1 2 3 4 5 6 7 8 9 10


ᠡᠰᠲ᠋ᠧᠷ ᠠᠷᠪᠠ
 ᠮᠣᠷᠳᠧᠺᠠᠢ ᠶᠢᠨ ᠠᠯᠳᠠᠷ

1 ᠬᠠᠭᠠᠨ ᠠᠬᠠᠰᠦ᠋ᠶᠧᠷᠦ᠋ ᠡᠬᠡ ᠭᠠᠵᠠᠷ ᠬᠢᠭᠡᠳ ᠲᠠᠩᠭᠢᠰ ᠤᠨ ᠢᠶᠠᠨ ᠠᠷᠠᠯ ᠤᠳ ᠲᠤ ᠠᠯᠪᠠ ᠭᠤᠪᠴᠢᠭᠤᠷ ᠨᠣᠭᠳᠠᠭᠤᠯᠪᠠ᠃ 2 ᠬᠠᠭᠠᠨ ᠤ ᠡᠷᠬᠡ ᠮᠡᠳᠡᠯ ᠪᠣᠯᠣᠨ ᠬᠦᠴᠦ ᠴᠢᠳᠠᠯ ᠢ ᠬᠠᠷᠠᠭᠤᠯᠤᠭᠰᠠᠨ ᠦᠢᠯᠡ ᠶᠠᠪᠤᠳᠠᠯ ᠪᠦᠭᠦᠳᠡ ᠨᠢ ᠬᠠᠭᠠᠨ ᠤ ᠳᠡᠪᠰᠢᠭᠦᠯᠦᠭᠰᠡᠨ ᠮᠣᠷᠳᠧᠺᠠᠢ ᠶᠢᠨ ᠪᠦᠷᠢᠨ ᠲᠡᠦᠬᠡ ᠲᠠᠢ ᠬᠠᠮᠲᠤ ᠫᠧᠷᠰ ᠪᠣᠯᠣᠨ ᠮᠧᠳᠢᠶ᠎ᠠ ᠶᠢᠨ ᠬᠠᠭᠠᠳ ᠤᠨ ᠨᠠᠮᠲᠠᠷ ᠲᠤ ᠪᠢᠴᠢᠭᠳᠡᠭᠰᠡᠨ ᠪᠤᠰᠤ ᠤᠤ︖ 3 ᠶᠦᠳᠠᠢ ᠬᠥᠮᠦᠨ ᠮᠣᠷᠳᠧᠺᠠᠢ ᠪᠣᠯ ᠠᠬᠠᠰᠦ᠋ᠶᠧᠷᠦ᠋ ᠬᠠᠭᠠᠨ ᠤ ᠳᠠᠷᠠᠭᠠᠬᠢ ᠲᠤᠰᠢᠶᠠᠯᠲᠠᠨ ᠪᠥᠭᠡᠳ ᠶᠦᠳᠠᠢᠴᠤᠳ ᠤᠨ ᠳᠤᠮᠳᠠ ᠠᠭᠤᠤ ᠨᠢᠭᠡᠨ ᠪᠠᠢᠵᠠᠢ᠃ ᠲᠡᠷᠡ ᠪᠡᠷ ᠠᠬ᠎ᠠ ᠳᠡᠭᠦᠦᠰ ᠦᠨ ᠢᠶᠠᠨ ᠲᠠᠭᠠᠯᠠᠯ ᠢ ᠣᠯᠣᠭᠰᠠᠨ᠂ ᠠᠷᠠᠳ ᠲᠦᠮᠡᠨ ᠦ ᠪᠠᠨ ᠰᠠᠢᠨ ᠰᠠᠢᠬᠠᠨ ᠤ ᠲᠥᠯᠥᠭᠡ ᠠᠵᠢᠯᠯᠠᠵᠤ᠂ ᠪᠦᠬᠦ ᠶᠦᠳᠠᠢᠴᠤᠳ ᠤᠨ ᠢᠶᠠᠨ ᠠᠮᠤᠷ ᠲᠠᠢᠪᠤᠩ ᠤᠨ ᠲᠥᠯᠥᠭᠡ ᠶᠠᠷᠢᠳᠠᠭ ᠬᠥᠮᠦᠨ ᠪᠠᠢᠯ᠎ᠠ᠃