ᠡᠰᠲ᠋ᠧᠷ ᠭᠤᠷᠪᠠ
ᠶᠦᠳᠠᠢᠴᠤᠳ ᠲᠤ ᠠᠶᠤᠯ ᠲᠤᠯᠭᠠᠷᠠᠪᠠ
1 ᠡᠳᠡᠭᠡᠷ ᠦᠨ ᠳᠠᠷᠠᠭ᠎ᠠ᠂ ᠬᠠᠭᠠᠨ ᠠᠬᠠᠰᠦ᠋ᠶᠧᠷᠦ᠋ ᠠᠭᠠᠭ ᠬᠥᠮᠦᠨ ᠬᠠᠮᠧᠳᠠᠲ᠋ᠠ ᠶᠢᠨ ᠬᠦᠦ ᠬᠠᠮᠠᠨ ᠢ ᠡᠷᠭᠦᠮᠵᠢᠯᠡᠨ ᠳᠡᠪᠰᠢᠭᠦᠯᠵᠦ᠂ ᠲᠡᠭᠦᠨ ᠢ ᠪᠤᠰᠤᠳ ᠪᠦᠬᠦ ᠲᠦᠰᠢᠮᠡᠯ ᠡᠴᠡ ᠥᠨᠳᠥᠷ ᠲᠤᠰᠢᠶᠠᠯ ᠳᠤ ᠲᠣᠮᠢᠯᠠᠪᠠ᠃ 2 ᠬᠠᠭᠠᠨ ᠤ ᠬᠠᠭᠠᠯᠭᠠᠨ ᠳᠠᠬᠢ ᠬᠠᠭᠠᠨ ᠤ ᠲᠦᠰᠢᠮᠡᠳ ᠪᠦᠭᠦᠳᠡ ᠬᠠᠭᠠᠨ ᠤ ᠵᠠᠬᠢᠭᠰᠠᠨ ᠶᠣᠰᠣᠭᠠᠷ ᠬᠠᠮᠠᠨ ᠳᠤ ᠬᠦᠨᠳᠦᠳᠬᠡᠯ ᠦᠵᠡᠭᠦᠯᠦᠨ ᠪᠥᠬᠥᠢᠳᠡᠭ ᠪᠣᠯ᠂ ᠮᠣᠷᠳᠧᠺᠠᠢ ᠪᠥᠬᠥᠢᠳᠡᠭ ᠴᠤ ᠦᠭᠡᠢ᠂ ᠬᠦᠨᠳᠦᠳᠬᠡᠯ ᠦᠵᠡᠭᠦᠯᠳᠡᠭ ᠴᠤ ᠦᠭᠡᠢ ᠪᠠᠢᠵᠠᠢ᠃
3 ᠲᠡᠭᠡᠬᠦ ᠳᠦ ᠬᠠᠭᠠᠨ ᠤ ᠬᠠᠭᠠᠯᠭᠠᠨ ᠳᠠᠬᠢ ᠬᠠᠭᠠᠨ ᠤ ᠲᠦᠰᠢᠮᠡᠳ ᠮᠣᠷᠳᠧᠺᠠᠢ ᠳᠤ᠄ 《ᠴᠢ ᠶᠠᠭᠤᠨ ᠳᠤ ᠬᠠᠭᠠᠨ ᠤ ᠲᠤᠰᠢᠶᠠᠯ ᠢ ᠵᠥᠷᠢᠴᠡᠵᠦ ᠪᠠᠢᠨ᠎ᠠ ᠪᠤᠢ︖》 ᠭᠡᠪᠡ᠃ 4 ᠲᠡᠳᠡ ᠡᠳᠦᠷ ᠪᠣᠯᠭᠠᠨ ᠬᠡᠯᠡᠳᠡᠭ ᠪᠣᠯᠪᠠᠴᠤ ᠮᠣᠷᠳᠧᠺᠠᠢ ᠲᠡᠳᠡᠨ ᠦ ᠬᠢ ᠶᠢ ᠰᠣᠨᠣᠰᠳᠠᠭ ᠦᠭᠡᠢ ᠲᠤᠯᠠ ᠲᠡᠳᠡ ᠡᠭᠦᠨ ᠦ ᠲᠤᠬᠠᠢ ᠬᠠᠮᠠᠨ ᠳᠤ ᠮᠡᠳᠡᠭᠳᠡᠵᠦ᠂ ᠡᠨᠡ ᠶᠠᠪᠤᠳᠠᠯ ᠢᠶᠠᠷ ᠮᠣᠷᠳᠧᠺᠠᠢ ᠵᠦᠭᠡᠷ ᠥᠩᠭᠡᠷᠡᠵᠦ ᠴᠢᠳᠠᠬᠤ ᠡᠰᠡᠬᠦ ᠶᠢ ᠦᠵᠡᠶ᠎ᠡ ᠭᠡᠵᠦ ᠪᠠᠢᠪᠠ᠃ ᠤᠤᠯ ᠨᠢ ᠮᠣᠷᠳᠧᠺᠠᠢ ᠲᠡᠳᠡᠨ ᠳᠦ ᠥᠪᠡᠷ ᠦᠨ ᠢᠶᠠᠨ ᠶᠦᠳᠠᠢ ᠬᠥᠮᠦᠨ ᠭᠡᠳᠡᠭ ᠢ ᠬᠡᠯᠡᠭᠰᠡᠨ ᠪᠠᠢᠵᠠᠢ᠃
5 ᠬᠠᠮᠠᠨ ᠮᠣᠷᠳᠧᠺᠠᠢ ᠶᠢᠨ ᠥᠪᠡᠷ ᠲᠤᠨᠢ ᠪᠥᠬᠥᠢᠬᠦ ᠴᠤ ᠦᠭᠡᠢ᠂ ᠬᠦᠨᠳᠦᠳᠬᠡᠯ ᠦᠵᠡᠭᠦᠯᠬᠦ ᠴᠤ ᠦᠭᠡᠢ ᠪᠠᠢᠭ᠎ᠠ ᠶᠢ ᠦᠵᠡᠭᠡᠳ ᠬᠢᠯᠢᠩ ᠨᠢ ᠳᠦᠷᠡᠯᠵᠡᠪᠡ᠃ 6 ᠭᠡᠪᠡᠴᠦ ᠭᠠᠭᠴᠠ ᠮᠣᠷᠳᠧᠺᠠᠢ ᠶᠢᠨ ᠠᠮᠢᠨ ᠳᠤ ᠭᠠᠷ ᠬᠦᠷᠬᠦ ᠨᠢ ᠲᠡᠭᠦᠨ ᠳᠦ ᠴᠢᠮᠠᠯᠠᠭᠳᠠᠵᠠᠢ᠃ ᠮᠣᠷᠳᠧᠺᠠᠢ ᠶᠢᠨ ᠶᠠᠮᠠᠷ ᠦᠨᠳᠦᠰᠦᠲᠡᠨ ᠪᠣᠯᠬᠤ ᠨᠢ ᠲᠡᠭᠦᠨ ᠳᠦ ᠮᠡᠳᠡᠭᠳᠡᠭᠰᠡᠨ ᠤᠴᠢᠷ ᠲᠡᠷᠡ ᠠᠬᠠᠰᠦ᠋ᠶᠧᠷᠦ᠋ ᠶᠢᠨ ᠬᠠᠭᠠᠨᠴᠢᠯᠠᠯ ᠳᠠᠶᠠᠭᠠᠷ ᠬᠢ ᠮᠣᠷᠳᠧᠺᠠᠢ ᠶᠢᠨ ᠦᠨᠳᠦᠰᠦᠲᠡᠨ ᠶᠦᠳᠠᠢᠴᠤᠳ ᠢ ᠪᠦᠭᠦᠳᠡ ᠶᠢ ᠤᠰᠠᠳᠬᠠᠬᠤ ᠠᠷᠭ᠎ᠠ ᠰᠦᠪᠡᠭᠴᠢᠯᠡᠪᠡ᠃
7 ᠠᠬᠠᠰᠦ᠋ᠶᠧᠷᠦ᠋ ᠬᠠᠭᠠᠨ ᠤ ᠠᠷᠪᠠᠨ ᠬᠣᠶᠠᠳᠤᠭᠠᠷ ᠣᠨ ᠤ ᠨᠢᠰᠠᠨ ᠰᠠᠷ᠎ᠠ ᠪᠤᠶᠤ ᠨᠢᠭᠡᠳᠦᠭᠡᠷ ᠰᠠᠷ᠎ᠠ ᠳᠤ᠂ ᠬᠠᠮᠠᠨ ᠰᠠᠷ᠎ᠠ ᠡᠳᠦᠷ ᠢ ᠲᠣᠪᠯᠠᠬᠤ ᠪᠠᠷ ᠫᠦᠷ ᠬᠡᠮᠡᠬᠦ ᠰᠢᠪᠠᠭ᠎ᠠ ᠶᠢ ᠣᠷᠬᠢᠭᠰᠠᠨ ᠳᠤ᠂ ᠠᠳᠠᠷ ᠰᠠᠷ᠎ᠠ ᠪᠤᠶᠤ ᠠᠷᠪᠠᠨ ᠬᠣᠶᠠᠳᠤᠭᠠᠷ ᠰᠠᠷ᠎ᠠ ᠨᠣᠭᠳᠠᠪᠠ᠃
8 ᠬᠠᠮᠠᠨ ᠠᠬᠠᠰᠦ᠋ᠶᠧᠷᠦ᠋ ᠬᠠᠭᠠᠨ ᠳᠤ᠄ 《ᠲᠠᠨ ᠤ ᠬᠠᠭᠠᠨᠴᠢᠯᠠᠯ ᠤᠨ ᠪᠦᠬᠦ ᠮᠤᠵᠢ ᠶᠢᠨ ᠠᠷᠠᠳ ᠲᠦᠮᠡᠨ ᠦ ᠳᠤᠮᠳᠠ ᠲᠠᠷᠬᠠᠨ ᠰᠠᠭᠤᠳᠠᠭ ᠨᠢᠭᠡ ᠦᠨᠳᠦᠰᠦᠲᠡᠨ ᠪᠠᠢᠨ᠎ᠠ᠃ ᠲᠡᠳᠡᠨ ᠦ ᠬᠠᠤᠯᠢ ᠪᠤᠰᠤᠳ ᠠᠷᠠᠳ ᠲᠦᠮᠡᠨ ᠦ ᠬᠠᠤᠯᠢ ᠡᠴᠡ ᠣᠨᠳᠣᠣ ᠪᠣᠯᠬᠣᠷ ᠲᠡᠳᠡ ᠬᠠᠭᠠᠨ ᠤ ᠬᠠᠤᠯᠢ ᠨᠤᠭᠤᠳ ᠢ ᠰᠠᠬᠢᠳᠠᠭ ᠦᠭᠡᠢ ᠶᠤᠮ᠃ ᠲᠡᠳᠡᠨ ᠢ ᠴᠢᠭ ᠢᠶᠠᠷ ᠨᠢ ᠪᠠᠢᠯᠭᠠᠬᠤ ᠨᠢ ᠬᠠᠭᠠᠨ ᠳᠤ ᠲᠤᠰᠠ ᠦᠭᠡᠢ᠃ 9 ᠬᠡᠷᠪᠡ ᠬᠠᠭᠠᠨ ᠲᠠᠭᠠᠯᠠᠪᠠᠯ᠂ ᠲᠡᠳᠡᠨ ᠢ ᠤᠰᠠᠳᠬᠠᠬᠤ ᠵᠠᠷᠯᠢᠭ ᠭᠠᠷᠭᠠᠭᠠᠴᠢ᠃ ᠲᠡᠭᠡᠪᠡᠯ ᠪᠢ ᠡᠨᠡ ᠠᠵᠢᠯ ᠢ ᠭᠦᠢᠴᠡᠳᠬᠡᠬᠦ ᠬᠥᠮᠦᠰ ᠲᠦ ᠲᠦᠮᠡᠨ ᠲᠠᠯᠠᠨᠲ 1 ᠮᠥᠩᠭᠥ ᠥᠭᠴᠦ᠂ ᠬᠠᠭᠠᠨ ᠤ ᠰᠠᠩ ᠳᠤ ᠣᠷᠣᠭᠤᠯᠵᠤ ᠥᠭᠭᠥᠶ᠎ᠡ》 ᠭᠡᠪᠡ᠃
10 ᠬᠠᠭᠠᠨ ᠬᠤᠷᠤᠭᠤ ᠠᠴᠠ ᠪᠠᠨ ᠲᠠᠮᠠᠭᠠᠲᠤ ᠪᠥᠭᠡᠵᠢ ᠪᠠᠨ ᠮᠤᠯᠲᠤᠯᠤᠨ ᠠᠪᠴᠤ᠂ ᠶᠦᠳᠠᠢᠴᠤᠳ ᠤᠨ ᠳᠠᠢᠰᠤᠨ ᠠᠭᠠᠭ ᠬᠥᠮᠦᠨ᠂ ᠬᠠᠮᠧᠳᠠᠲ᠋ᠠ ᠶᠢᠨ ᠬᠦᠦ ᠬᠠᠮᠠᠨ ᠳᠤ ᠥᠭᠪᠡ᠃ 11 ᠬᠠᠭᠠᠨ ᠬᠠᠮᠠᠨ ᠳᠤ᠄ 《ᠲᠡᠷᠡ ᠮᠥᠩᠭᠥ ᠶᠢ ᠨᠥᠭᠥᠭᠡ ᠦᠨᠳᠦᠰᠦᠲᠡᠨ ᠲᠡᠢ ᠬᠠᠮᠲᠤ ᠴᠢᠮ᠎ᠠ ᠳᠤ ᠲᠤᠰᠢᠶᠠᠯ᠎ᠠ᠂ ᠴᠢ ᠲᠡᠳᠡᠨ ᠳᠦ ᠥᠪᠡᠷ ᠦᠨ ᠢᠶᠠᠨ ᠨᠢᠳᠦᠨ ᠳᠦ ᠰᠠᠢᠨ ᠭᠡᠵᠦ ᠦᠵᠡᠭᠰᠡᠨ ᠢᠶᠡᠨ ᠦᠢᠯᠡᠳᠦᠭᠲᠦᠨ》 ᠭᠡᠪᠡ᠃
12 ᠢᠩᠭᠢᠭᠡᠳ ᠨᠢᠭᠡᠳᠦᠭᠡᠷ ᠰᠠᠷ᠎ᠠ ᠶᠢᠨ ᠠᠷᠪᠠᠨ ᠭᠤᠷᠪᠠᠨ ᠤ ᠡᠳᠦᠷ ᠬᠠᠭᠠᠨ ᠤ ᠪᠢᠴᠢᠭᠡᠴᠢ ᠨᠠᠷ ᠳᠠᠭᠤᠳᠠᠭᠳᠠᠪᠠ᠃ ᠲᠡᠳᠡ ᠬᠠᠮᠠᠨ ᠤ ᠲᠤᠰᠢᠶᠠᠭᠰᠠᠨ ᠪᠦᠬᠦᠨ ᠢ ᠮᠤᠵᠢ ᠪᠦᠷᠢ ᠶᠢᠨ ᠦᠰᠦᠭ᠂ ᠦᠨᠳᠦᠰᠦᠲᠡᠨ ᠪᠦᠷᠢ ᠶᠢᠨ ᠬᠡᠯᠡ ᠪᠡᠷ ᠣᠷᠴᠢᠭᠤᠯᠤᠭᠰᠠᠨ ᠤ ᠳᠠᠷᠠᠭ᠎ᠠ᠂ ᠬᠠᠭᠠᠨ ᠤ ᠠᠬᠠᠯᠠᠭᠴᠢ ᠨᠣᠶᠠᠳ᠂ ᠮᠤᠵᠢ ᠶᠢᠨ ᠵᠠᠬᠢᠷᠤᠭᠴᠢᠳ ᠪᠣᠯᠣᠨ ᠦᠨᠳᠦᠰᠦᠲᠡᠨ ᠪᠦᠷᠢ ᠶᠢᠨ ᠨᠣᠶᠠᠳ ᠲᠤ ᠪᠢᠴᠢᠪᠡ᠃ ᠲᠡᠳᠡ ᠠᠬᠠᠰᠦ᠋ᠶᠧᠷᠦ᠋ ᠶᠢᠨ ᠨᠡᠷ᠎ᠡ ᠪᠡᠷ ᠪᠢᠴᠢᠵᠦ᠂ ᠲᠠᠮᠠᠭᠠᠲᠤ ᠪᠥᠭᠡᠵᠢ ᠪᠠᠷ ᠲᠠᠮᠠᠭᠠᠯᠠᠨ 13 ᠤᠯᠠᠭᠠᠴᠢᠳ ᠢᠶᠠᠷ ᠬᠠᠭᠠᠨ ᠤ ᠬᠠᠷᠢᠶ᠎ᠠ ᠮᠤᠵᠢ ᠪᠣᠯᠭᠠᠨ ᠳᠤ ᠢᠯᠡᠭᠡᠪᠡ᠃ ᠡᠢᠨ ᠬᠦ ᠠᠳᠠᠷ ᠰᠠᠷ᠎ᠠ ᠪᠤᠶᠤ ᠠᠷᠪᠠᠨ ᠬᠣᠶᠠᠳᠤᠭᠠᠷ ᠰᠠᠷ᠎ᠠ ᠶᠢᠨ ᠠᠷᠪᠠᠨ ᠭᠤᠷᠪᠠᠨ ᠤ ᠡᠳᠦᠷ ᠶᠦᠳᠠᠢᠴᠤᠳ ᠢ ᠡᠷᠡᠭᠲᠡᠢ ᠡᠮᠡᠭᠲᠡᠢ᠂ ᠬᠥᠭᠰᠢᠨ ᠵᠠᠯᠠᠭᠤ ᠦᠭᠡᠢ ᠪᠦᠭᠦᠳᠡ ᠶᠢ ᠨᠢ ᠨᠢᠭᠡ ᠯᠠ ᠡᠳᠦᠷ ᠦᠨ ᠳᠣᠲᠣᠷ᠎ᠠ ᠤᠰᠠᠳᠬᠠᠨ ᠠᠷᠢᠯᠭᠠᠵᠤ ᠮᠥᠬᠥᠭᠡᠭᠡᠳ ᠡᠳ᠋ ᠬᠥᠷᠥᠩᠭᠡ ᠶᠢ ᠨᠢ ᠣᠯᠵᠠᠯᠠᠨ ᠠᠪᠲᠤᠭᠠᠢ ᠬᠡᠮᠡᠬᠦ ᠵᠠᠷᠯᠢᠭ ᠲᠠᠷᠬᠠᠭᠠᠵᠠᠢ᠃ 14 ᠡᠯ᠎ᠡ ᠮᠤᠵᠢ ᠲᠡᠷᠡ ᠵᠠᠷᠯᠢᠭ ᠢ ᠬᠠᠤᠯᠢ ᠪᠣᠯᠭᠠᠨ ᠲᠤᠩ᠋ᠬᠠᠭᠯᠠᠵᠤ᠂ ᠪᠦᠬᠦ ᠠᠷᠠᠳ ᠲᠦᠮᠡᠨ ᠳᠦ ᠮᠡᠳᠡᠭᠦᠯᠦᠭᠰᠡᠨ ᠪᠥᠭᠡᠳ ᠲᠡᠷᠡ ᠡᠳᠦᠷ ᠦᠨ ᠲᠥᠯᠥᠭᠡ ᠪᠡᠯᠡᠳᠬᠡᠭᠦᠯᠬᠦ ᠬᠡᠷᠡᠭᠲᠡᠢ ᠪᠠᠢᠪᠠ᠃
15 ᠬᠠᠭᠠᠨ ᠤ ᠵᠠᠷᠯᠢᠭ ᠪᠠᠭᠤᠬᠤ ᠲᠠᠢ ᠵᠡᠷᠭᠡ ᠤᠯᠠᠭᠠᠴᠢᠳ ᠶᠠᠭᠠᠷᠠᠯᠲᠠᠢ ᠭᠠᠷᠴᠤ ᠶᠠᠪᠤᠭᠰᠠᠨ ᠪᠥᠭᠡᠳ ᠲᠡᠷᠡ ᠵᠠᠷᠯᠢᠭ ᠰᠦᠰᠠ ᠰᠢᠯᠲᠦᠭᠡᠨ ᠳᠦ ᠴᠤ ᠲᠤᠩ᠋ᠬᠠᠭᠯᠠᠭᠳᠠᠭᠰᠠᠨ ᠪᠠᠢᠯ᠎ᠠ᠃ ᠬᠠᠭᠠᠨ᠂ ᠬᠠᠮᠠᠨ ᠬᠣᠶᠠᠷ ᠤᠤᠭᠤᠬᠤ ᠪᠠᠷ ᠰᠠᠭᠤᠵᠤ ᠪᠠᠢᠭ᠎ᠠ ᠦᠶ᠎ᠡ ᠳᠦ᠂ ᠰᠦᠰᠠ ᠬᠣᠲᠠ ᠦᠢᠮᠡᠵᠦ ᠪᠠᠢᠪᠠ᠃