᠪᠢ ᠬᠠᠭᠠᠨ ᠤ ᠡᠮᠦᠨ᠎ᠡ ᠲᠠᠭᠠᠯᠠᠭᠳᠠᠵᠤ ᠡᠨᠡ ᠬᠡᠷᠡᠭ ᠬᠠᠭᠠᠨ ᠳᠤ ᠵᠥᠪ ᠰᠠᠨᠠᠭᠳᠠᠪᠠᠯ᠂ ᠬᠡᠷᠪᠡ ᠪᠢ ᠬᠠᠭᠠᠨ ᠤ ᠨᠢᠳᠦᠨ ᠳᠦ ᠲᠠᠭᠠᠯᠠᠮᠵᠢᠲᠤ ᠪᠣᠯᠬᠤ ᠠᠪᠠᠰᠤ ᠬᠠᠭᠠᠨ ᠤ ᠪᠦᠬᠦ ᠮᠤᠵᠢ ᠳᠠᠬᠢ ᠶᠦᠳᠠᠢᠴᠤᠳ ᠢ ᠤᠰᠠᠳᠬᠠᠬᠤ ᠪᠠᠷ ᠠᠭᠠᠭ ᠬᠥᠮᠦᠨ ᠬᠠᠮᠧᠳᠠᠲ᠋ᠠ ᠶᠢᠨ ᠬᠦᠦ ᠬᠠᠮᠠᠨ ᠤ ᠰᠠᠨᠠᠭᠠᠴᠢᠯᠠᠵᠤ ᠪᠢᠴᠢᠭᠰᠡᠨ ᠵᠠᠬᠢᠳᠠᠯ ᠤᠳ ᠢ ᠴᠤᠴᠠᠯᠬᠤ ᠵᠠᠷᠯᠢᠭ ᠢ ᠪᠢᠴᠢᠨ᠎ᠡ ᠤᠤ︖ 6 ᠥᠪᠡᠷ ᠦᠨ ᠮᠠᠨᠢ ᠦᠨᠳᠦᠰᠦᠲᠡᠨ ᠳᠦ ᠪᠠᠭᠤᠬᠤ ᠭᠠᠢ ᠵᠣᠪᠠᠯᠠᠩ ᠢ ᠪᠢ ᠬᠡᠷᠬᠢᠨ ᠬᠠᠷᠠᠵᠤ ᠲᠦᠪᠳᠡᠬᠦ ᠪᠢᠯᠡ︖ ᠮᠥᠨ ᠲᠥᠷᠥᠯ ᠰᠠᠳᠤᠨ ᠤ ᠪᠠᠨ ᠰᠦᠢᠷᠡᠯ ᠢ ᠪᠢ ᠬᠡᠷᠬᠢᠨ ᠬᠠᠷᠠᠵᠤ ᠲᠦᠪᠳᠡᠬᠦ ᠪᠢᠯᠡ︖》 ᠭᠡᠪᠡ᠃ 7 ᠠᠬᠠᠰᠦ᠋ᠶᠧᠷᠦ᠋ ᠬᠠᠭᠠᠨ ᠡᠰᠲ᠋ᠧᠷ ᠬᠠᠲᠤᠨ ᠪᠣᠯᠣᠨ ᠶᠦᠳᠠᠢ ᠬᠥᠮᠦᠨ ᠮᠣᠷᠳᠧᠺᠠᠢ ᠳᠤ᠄ 《ᠬᠠᠷᠠ︕ ᠬᠠᠮᠠᠨ ᠶᠦᠳᠠᠢᠴᠤᠳ ᠤᠷᠤᠭᠤ ᠭᠠᠷ ᠳᠠᠯᠠᠢᠭᠰᠠᠨ ᠳᠤ᠂ ᠪᠢ ᠬᠠᠮᠠᠨ ᠤ ᠭᠡᠷ ᠢ ᠡᠰᠲ᠋ᠧᠷ ᠲᠤ ᠥᠭᠭᠥᠭᠰᠡᠨ ᠪᠥᠭᠡᠳ ᠲᠡᠭᠦᠨ ᠢ ᠳᠡᠭᠦᠵᠢᠯᠡᠭᠦᠷ ᠲᠦ ᠳᠡᠭᠦᠵᠢᠯᠡᠭᠦᠯᠦᠭᠰᠡᠨ ᠪᠢᠯᠡ︕ 8 ᠣᠳᠣ ᠲᠠ ᠨᠠᠷ ᠥᠪᠡᠷᠰᠡᠳ ᠢᠶᠡᠨ ᠶᠦᠳᠠᠢᠴᠤᠳ ᠤᠨ ᠬᠤᠪᠢ ᠳᠤ ᠵᠣᠬᠢᠰᠲᠠᠢ ᠭᠡᠵᠦ ᠦᠵᠡᠭᠰᠡᠨ ᠵᠦᠢᠯ ᠢᠶᠠᠨ ᠬᠠᠭᠠᠨ ᠤ ᠨᠡᠷ᠎ᠡ ᠪᠡᠷ ᠵᠠᠷᠯᠢᠭ ᠪᠣᠯᠭᠠᠨ ᠪᠢᠴᠢᠵᠦ᠂ ᠬᠠᠭᠠᠨ ᠤ ᠲᠠᠮᠠᠭᠠᠲᠤ ᠪᠥᠭᠡᠵᠢ ᠪᠠᠷ ᠲᠠᠮᠠᠭᠠᠯᠠ︕ ᠶᠡᠷᠦ ᠨᠢ ᠬᠠᠭᠠᠨ ᠤ ᠨᠡᠷ᠎ᠡ ᠪᠡᠷ ᠪᠢᠴᠢᠭᠰᠡᠨ᠂ ᠬᠠᠭᠠᠨ ᠤ ᠲᠠᠮᠠᠭᠠᠲᠤ ᠪᠥᠭᠡᠵᠢ ᠪᠠᠷ ᠲᠠᠮᠠᠭᠠᠯᠠᠭᠰᠠᠨ ᠵᠠᠷᠯᠢᠭ ᠨᠢ ᠬᠦᠴᠦᠨ ᠦᠭᠡᠢ ᠪᠣᠯᠳᠠᠭ ᠦᠭᠡᠢ》 ᠭᠡᠪᠡ᠃

9 ᠲᠡᠷᠡ ᠳᠠᠷᠤᠢ ᠬᠠᠭᠠᠨ ᠤ ᠪᠢᠴᠢᠭᠡᠴᠢᠳ ᠰᠢᠪᠠᠨ ᠰᠠᠷ᠎ᠠ ᠪᠤᠶᠤ ᠭᠤᠷᠪᠠᠳᠤᠭᠠᠷ ᠰᠠᠷ᠎ᠠ ᠶᠢᠨ ᠬᠣᠷᠢᠨ ᠭᠤᠷᠪᠠᠨ ᠤ ᠡᠳᠦᠷ ᠳᠠᠭᠤᠳᠠᠭᠳᠠᠵᠤ᠂ ᠡᠨᠡᠳᠬᠡᠭ ᠡᠴᠡ ᠺᠦᠱ ᠬᠦᠷᠲᠡᠯᠡᠬᠢ ᠵᠠᠭᠤ ᠬᠣᠷᠢᠨ ᠳᠣᠯᠣᠭᠠᠨ ᠮᠤᠵᠢ ᠳᠤ ᠪᠤᠢ ᠶᠦᠳᠠᠢᠴᠤᠳ ᠲᠤ᠂ ᠮᠥᠨ ᠠᠬᠠᠯᠠᠭᠴᠢᠳ᠂ ᠵᠠᠬᠢᠷᠤᠭᠴᠢ ᠨᠣᠶᠠᠳ ᠲᠤ ᠮᠣᠷᠳᠧᠺᠠᠢ ᠶᠢᠨ ᠲᠤᠰᠢᠶᠠᠭᠰᠠᠨ ᠪᠦᠭᠦᠳᠡ ᠶᠢ ᠪᠢᠴᠢᠪᠡ᠃ ᠲᠡᠷᠡ ᠲᠤᠰᠢᠶᠠᠯ ᠮᠤᠵᠢ ᠪᠦᠷᠢ ᠶᠢᠨ ᠥᠪᠡᠷ ᠦᠨ ᠬᠢᠨᠢ ᠦᠰᠦᠭ ᠢᠶᠡᠷ᠂ ᠦᠨᠳᠦᠰᠦᠲᠡᠨ ᠪᠦᠷᠢ ᠶᠢᠨ ᠥᠪᠡᠷ ᠦᠨ ᠬᠢᠨᠢ ᠬᠡᠯᠡ ᠪᠡᠷ ᠪᠢᠴᠢᠭᠳᠡᠭᠰᠡᠨ ᠪᠥᠭᠡᠳ ᠶᠦᠳᠠᠢᠴᠤᠳ ᠲᠤ ᠴᠤ ᠥᠪᠡᠷ ᠦᠨ ᠬᠢᠨᠢ ᠦᠰᠦᠭ᠂ ᠥᠪᠡᠷ ᠦᠨ ᠬᠢᠨᠢ ᠬᠡᠯᠡ ᠪᠡᠷ ᠪᠢᠴᠢᠭᠳᠡᠵᠡᠢ᠃ 10 ᠮᠣᠷᠳᠧᠺᠠᠢ ᠵᠠᠬᠢᠳᠠᠯ ᠤᠳ ᠢ ᠬᠠᠭᠠᠨ ᠠᠬᠠᠰᠦ᠋ᠶᠧᠷᠦ᠋ ᠶᠢᠨ ᠨᠡᠷ᠎ᠡ ᠪᠡᠷ ᠪᠢᠴᠢᠭᠦᠯᠵᠦ᠂ ᠬᠠᠭᠠᠨ ᠤ ᠲᠠᠮᠠᠭᠠᠲᠤ ᠪᠥᠭᠡᠵᠢ ᠪᠠᠷ ᠲᠠᠮᠠᠭᠠᠯᠠᠨ᠂ ᠬᠠᠭᠠᠨ ᠳᠤ ᠵᠣᠷᠢᠭᠤᠯᠤᠨ ᠠᠷᠴᠢᠯᠠᠵᠤ ᠪᠠᠢᠭ᠎ᠠ ᠬᠤᠷᠳᠤᠨ ᠮᠣᠷᠢᠳ ᠢ ᠤᠨᠤᠳᠠᠭ ᠤᠯᠠᠭᠠᠴᠢᠳ ᠢ ᠢᠯᠡᠭᠡᠪᠡ᠃ 11 ᠬᠠᠭᠠᠨ ᠡᠳᠡᠭᠡᠷ ᠵᠠᠬᠢᠳᠠᠯ ᠳᠠᠭᠠᠨ᠂ ᠬᠣᠲᠠ ᠪᠦᠷᠢ ᠳᠤ ᠪᠤᠢ ᠶᠦᠳᠠᠢᠴᠤᠳ ᠲᠤ ᠬᠠᠮᠲᠤ ᠴᠤᠭᠯᠠᠷᠠᠨ ᠠᠮᠢ ᠪᠠᠨ ᠬᠠᠮᠠᠭᠠᠯᠠᠬᠤ ᠡᠷᠬᠡ ᠶᠢ ᠵᠥᠪᠰᠢᠶᠡᠷᠡᠵᠦ᠂ ᠪᠠᠰᠠ ᠥᠪᠡᠷᠰᠡᠳ ᠤᠷᠤᠭᠤ ᠨᠢ ᠳᠣᠪᠲᠣᠯᠬᠤ ᠦᠨᠳᠦᠰᠦᠲᠡᠨ ᠪᠤᠶᠤ ᠮᠤᠵᠢ ᠶᠢᠨ ᠵᠡᠪᠰᠡᠭᠲᠦ ᠬᠦᠴᠦ ᠶᠢᠨ ᠡᠰᠡᠷᠭᠦ᠂ ᠲᠡᠳᠡᠨ ᠢ ᠡᠬᠡᠨᠡᠷ ᠬᠡᠦᠬᠡᠳ ᠤᠳ ᠲᠠᠢ ᠨᠢ ᠬᠠᠮᠲᠤ ᠤᠰᠠᠳᠬᠠᠬᠤ᠂ ᠠᠯᠠᠬᠤ᠂ ᠬᠦᠢᠰᠦ ᠲᠡᠮᠲᠡᠷᠢᠬᠦ᠂ ᠮᠥᠨ ᠲᠡᠳᠡᠨ ᠦ ᠬᠥᠷᠥᠩᠭᠡ ᠶᠢ ᠲᠣᠨᠣᠬᠤ ᠡᠷᠬᠡ ᠶᠢ ᠵᠥᠪᠰᠢᠶᠡᠷᠡᠵᠡᠢ᠃ 12 ᠡᠨᠡ ᠵᠥᠪᠰᠢᠶᠡᠷᠡᠯ ᠨᠢ ᠠᠬᠠᠰᠦ᠋ᠶᠧᠷᠦ᠋ ᠬᠠᠭᠠᠨ ᠤ ᠪᠦᠬᠦ ᠮᠤᠵᠢ ᠳᠤ ᠨᠢᠭᠡ ᠯᠠ ᠡᠳᠦᠷ ᠦᠨ ᠬᠦᠴᠦᠨ ᠲᠡᠢ ᠪᠥᠭᠡᠳ ᠲᠡᠷᠡ ᠡᠳᠦᠷ ᠨᠢ ᠠᠳᠠᠷ ᠰᠠᠷ᠎ᠠ ᠪᠤᠶᠤ ᠠᠷᠪᠠᠨ ᠬᠣᠶᠠᠳᠤᠭᠠᠷ ᠰᠠᠷ᠎ᠠ ᠶᠢᠨ ᠠᠷᠪᠠᠨ ᠭᠤᠷᠪᠠᠳᠠᠬᠢ ᠡᠳᠦᠷ ᠪᠠᠢᠪᠠ᠃ 13 ᠶᠦᠳᠠᠢᠴᠤᠳ ᠢ ᠳᠠᠢᠰᠤᠨ ᠨᠤᠭᠤᠳ ᠠᠴᠠ ᠪᠠᠨ ᠥᠰᠢᠶ᠎ᠡ ᠪᠡᠨ ᠠᠪᠬᠤ ᠳᠤ ᠪᠡᠯᠡᠨ ᠪᠠᠢᠯᠭᠠᠬᠤ ᠶᠢᠨ ᠲᠤᠯᠠᠳᠠ ᠵᠠᠷᠯᠢᠭ ᠤᠨ ᠬᠠᠭᠤᠯᠪᠤᠷᠢ ᠶᠢ ᠬᠠᠤᠯᠢ ᠪᠣᠯᠭᠠᠨ ᠲᠤᠩ᠋ᠬᠠᠭᠯᠠᠵᠤ᠂ ᠪᠦᠬᠦ ᠠᠷᠠᠳ ᠲᠦᠮᠡᠨ ᠳᠦ ᠮᠡᠳᠡᠭᠦᠯᠬᠦ ᠶᠣᠰᠣᠲᠠᠢ ᠪᠠᠢᠯ᠎ᠠ᠃ 14 ᠬᠠᠭᠠᠨ ᠤ ᠲᠤᠰᠢᠶᠠᠯ ᠶᠠᠭᠠᠷᠠᠯᠲᠠᠢ ᠪᠣᠯᠬᠣᠷ ᠤᠯᠠᠭᠠᠴᠢᠳ ᠬᠠᠭᠠᠨ ᠤ ᠬᠤᠷᠳᠤᠨ ᠮᠣᠷᠢᠳ ᠢ ᠤᠨᠤᠵᠤ ᠶᠠᠭᠠᠷᠠᠪᠴᠢᠯᠠᠨ ᠬᠥᠳᠡᠯᠪᠡ᠃ ᠰᠦᠰᠠ ᠰᠢᠯᠲᠦᠭᠡᠨ ᠳᠦ ᠴᠤ ᠲᠡᠷᠡ ᠵᠠᠷᠯᠢᠭ ᠲᠤᠩ᠋ᠬᠠᠭᠯᠠᠭᠳᠠᠵᠠᠢ᠃

15 ᠮᠣᠷᠳᠧᠺᠠᠢ ᠬᠥᠬᠡ᠂ ᠴᠠᠭᠠᠨ ᠬᠠᠭᠠᠨ ᠤ ᠳᠡᠪᠡᠯ ᠲᠡᠢ᠂ ᠲᠣᠮᠣ ᠠᠯᠲᠠᠨ ᠲᠢᠲᠢᠮ ᠲᠠᠢ᠂ ᠨᠠᠷᠢᠨ ᠮᠠᠭᠠᠯᠢᠩ᠋ᠭᠤ ᠶᠢᠨ ᠨᠢᠯ ᠶᠠᠭᠠᠨ ᠨᠥᠮᠥᠷᠭᠡ ᠲᠠᠢ ᠪᠠᠷ ᠬᠠᠭᠠᠨ ᠤ ᠳᠡᠷᠭᠡᠳᠡ ᠡᠴᠡ ᠭᠠᠷᠴᠤ ᠢᠷᠡᠬᠦ ᠳᠦ᠂ ᠰᠦᠰᠠ ᠬᠣᠲᠠ ᠶᠢᠨ ᠬᠢᠨ ᠪᠠᠶᠠᠷᠯᠠᠨ ᠤᠤᠬᠠᠢᠯᠠᠵᠠᠭᠠᠪᠠ᠃ 16 ᠭᠡᠷᠡᠯ ᠭᠡᠭᠡ᠂ ᠪᠠᠶᠠᠷ ᠬᠥᠷ᠂ ᠬᠦᠨᠳᠦᠳᠬᠡᠯ ᠨᠢ ᠶᠦᠳᠠᠢᠴᠤᠳ ᠤᠨ ᠬᠢ ᠪᠠᠢᠪᠠ᠃ 17 ᠬᠠᠭᠠᠨ ᠤ ᠲᠤᠰᠢᠶᠠᠯ᠂ ᠵᠠᠷᠯᠢᠭ ᠬᠦᠷᠦᠭᠰᠡᠨ ᠮᠤᠵᠢ ᠬᠣᠲᠠ ᠪᠣᠯᠭᠠᠨ ᠳᠤ᠂ ᠶᠦᠳᠠᠢᠴᠤᠳ ᠨᠠᠢᠷ ᠨᠠᠭᠠᠳᠤᠮ ᠬᠢᠵᠦ ᠪᠠᠶᠠᠷᠯᠠᠨ ᠴᠡᠩᠭᠡᠯᠳᠦᠪᠡ᠃ ᠶᠦᠳᠠᠢᠴᠤᠳ ᠠᠴᠠ ᠠᠶᠤᠬᠤ ᠠᠢᠳᠠᠰ ᠲᠤ ᠠᠪᠲᠠᠭᠠᠳ ᠶᠦᠳᠠᠢ ᠬᠥᠮᠦᠨ ᠪᠣᠯᠣᠭᠰᠠᠨ ᠪᠤᠰᠤᠳ ᠦᠨᠳᠦᠰᠦᠲᠡᠨ ᠦ ᠬᠥᠮᠦᠨ ᠴᠤ ᠣᠯᠠᠨ ᠪᠠᠢᠪᠠ᠃