1 2 3


ᠶᠣᠶᠧᠯ ᠬᠣᠶᠠᠷ
1 ᠽᠢᠶᠣᠨ ᠳᠤ ᠪᠦᠷᠢᠶ᠎ᠡ ᠦᠯᠢᠶᠡ ᠠᠷᠢᠭᠤᠨ ᠠᠭᠤᠯᠠᠨ ᠳᠡᠭᠡᠷ᠎ᠡ ᠮᠢᠨᠢ ᠲᠦᠭᠰᠢᠭᠦᠷᠢ ᠶᠢ ᠵᠠᠷᠯᠠ ᠡᠨᠡ ᠨᠤᠲᠤᠭ ᠤᠨ ᠰᠠᠭᠤᠭᠠᠯᠢᠴᠢᠳ ᠪᠦᠭᠦᠳᠡ ᠴᠡᠴᠡᠷᠡᠭ ᠶᠣᠬᠣᠸᠠ ᠶᠢᠨ ᠡᠳᠦᠷ ᠢᠷᠡᠵᠦ ᠪᠠᠢᠨ᠎ᠠ᠂
2 ᠪᠦᠷᠦᠩᠬᠦᠢ᠂ ᠬᠠᠷᠠᠩ᠋ᠭᠤᠢ ᠡᠳᠦᠷ᠂ ᠡᠭᠦᠯᠡ ᠲᠠᠢ ᠪᠠᠷᠠᠭᠠᠨ ᠡᠳᠦᠷ ᠣᠢᠷᠠᠬᠠᠨ ᠪᠠᠢᠨ᠎ᠠ ᠤᠷᠢᠳᠤ ᠪᠠᠢᠭ᠎ᠠ ᠦᠭᠡᠢ᠂ ᠦᠶ᠎ᠡ ᠶᠢᠨ ᠦᠶ᠎ᠡ ᠳᠦ ᠳᠠᠬᠢᠨ ᠭᠠᠷᠬᠤ ᠦᠭᠡᠢ ᠠᠭᠤᠤ ᠬᠦᠴᠦᠷᠬᠡᠭ ᠴᠡᠷᠢᠭ ᠦᠷ ᠦᠨ ᠲᠤᠶᠠᠭ᠎ᠠ ᠠᠭᠤᠯᠠᠰ ᠤᠨ ᠳᠡᠭᠡᠭᠦᠷ ᠨᠥᠮᠥᠷᠬᠦ ᠮᠡᠲᠦ ᠢᠷᠡᠨ᠎ᠡ
3 ᠲᠡᠳᠡᠨ ᠦ ᠡᠮᠦᠨ᠎ᠡ ᠭᠠᠯ ᠳᠦᠷᠡᠯᠵᠡᠵᠦ᠂ ᠲᠡᠳᠡᠨ ᠦ ᠠᠷᠤ ᠳᠤ ᠳᠥᠯᠥ ᠪᠠᠳᠠᠷᠠᠨ᠎ᠠ᠃ ᠲᠡᠳᠡᠨ ᠦ ᠡᠮᠦᠨ᠎ᠡ ᠡᠳᠧᠨ ᠴᠡᠴᠡᠷᠯᠢᠭ ᠮᠡᠲᠦ ᠭᠠᠵᠠᠷ ᠨᠢ ᠴᠤ ᠲᠡᠳᠡᠨ ᠦ ᠠᠷᠤ ᠳᠤ ᠡᠵᠡᠭᠦᠢ ᠴᠥᠯ ᠪᠣᠯᠣᠨ᠎ᠠ ᠶᠠᠭᠤ ᠴᠤ ᠲᠡᠳᠡᠨ ᠡᠴᠡ ᠵᠢᠭᠤᠲᠠᠵᠤ ᠡᠰᠡ ᠴᠢᠳᠠᠨ᠎ᠠ
4 ᠲᠡᠳᠡ ᠮᠣᠷᠢᠳ ᠤᠨ ᠲᠥᠷᠬᠥ ᠲᠠᠢ ᠳᠠᠢᠨ ᠤ ᠮᠣᠷᠢᠳ ᠤᠨ ᠳᠠᠪᠬᠢᠭ᠎ᠠ ᠲᠠᠢ
5 ᠲᠡᠳᠡ ᠠᠭᠤᠯᠠᠰ ᠤᠨ ᠣᠷᠣᠢ ᠪᠠᠷ ᠬᠠᠷᠠᠢᠨ᠎ᠠ ᠲᠡᠳᠡᠨ ᠦ ᠴᠢᠮᠡᠭᠡ ᠲᠡᠷᠭᠡᠨ ᠦ ᠬᠢ ᠮᠡᠲᠦ ᠭᠠᠯ ᠳᠤ ᠰᠦᠷᠡᠯ ᠰᠢᠲᠠᠵᠤ ᠪᠠᠢᠭ᠎ᠠ ᠮᠡᠲᠦ ᠲᠤᠯᠤᠯᠳᠤᠭᠠᠨ ᠤ ᠵᠢᠭᠰᠠᠭᠠᠯ ᠳᠠᠬᠢ ᠬᠦᠴᠦᠲᠦ ᠴᠡᠷᠢᠭ ᠤᠨ ᠬᠢ ᠮᠡᠲᠦ᠃
6 ᠲᠡᠳᠡᠨ ᠢ ᠬᠠᠷᠠᠭᠠᠳ ᠦᠨᠳᠦᠰᠦᠲᠡᠨ ᠨᠦᠭᠦᠳ ᠵᠣᠪᠠᠭᠤᠷᠢᠯᠠᠨ᠎ᠠ ᠴᠢᠷᠠᠢ ᠪᠣᠯᠭᠠᠨ ᠴᠣᠩᠬᠢᠢᠨ᠎ᠠ
7 ᠲᠡᠳᠡ ᠳᠠᠢᠴᠢᠳ ᠮᠡᠲᠦ ᠭᠦᠶᠦᠯᠳᠦᠨ᠎ᠡ᠂ ᠪᠠᠭᠠᠲᠤᠷ ᠤᠳ ᠮᠡᠲᠦ ᠬᠡᠷᠡᠮ ᠠᠪᠠᠷᠢᠨ᠎ᠠ ᠲᠡᠳᠡ ᠡᠩᠨᠡᠭᠡ ᠡᠴᠡ ᠪᠡᠨ ᠭᠠᠷᠤᠯ ᠦᠭᠡᠢ᠂ ᠬᠥᠮᠦᠨ ᠪᠦᠷᠢ ᠵᠢᠭᠰᠠᠵᠤ ᠶᠠᠪᠤᠨ᠎ᠠ
8 ᠲᠡᠳᠡ ᠪᠡᠶ᠎ᠡ ᠪᠡᠶ᠎ᠡ ᠲᠠᠢ ᠪᠠᠨ ᠲᠦᠯᠬᠢᠯᠴᠡᠯ ᠦᠭᠡᠢ᠂ ᠥᠪᠡᠷ ᠥᠪᠡᠷᠰᠡᠳ ᠦᠨ ᠢᠶᠠᠨ ᠵᠠᠮ ᠢᠶᠠᠷ ᠤᠷᠤᠭᠰᠢᠯᠠᠨ᠎ᠠ ᠬᠠᠷᠪᠤᠭᠰᠠᠨ ᠰᠤᠮᠤᠨ ᠳᠤᠮᠳᠠᠭᠤᠷ ᠴᠤ ᠡᠩᠨᠡᠭᠡ ᠡᠴᠡ ᠪᠡᠨ ᠭᠠᠷᠤᠯ ᠦᠭᠡᠢ ᠶᠠᠪᠤᠨ᠎ᠠ
9 ᠲᠡᠳᠡ ᠬᠣᠲᠠ ᠤᠷᠤᠭᠤ ᠳᠠᠭᠠᠷᠢᠨ᠂ ᠬᠡᠷᠡᠮ ᠳᠡᠭᠡᠭᠦᠷ ᠭᠦᠶᠦᠯᠳᠦᠵᠦ ᠪᠠᠢᠰᠢᠩ ᠥᠭᠡᠳᠡ ᠠᠪᠠᠷᠢᠨ᠂ ᠴᠣᠩ᠋ᠬᠣ ᠪᠠᠷ ᠨᠢ ᠬᠤᠯᠠᠭᠠᠢᠴᠢ ᠮᠡᠲᠦ ᠣᠷᠣᠨ᠎ᠠ
10 ᠲᠡᠳᠡᠨ ᠦ ᠡᠮᠦᠨ᠎ᠡ ᠭᠠᠵᠠᠷ ᠬᠥᠳᠡᠯᠵᠦ᠂ ᠲᠩᠷᠢ ᠳᠣᠷᠭᠢᠨ᠂ ᠨᠠᠷᠠ ᠰᠠᠷᠠ ᠬᠠᠷᠠᠩ᠋ᠭᠤᠢᠯᠠᠵᠤ᠂ ᠣᠳᠣᠳ ᠭᠡᠷᠡᠯ ᠢᠶᠡᠨ ᠬᠤᠷᠢᠶᠠᠨ᠎ᠠ᠃
11 ᠶᠣᠬᠣᠸᠠ ᠴᠡᠷᠢᠭ ᠤᠨ ᠢᠶᠠᠨ ᠲᠡᠷᠢᠭᠦᠨ ᠳᠦ ᠤᠤᠬᠠᠢᠯᠠᠨ᠎ᠠ ᠲᠡᠭᠦᠨ ᠦ ᠬᠤᠸᠠᠷᠠᠨ ᠠᠰᠤᠷᠤ ᠲᠣᠮᠣ ᠲᠤᠰᠢᠶᠠᠯ ᠢ ᠨᠢ ᠪᠡᠶᠡᠯᠡᠭᠦᠯᠦᠭᠴᠢ ᠨᠢ ᠬᠦᠴᠦᠲᠡᠢ ᠶᠣᠬᠣᠸᠠ ᠶᠢᠨ ᠡᠳᠦᠷ ᠠᠭᠤᠤ᠂ ᠠᠶᠤᠮᠰᠢᠭᠲᠠᠢ ᠬᠡᠨ ᠲᠡᠰᠪᠦᠷᠢᠯᠡᠵᠦ ᠴᠢᠳᠠᠬᠤ ᠪᠢᠯᠡ︖
12 ᠶᠣᠬᠣᠸᠠ ᠠᠢᠯᠠᠳᠴᠤ ᠪᠠᠢᠨ᠎ᠠ᠄ 《ᠶᠠᠭ ᠣᠳᠣ ᠴᠤ ᠭᠡᠰᠡᠨ ᠲᠠ ᠨᠠᠷ ᠪᠠᠴᠠᠭ ᠪᠠᠷᠢᠨ᠂ ᠤᠬᠢᠯᠠᠵᠤ᠂ ᠭᠠᠰᠢᠭᠤᠳᠠᠵᠤ ᠪᠦᠬᠦ ᠵᠢᠷᠦᠬᠡ ᠪᠡᠷ ᠢᠶᠠᠨ ᠨᠠᠳᠠ ᠤᠷᠤᠭᠤ ᠡᠷᠭᠢᠭᠲᠦᠨ︕
13 ᠬᠤᠪᠴᠠᠰᠤ ᠪᠠᠨ ᠪᠤᠰᠤ᠂ ᠵᠢᠷᠦᠬᠡ ᠪᠡᠨ ᠤᠷᠠᠵᠤ ᠶᠣᠬᠣᠸᠠ ᠪᠤᠷᠬᠠᠨ ᠳᠠᠭᠠᠨ ᠡᠷᠭᠢ ᠲᠡᠷᠡ ᠪᠡᠷ ᠥᠷᠥᠰᠢᠶᠡᠩᠭᠦᠢ᠂ ᠨᠢᠭᠦᠯᠡᠰᠦᠯ ᠲᠡᠢ᠂ ᠠᠭᠤᠷᠯᠠᠬᠤ ᠳᠠᠭᠠᠨ ᠤᠳᠠᠭᠠᠨ ᠡᠨᠡᠷᠢᠯ ᠢᠶᠠᠷ ᠪᠢᠯᠬᠠᠮ᠎ᠠ ᠰᠢᠳᠬᠡᠯ ᠢᠶᠡᠨ ᠡᠷᠭᠢᠭᠦᠯᠬᠦ ᠳᠦ ᠪᠡᠯᠡᠨ᠃
14 ᠬᠡᠨ ᠮᠡᠳᠡᠬᠦ ᠪᠢᠯᠡ᠂ ᠶᠣᠬᠣᠸᠠ ᠪᠣᠳᠣᠯ ᠢᠶᠠᠨ ᠥᠭᠡᠷᠡᠴᠢᠯᠡᠵᠦ᠂ ᠵᠥᠭᠡᠯᠡᠷᠡᠨ ᠢᠪᠡᠭᠡᠯ ᠢ ᠠᠷᠤ ᠳᠠᠭᠠᠨ ᠦᠯᠡᠳᠡᠭᠡᠬᠦ ᠪᠠ ᠲᠠ ᠨᠠᠷ ᠶᠣᠬᠣᠸᠠ ᠪᠤᠷᠬᠠᠨ ᠳᠠᠭᠠᠨ ᠢᠳᠡᠭᠡᠨ ᠡᠷᠭᠦᠯ᠂ ᠤᠮᠳᠠᠭᠠᠨ ᠡᠷᠭᠦᠯ ᠡᠷᠭᠦᠬᠦ ᠪᠣᠯᠵᠤ ᠮᠠᠭᠠᠳ ᠦᠭᠡᠢ
15 ᠽᠢᠶᠣᠨ ᠳᠤ ᠪᠦᠷᠢᠶ᠎ᠡ ᠦᠯᠢᠶᠡ ᠪᠠᠴᠠᠭ ᠪᠠᠷᠢᠬᠤ ᠡᠳᠦᠷ ᠢᠶᠡᠨ ᠲᠤᠰᠠᠭᠠᠷᠯᠠ᠂ ᠠᠷᠢᠭᠤᠨ ᠴᠢᠭᠤᠯᠭᠠᠨ ᠢᠶᠠᠨ ᠳᠠᠭᠤᠳᠠ᠃
16 ᠠᠷᠠᠳ ᠲᠦᠮᠡᠨ ᠢ ᠴᠤᠭᠯᠠᠭᠤᠯᠵᠤ᠂ ᠴᠢᠭᠤᠯᠭᠠᠨ ᠢ ᠠᠷᠢᠭᠤᠰᠬ᠎ᠠ ᠠᠬᠠᠮᠠᠳ ᠤᠳ ᠢ ᠠᠪᠴᠢᠷᠠᠵᠤ᠂ ᠪᠠᠭᠠᠴᠤᠳ ᠪᠣᠯᠣᠨ ᠬᠥᠬᠥᠭᠦᠯ ᠬᠡᠦᠬᠡᠳ ᠤᠳ ᠢ ᠴᠤᠭᠯᠠᠭᠤᠯ ᠰᠢᠨ᠎ᠡ ᠬᠦᠷᠭᠡᠨ ᠥᠷᠥᠭᠡᠨ ᠡᠴᠡ ᠪᠡᠨ᠂ ᠰᠢᠨ᠎ᠡ ᠪᠡᠷᠢ ᠤᠨᠲᠠᠯᠭ᠎ᠠ ᠶᠢᠨ ᠥᠷᠥᠭᠡᠨ ᠡᠴᠡ ᠪᠡᠨ ᠭᠠᠷᠴᠤ ᠢᠷᠡᠭ᠃
17 ᠶᠣᠬᠣᠸᠠ ᠳᠤ ᠦᠢᠯᠡᠴᠢᠯᠡᠭᠴᠢ ᠲᠠᠬᠢᠯᠴᠢᠳ ᠡᠭᠦᠳᠡᠨ ᠦ ᠬᠣᠩᠭᠢᠯ ᠪᠣᠯᠣᠨ ᠲᠠᠬᠢᠯ ᠤᠨ ᠰᠢᠷᠡᠭᠡᠨ ᠦ ᠬᠣᠭᠣᠷᠣᠨᠳᠣ ᠤᠬᠢᠯᠠᠨ 《ᠶᠣᠬᠣᠸᠠ᠂ ᠠᠷᠠᠳ ᠲᠦᠮᠡᠨ ᠢᠶᠡᠨ ᠬᠡᠯᠲᠦᠷᠢᠭᠦᠯᠦᠭᠡᠴᠢ ᠥᠪᠡᠷ ᠦᠨ ᠢᠶᠠᠨ ᠥᠮᠴᠢ ᠶᠢ ᠳᠣᠭᠣᠭᠢ ᠪᠦᠦ ᠪᠣᠯᠭᠠᠭᠠᠴᠢ᠂ ᠦᠨᠳᠦᠰᠦᠲᠡᠨ ᠨᠦᠭᠦᠳ ᠦᠨ ᠳᠤᠮᠳᠠ ᠠᠮᠠᠨ ᠤ ᠵᠤᠭ᠎ᠠ ᠪᠦᠦ ᠪᠣᠯᠭᠠᠭᠠᠴᠢ ᠶᠠᠭᠠᠬᠢᠨ ᠦᠨᠳᠦᠰᠦᠲᠡᠨ ᠨᠦᠭᠦᠳ ᠦᠨ ᠳᠤᠮᠳᠠ 〈ᠲᠡᠳᠡᠨ ᠦ ᠪᠤᠷᠬᠠᠨ ᠬᠠᠮᠢᠭ᠎ᠠ ᠪᠠᠢᠨ᠎ᠠ ᠪᠤᠢ︖〉 ᠭᠡᠵᠦ ᠶᠠᠷᠢᠭᠳᠠᠬᠤ ᠶᠣᠰᠣᠲᠠᠢ ᠪᠢᠯᠡ︖》 ᠭᠡᠵᠦ ᠬᠡᠯᠡ᠃
 ᠪᠤᠷᠬᠠᠨ ᠤ ᠬᠠᠷᠢᠭᠤ ᠬᠢᠭᠡᠳ ᠠᠮᠠᠯᠠᠯᠲᠠ
18 ᠲᠡᠭᠡᠪᠡᠯ ᠶᠣᠬᠣᠸᠠ ᠥᠪᠡᠷ ᠦᠨ ᠢᠶᠠᠨ ᠭᠠᠵᠠᠷ ᠤᠨ ᠲᠥᠯᠥᠭᠡ ᠮᠡᠷᠡᠢᠵᠦ ᠥᠪᠡᠷ ᠦᠨ ᠢᠶᠠᠨ ᠠᠷᠠᠳ ᠲᠦᠮᠡᠨ ᠢ ᠥᠷᠥ ᠡᠪᠡᠳᠦᠨ᠎ᠡ᠃
19 ᠶᠣᠬᠣᠸᠠ ᠬᠠᠷᠢᠭᠤᠯᠵᠤ᠂ ᠠᠷᠠᠳ ᠲᠦᠮᠡᠨ ᠳᠡᠭᠡᠨ ᠠᠢᠯᠠᠳᠤᠨ᠄ 《ᠬᠠᠷᠠ᠂ ᠪᠢ ᠦᠷ᠎ᠡ ᠲᠠᠷᠢᠶ᠎ᠠ᠂ ᠦᠵᠦᠮ ᠦᠨ ᠳᠠᠷᠠᠰᠤ ᠪᠠ ᠲᠣᠰᠣ ᠶᠢ ᠢᠯᠡᠭᠡᠨ ᠲᠠ ᠨᠠᠷ ᠢ ᠬᠠᠩ᠋ᠭᠠᠨ᠎ᠠ ᠳᠠᠬᠢᠨ ᠲᠠ ᠨᠠᠷ ᠢ ᠦᠨᠳᠦᠰᠦᠲᠡᠨ ᠨᠦᠭᠦᠳ ᠦᠨ ᠳᠣᠭᠣᠭᠢ ᠪᠣᠯᠭᠠᠬᠤ ᠦᠭᠡᠢ᠃
20 ᠬᠣᠢᠲᠤ ᠵᠦᠭ ᠦᠨ ᠴᠡᠷᠢᠭ ᠢ ᠲᠠ ᠨᠠᠷ ᠠᠴᠠ ᠬᠣᠯᠠᠳᠠᠭᠤᠯᠵᠤ ᠬᠠᠲᠠᠭᠰᠠᠨ ᠵᠡᠯᠢᠭᠦᠳ ᠨᠤᠲᠤᠭ ᠤᠷᠤᠭᠤ ᠬᠥᠭᠡᠭᠡᠨ᠎ᠡ ᠲᠡᠷᠢᠭᠦᠨ ᠢ ᠨᠢ ᠳᠣᠷᠣᠨ᠎ᠠ ᠶᠢᠨ ᠲᠠᠩᠭᠢᠰ ᠤᠷᠤᠭᠤ ᠰᠡᠭᠦᠯ ᠢ ᠨᠢ ᠥᠷᠥᠨ᠎ᠡ ᠶᠢᠨ ᠲᠠᠩᠭᠢᠰ ᠤᠷᠤᠭᠤ ᠣᠷᠣᠭᠤᠯᠬᠤ ᠳᠤ ᠮᠠᠭᠤᠬᠠᠢ ᠦᠨᠦᠷ ᠨᠢ ᠳᠡᠭᠳᠡᠨ᠎ᠡ ᠥᠮᠡᠬᠡᠢ ᠦᠨᠦᠷ ᠭᠠᠷᠤᠨ᠎ᠠ》 ᠭᠡᠬᠦ ᠪᠣᠯᠣᠨ᠎ᠠ᠃ ᠲᠡᠷᠡ ᠪᠡᠷ ᠠᠭᠤᠤ ᠵᠦᠢᠯᠡᠰ ᠢ ᠦᠢᠯᠡᠳᠦᠭᠰᠡᠨ ᠶᠤᠮ︕

21 ᠭᠠᠵᠠᠷ ᠡ᠂ ᠪᠦᠦ ᠠᠶᠤ᠂ ᠬᠥᠭᠰᠡᠨ ᠪᠠᠶᠠᠰ ᠶᠣᠬᠣᠸᠠ ᠠᠭᠤᠤ ᠵᠦᠢᠯᠡᠰ ᠢ ᠦᠢᠯᠡᠳᠦᠭᠰᠡᠨ ᠶᠤᠮ︕
22 ᠲᠠᠯ᠎ᠠ ᠶᠢᠨ ᠠᠮᠢᠲᠠᠳ ᠡ᠂ ᠪᠦᠦ ᠠᠶᠤ ᠬᠡᠭᠡᠷ᠎ᠡ ᠶᠢᠨ ᠡᠪᠡᠰᠦ ᠨᠣᠭᠣᠭᠠᠷᠠᠵᠤ ᠮᠣᠳᠣᠳ ᠵᠢᠮᠢᠰ ᠢᠶᠠᠨ ᠭᠠᠷᠭᠠᠨ ᠢᠨᠵᠢᠷ ᠤᠨ ᠮᠣᠳᠣᠳ᠂ ᠦᠵᠦᠮ ᠦᠨ ᠮᠣᠳᠣᠳ ᠪᠦᠬᠦ ᠭᠠᠷᠤᠯᠲᠠ ᠪᠠᠨ ᠥᠭᠭᠥᠨ᠎ᠡ᠃
23 ᠽᠢᠶᠣᠨᠴᠤᠳ ᠡ ᠶᠣᠬᠣᠸᠠ ᠪᠤᠷᠬᠠᠨ ᠤ ᠪᠠᠨ ᠳᠣᠲᠣᠷ᠎ᠠ ᠬᠥᠭᠰᠡᠨ ᠪᠠᠶᠠᠰ ᠲᠠ ᠨᠠᠷ ᠢ ᠵᠥᠪᠲᠥᠭᠡᠬᠦ ᠪᠡᠷ ᠲᠡᠷᠡ ᠡᠷᠲᠡ ᠶᠢᠨ ᠪᠣᠷᠣᠭᠠᠨ 1 ᠰᠣᠶᠣᠷᠬᠠᠨ᠎ᠠ ᠲᠠ ᠨᠠᠷ ᠤᠨ ᠲᠥᠯᠥᠭᠡ ᠡᠷᠲᠡ ᠶᠢᠨ ᠪᠣᠷᠣᠭᠠᠨ᠂ ᠣᠷᠣᠢ ᠶᠢᠨ ᠪᠣᠷᠣᠭᠠᠨ ᠢ ᠤᠷᠢᠳᠤ ᠶᠢᠨ ᠠᠳᠠᠯᠢ ᠴᠢᠳᠬᠤᠨ᠎ᠠ᠃
24 ᠦᠲᠦᠷᠮ᠎ᠡ ᠨᠦᠭᠦᠳ ᠴᠢᠨᠢ ᠦᠷ᠎ᠡ ᠲᠠᠷᠢᠶ᠎ᠠ ᠪᠠᠷ ᠳᠦᠭᠦᠷᠴᠦ ᠲᠣᠷᠬ᠎ᠠ ᠨᠤᠭᠤᠳ ᠴᠢᠨᠢ ᠦᠵᠦᠮ ᠦᠨ ᠳᠠᠷᠠᠰᠤ ᠪᠠ ᠲᠣᠰᠣ ᠪᠠᠷ ᠪᠢᠯᠬᠠᠬᠤ ᠪᠣᠯᠣᠨ᠎ᠠ᠃
25 ᠲᠠ ᠨᠠᠷ ᠲᠤ ᠢᠯᠡᠭᠡᠭᠰᠡᠨ ᠮᠢᠨᠦ ᠠᠭᠤᠤ ᠶᠡᠬᠡ ᠴᠡᠷᠢᠭ᠂ ᠰᠦᠷᠦᠭ ᠴᠠᠷᠴᠠᠬᠠᠢ᠂ ᠲᠣᠮᠣ ᠴᠠᠷᠴᠠᠬᠠᠢ᠂ ᠵᠢᠵᠢᠭ ᠴᠠᠷᠴᠠᠬᠠᠢ᠂ ᠪᠤᠰᠤᠳ ᠴᠠᠷᠴᠠᠬᠠᠢ ᠨᠤᠭᠤᠳ ᠤᠨ ᠴᠥᠯᠮᠥᠭᠰᠡᠨ ᠣᠨ ᠵᠢᠯ ᠤᠳ ᠢ ᠪᠢ ᠨᠥᠬᠥᠨ ᠲᠥᠯᠥᠨ᠎ᠡ᠃
26 ᠲᠠ ᠨᠠᠷ ᠬᠠᠨᠲᠠᠯ᠎ᠠ ᠪᠠᠨ ᠢᠳᠡᠵᠦ ᠴᠠᠳᠤᠭᠠᠳ ᠭᠠᠢᠬᠠᠮᠰᠢᠭ ᠢ ᠬᠢᠵᠦ ᠥᠭᠭᠥᠭᠰᠡᠨ ᠶᠣᠬᠣᠸᠠ ᠪᠤᠷᠬᠠᠨ ᠤ ᠪᠠᠨ ᠨᠡᠷ᠎ᠡ ᠶᠢ ᠮᠠᠭᠲᠠᠬᠤ ᠪᠣᠯᠣᠨ᠎ᠠ ᠠᠷᠠᠳ ᠲᠦᠮᠡᠨ ᠮᠢᠨᠢ ᠬᠡᠵᠢᠶ᠎ᠡ ᠴᠤ ᠢᠴᠢᠭᠦᠷᠢ ᠳᠤ ᠤᠨᠠᠬᠤ ᠦᠭᠡᠢ︕
27 ᠲᠡᠢᠨ ᠬᠦ ᠪᠢ ᠢᠰᠷᠧᠯ ᠤᠨ ᠳᠤᠮᠳᠠ ᠪᠠᠢᠭ᠎ᠠ ᠶᠢ᠂ ᠲᠠ ᠨᠠᠷ ᠤᠨ ᠪᠤᠷᠬᠠᠨ ᠪᠣᠯ ᠶᠣᠬᠣᠸᠠ ᠪᠢ᠂ ᠥᠭᠡᠷ᠎ᠡ ᠪᠠᠢᠬᠤ ᠦᠭᠡᠢ ᠭᠡᠳᠡᠭ ᠢ ᠲᠠ ᠨᠠᠷ ᠮᠡᠳᠡᠬᠦ ᠪᠣᠯᠣᠨ᠎ᠠ ᠮᠢᠨᠦ ᠠᠷᠠᠳ ᠲᠦᠮᠡᠨ ᠬᠡᠵᠢᠶ᠎ᠡ ᠴᠤ ᠢᠴᠢᠭᠦᠷᠢ ᠳᠤ ᠤᠨᠠᠬᠤ ᠦᠭᠡᠢ᠃
 ᠠᠷᠢᠭᠤᠨ ᠰᠦᠨᠡᠰᠦᠨ ᠦ ᠴᠢᠳᠬᠤᠯᠲᠠ
28 ᠬᠣᠵᠢᠮ ᠨᠢ ᠪᠢ ᠮᠢᠬᠠᠨ ᠪᠡᠶᠡᠲᠦ ᠪᠦᠬᠦᠨ ᠦ ᠳᠡᠭᠡᠷ᠎ᠡ ᠰᠦᠨᠡᠰᠦ ᠪᠡᠨ ᠴᠢᠳᠬᠤᠨ᠎ᠠ ᠬᠥᠪᠡᠭᠦᠳ ᠥᠬᠢᠳ ᠴᠢᠨᠢ ᠡᠰᠢ ᠦᠵᠡᠭᠦᠯᠦᠨ᠂ ᠥᠲᠡᠭᠦᠰ ᠴᠢᠨᠢ ᠵᠡᠭᠦᠳᠦ ᠵᠡᠭᠦᠳᠦᠯᠡᠵᠦ᠂ ᠵᠠᠯᠠᠭᠤᠰ ᠴᠢᠨᠢ ᠦᠵᠡᠭᠳᠡᠯ ᠦᠵᠡᠨ᠎ᠡ᠃
29 ᠲᠡᠷᠡ ᠡᠳᠦᠷ ᠤᠳ ᠲᠤ ᠪᠢ ᠡᠷᠡᠭᠲᠡᠢ ᠡᠮᠡᠭᠲᠡᠢ ᠵᠠᠷᠤᠴᠠ ᠨᠠᠷ ᠳᠡᠭᠡᠷ᠎ᠡ ᠪᠡᠨ ᠥᠪᠡᠷ ᠦᠨ ᠢᠶᠠᠨ ᠰᠦᠨᠡᠰᠦ ᠶᠢ ᠴᠢᠳᠬᠤᠬᠤ ᠪᠥᠭᠡᠳ
30 ᠲᠩᠷᠢ ᠳᠤ ᠴᠤ᠂ ᠭᠠᠵᠠᠷ ᠲᠤ ᠴᠤ ᠭᠠᠢᠬᠠᠮᠰᠢᠭ ᠤᠳ ᠢ ᠥᠭᠴᠦ ᠴᠢᠰᠤ᠂ ᠭᠠᠯ᠂ ᠤᠲᠤᠭᠠᠨ ᠪᠠᠭᠠᠨ᠎ᠠ ᠨᠤᠭᠤᠳ ᠢ ᠦᠵᠡᠭᠦᠯᠦᠨ᠎ᠡ
31 ᠨᠠᠷᠠ ᠬᠠᠷᠠᠩ᠋ᠭᠤᠢ ᠪᠣᠯᠵᠤ᠂ ᠰᠠᠷᠠ ᠬᠤᠪᠢᠷᠠᠨ ᠴᠢᠰᠤ ᠪᠣᠯᠣᠭᠰᠠᠨ ᠤ ᠳᠠᠷᠠᠭ᠎ᠠ ᠶᠣᠬᠣᠸᠠ ᠶᠢᠨ ᠠᠭᠤᠤ᠂ ᠰᠦᠷ ᠲᠡᠢ ᠡᠳᠦᠷ ᠢᠷᠡᠨ᠎ᠡ
32 ᠶᠣᠬᠣᠸᠠ ᠶᠢᠨ ᠨᠡᠷ᠎ᠡ ᠶᠢ ᠳᠠᠭᠤᠳᠠᠭᠴᠢ ᠪᠣᠯᠭᠠᠨ ᠠᠪᠤᠷᠠᠭᠳᠠᠨ᠎ᠠ ᠶᠣᠬᠣᠸᠠ ᠶᠢᠨ ᠠᠢᠯᠠᠳᠤᠭᠰᠠᠨ ᠶᠣᠰᠣᠭᠠᠷ ᠽᠢᠶᠣᠨ ᠠᠭᠤᠯᠠ ᠪᠠ ᠶᠧᠷᠦ᠋ᠰᠠᠯᠧᠮ ᠳᠤ ᠮᠥᠨ ᠶᠣᠬᠣᠸᠠ ᠳᠤ ᠳᠠᠭᠤᠳᠠᠭᠳᠠᠭᠰᠠᠨ ᠦᠯᠡᠳᠡᠭᠰᠡᠳ ᠦᠨ ᠳᠤᠮᠳᠠ ᠠᠪᠤᠷᠠᠯ ᠪᠠᠢᠬᠤ ᠪᠣᠯᠣᠨ᠎ᠠ᠃