ᠡᠰᠲ᠋ᠧᠷ ᠳᠣᠯᠣᠭ᠎ᠠ
ᠬᠠᠮᠠᠨ ᠴᠠᠭᠠᠵᠠᠯᠠᠭᠳᠠᠪᠠ
1 ᠢᠩᠭᠢᠭᠡᠳ ᠬᠠᠭᠠᠨ ᠬᠠᠮᠠᠨ ᠬᠣᠶᠠᠷ ᠡᠰᠲ᠋ᠧᠷ ᠬᠠᠲᠤᠨ ᠲᠠᠢ ᠬᠠᠮᠲᠤ ᠨᠠᠢᠷᠯᠠᠬᠤ ᠪᠠᠷ ᠢᠷᠡᠵᠡᠭᠡᠪᠡ᠃ 2 ᠬᠣᠶᠠᠳᠠᠬᠢ ᠡᠳᠦᠷ ᠨᠢ ᠲᠡᠳᠡ ᠳᠠᠷᠠᠰᠤ ᠤᠤᠭᠤᠵᠤ ᠪᠠᠢᠬᠤ ᠳᠤ᠂ ᠬᠠᠭᠠᠨ ᠳᠠᠬᠢᠨ ᠡᠰᠲ᠋ᠧᠷ ᠲᠤ᠄ 《ᠬᠠᠲᠤᠨ ᠡᠰᠲ᠋ᠧᠷ᠂ ᠴᠢᠨᠦ ᠭᠤᠶᠤᠯᠲᠠ ᠶᠠᠭᠤ ᠪᠤᠢ︖ ᠴᠢᠮ᠎ᠠ ᠳᠤ ᠥᠭᠭᠥᠶ᠎ᠡ᠃ ᠴᠢ ᠶᠠᠭᠤ ᠬᠦᠰᠡᠵᠦ ᠪᠠᠢᠨ᠎ᠠ︖ ᠬᠠᠭᠠᠨᠴᠢᠯᠠᠯ ᠤᠨ ᠢᠶᠠᠨ ᠲᠠᠯ᠎ᠠ ᠶᠢ ᠴᠤ ᠭᠡᠰᠡᠨ ᠪᠣᠯᠣᠨ᠎ᠠ》 ᠭᠡᠪᠡ᠃ 3 ᠬᠠᠲᠤᠨ ᠡᠰᠲ᠋ᠧᠷ ᠬᠠᠷᠢᠭᠤ ᠳᠤᠨᠢ᠄ 《ᠬᠠᠭᠠᠨᠲᠠᠨ ᠮᠢᠨᠢ᠂ ᠬᠡᠷᠪᠡ ᠲᠠᠨ ᠤ ᠮᠡᠯᠮᠡᠢ ᠳᠦ ᠲᠠᠭᠠᠯᠠᠯ ᠢ ᠣᠯᠣᠭᠰᠠᠨ ᠪᠥᠭᠡᠳ ᠬᠠᠭᠠᠨ ᠲᠠᠭᠠᠯᠠᠪᠠᠯ᠂ ᠭᠤᠶᠤᠯᠲᠠ ᠶᠢᠨ ᠮᠢᠨᠢ ᠳᠠᠭᠠᠤ ᠠᠮᠢ ᠶᠢ ᠮᠢᠨᠢ ᠠᠪᠤᠷᠠᠭᠠᠴᠢ᠂ ᠬᠦᠰᠡᠯᠲᠡ ᠶᠢᠨ ᠮᠢᠨᠢ ᠳᠠᠭᠠᠤ ᠦᠨᠳᠦᠰᠦᠲᠡᠨ ᠢ ᠮᠢᠨᠢ ᠠᠪᠤᠷᠠᠭᠠᠴᠢ︕ 4 ᠤᠴᠢᠷ ᠨᠢ ᠪᠢ ᠴᠤ᠂ ᠮᠢᠨᠦ ᠠᠷᠠᠳ ᠲᠦᠮᠡᠨ ᠴᠤ ᠤᠰᠠᠳᠬᠠᠭᠳᠠᠵᠤ᠂ ᠠᠯᠠᠭᠳᠠᠵᠤ᠂ ᠬᠦᠢᠰᠦ ᠲᠡᠮᠲᠡᠷᠢᠭᠳᠡᠬᠦ ᠪᠡᠷ ᠬᠤᠳᠠᠯᠳᠤᠭᠳᠠᠭᠠᠳ ᠪᠠᠢᠨ᠎ᠠ᠃ ᠬᠡᠷᠪᠡ ᠪᠢᠳᠡ ᠡᠷ᠎ᠡ ᠡᠮ᠎ᠡ ᠪᠣᠭᠣᠯ ᠪᠣᠯᠵᠤ ᠬᠤᠳᠠᠯᠳᠤᠭᠳᠠᠭᠰᠠᠨ ᠪᠣᠯ᠂ ᠪᠢ ᠲᠡᠭᠦᠨ ᠦ ᠲᠥᠯᠥᠭᠡ ᠬᠠᠭᠠᠨ ᠳᠤ ᠶᠠᠷᠰᠢᠭ ᠲᠠᠲᠠᠬᠤ ᠬᠡᠷᠡᠭ ᠦᠭᠡᠢ ᠪᠣᠯᠬᠣᠷ ᠪᠢ ᠳᠠᠭᠤ ᠦᠭᠡᠢ ᠪᠠᠢᠬᠤ ᠪᠠᠢᠭᠰᠠᠨ》 ᠭᠡᠯᠡ᠃ 5 ᠠᠬᠠᠰᠦ᠋ᠶᠧᠷᠦ᠋ ᠬᠠᠭᠠᠨ ᠡᠰᠲ᠋ᠧᠷ ᠬᠠᠲᠤᠨ ᠠᠴᠠ᠄ 《ᠲᠡᠷᠡ ᠴᠢᠨᠢ ᠬᠡᠨ ᠪᠤᠢ︖ ᠲᠡᠭᠡᠬᠦ ᠶᠢ ᠵᠢᠷᠦᠬᠡᠯᠡᠭᠴᠢ ᠬᠥᠮᠦᠨ ᠬᠠᠮᠢᠭ᠎ᠠ ᠪᠠᠢᠨ᠎ᠠ ᠪᠤᠢ︖》 ᠭᠡᠵᠦ ᠠᠰᠠᠭᠤᠬᠤ ᠳᠤ᠂ 6 ᠡᠰᠲ᠋ᠧᠷ᠄ 《ᠲᠡᠷᠡ ᠳᠠᠢᠰᠤᠨ᠂ ᠲᠡᠷᠡ ᠥᠰᠲᠡᠨ ᠪᠣᠯ ᠡᠨᠡ ᠮᠠᠭᠤ ᠬᠠᠮᠠᠨ︕》 ᠭᠡᠪᠡ᠃ ᠬᠠᠮᠠᠨ ᠪᠡᠷ ᠬᠠᠭᠠᠨ ᠬᠠᠲᠤᠨ ᠬᠣᠶᠠᠷ ᠤᠨ ᠡᠮᠦᠨ᠎ᠡ ᠠᠶᠤᠨ ᠳᠠᠭᠵᠢᠪᠠ᠃ 7 ᠬᠠᠭᠠᠨ ᠠᠭᠤᠷᠯᠠᠭᠠᠳ ᠳᠠᠷᠠᠰᠤ ᠤᠤᠭᠤᠬᠤ ᠪᠠᠨ ᠪᠣᠯᠢᠵᠤ᠂ ᠪᠣᠰᠣᠭᠠᠳ ᠣᠷᠳᠣᠨ ᠤ ᠴᠡᠴᠡᠷᠯᠢᠭ ᠤᠷᠤᠭᠤ ᠣᠳᠪᠠ᠃ ᠬᠠᠮᠠᠨ ᠬᠠᠭᠠᠨ ᠤ ᠥᠪᠡᠷ ᠢ ᠨᠢ ᠬᠥᠨᠥᠭᠡᠬᠦ ᠪᠡᠷ ᠰᠢᠢᠳᠦᠭᠰᠡᠨ ᠢ ᠤᠬᠠᠭᠠᠷᠠᠵᠤ᠂ ᠬᠠᠲᠤᠨ ᠡᠰᠲ᠋ᠧᠷ ᠡᠴᠡ ᠠᠮᠢ ᠭᠤᠶᠤᠬᠤ ᠪᠠᠷ ᠦᠯᠡᠳᠡᠪᠡ᠃ 8 ᠬᠠᠭᠠᠨ ᠣᠷᠳᠣᠨ ᠤ ᠴᠡᠴᠡᠷᠯᠢᠭ ᠡᠴᠡ ᠨᠠᠢᠷ ᠤᠨ ᠲᠠᠩᠬᠢᠮ ᠤᠷᠤᠭᠤ ᠪᠤᠴᠠᠵᠤ ᠢᠷᠡᠬᠦ ᠳᠦ᠂ ᠬᠠᠮᠠᠨ ᠡᠰᠲ᠋ᠧᠷ ᠤᠨ ᠬᠠᠵᠠᠭᠤᠯᠳᠠᠵᠤ ᠪᠠᠢᠭᠰᠠᠨ ᠢᠰᠠᠷᠢ ᠳᠡᠭᠡᠷ᠎ᠡ ᠤᠨᠠᠭᠠᠳ ᠪᠠᠢᠯ᠎ᠠ᠃ ᠲᠡᠭᠡᠭᠡᠳ ᠬᠠᠭᠠᠨ᠄ 《ᠲᠡᠷᠡ ᠮᠢᠨᠦ ᠭᠡᠷ ᠲᠦ᠂ ᠨᠠᠮᠠᠶᠢ ᠪᠠᠢᠬᠤ ᠳᠤ ᠬᠠᠲᠤᠨ ᠢ ᠬᠦᠴᠦᠷᠬᠡᠭᠯᠡᠬᠦ ᠨᠢ ᠤᠤ︖》 ᠭᠡᠪᠡ᠃ ᠬᠠᠭᠠᠨ ᠤ ᠠᠮᠠᠨ ᠠᠴᠠ ᠡᠨᠡ ᠦᠭᠡ ᠭᠠᠷᠤᠮᠠᠭᠴᠠ ᠬᠥᠮᠦᠰ ᠬᠠᠮᠠᠨ ᠤ ᠨᠢᠭᠤᠷ ᠢ ᠪᠦᠲᠡᠭᠡᠪᠡ᠃ 9 ᠬᠠᠭᠠᠨ ᠤ ᠪᠠᠷ᠎ᠠ ᠪᠣᠯᠣᠭᠴᠢ ᠲᠠᠢᠭᠠᠨ ᠨᠠᠷ ᠤᠨ ᠨᠢᠭᠡ ᠬᠠᠷᠪᠣᠨ᠎ᠠ᠄ 《ᠪᠠᠢᠵᠠ︕ ᠬᠠᠮᠠᠨ ᠤ ᠭᠡᠷ ᠦᠨ ᠳᠡᠷᠭᠡᠳᠡ ᠲᠠᠪᠢᠨ ᠲᠣᠬᠣᠢ ᠥᠨᠳᠥᠷ ᠳᠡᠭᠦᠵᠢᠯᠡᠭᠦᠷ ᠪᠠᠢᠨ᠎ᠠ︕ ᠦᠨᠡᠨᠴᠢ ᠦᠭᠡ ᠪᠡᠷ ᠬᠠᠭᠠᠨ ᠢ ᠠᠪᠤᠷᠠᠭᠰᠠᠨ ᠮᠣᠷᠳᠧᠺᠠᠢ ᠶᠢ ᠳᠡᠭᠦᠵᠢᠯᠡᠬᠦ ᠪᠡᠷ ᠬᠠᠮᠠᠨ ᠲᠡᠭᠦᠨ ᠢ ᠪᠡᠯᠡᠳᠦᠭᠰᠡᠨ》 ᠭᠡᠬᠦ ᠳᠦ᠂ ᠬᠠᠭᠠᠨ᠄ 《ᠲᠡᠭᠦᠨ ᠳᠡᠭᠡᠷ᠎ᠡ ᠬᠠᠮᠠᠨ ᠢ ᠳᠡᠭᠦᠵᠢᠯᠡ︕》 ᠭᠡᠪᠡ᠃ 10 ᠲᠡᠳᠡ ᠬᠠᠮᠠᠨ ᠢ ᠮᠣᠷᠳᠧᠺᠠᠢ ᠳᠤ ᠪᠡᠯᠡᠳᠦᠭᠰᠡᠨ ᠳᠡᠭᠦᠵᠢᠯᠡᠭᠦᠷ ᠲᠤᠨᠢ ᠳᠡᠭᠦᠵᠢᠯᠡᠭᠰᠡᠨ ᠢᠶᠡᠷ ᠬᠠᠭᠠᠨ ᠤ ᠠᠭᠤᠷ ᠬᠢᠯᠢᠩ ᠨᠠᠮᠵᠢᠭᠰᠠᠨ ᠪᠠᠢᠨ᠎ᠠ᠃