1 2 3


ᠶᠣᠶᠧᠯ ᠭᠤᠷᠪᠠ
 ᠦᠨᠳᠦᠰᠦᠲᠡᠨ ᠨᠦᠭᠦᠳ ᠰᠢᠳᠬᠡᠭᠳᠡᠨ᠎ᠡ
1 ᠬᠠᠷᠠ᠂ ᠪᠢ ᠶᠦᠳᠠ ᠪᠣᠯᠣᠨ ᠶᠧᠷᠦ᠋ᠰᠠᠯᠧᠮ ᠤᠨ ᠴᠥᠯᠡᠭᠳᠡᠭᠰᠡᠳ ᠢ ᠪᠤᠴᠠᠭᠠᠵᠤ ᠠᠪᠴᠢᠷᠠᠬᠤ ᠲᠡᠷᠡ ᠡᠳᠦᠷ ᠤᠳ᠂ ᠲᠡᠷᠡ ᠴᠠᠭ ᠲᠤ
2 ᠪᠦᠬᠦ ᠦᠨᠳᠦᠰᠦᠲᠡᠨ ᠢ ᠴᠤᠭᠯᠠᠭᠤᠯᠤᠨ᠂ ᠶᠧᠬᠣᠱᠠᠹᠠᠲ 2  ᠤᠨ ᠬᠥᠨᠳᠡᠢ ᠳᠦ ᠠᠪᠴᠢᠷᠠᠵᠤ ᠲᠡᠨᠳᠡ ᠠᠷᠠᠳ ᠲᠦᠮᠡᠨ᠂ ᠥᠮᠴᠢ ᠢᠰᠷᠧᠯ ᠤᠨ ᠢᠶᠠᠨ ᠡᠮᠦᠨ᠎ᠡ ᠡᠴᠡ ᠲᠡᠳᠡᠨ ᠢ ᠰᠢᠭᠦᠨ᠎ᠡ ᠤᠴᠢᠷ ᠨᠢ ᠲᠡᠳᠡ ᠠᠷᠠᠳ ᠲᠦᠮᠡᠨ ᠢ ᠮᠢᠨᠢ ᠦᠨᠳᠦᠰᠦᠲᠡᠨ ᠨᠦᠭᠦᠳ ᠦᠨ ᠳᠤᠮᠳᠠ ᠲᠠᠷᠬᠠᠭᠠᠨ᠂ ᠭᠠᠵᠠᠷ ᠢ ᠮᠢᠨᠢ ᠬᠤᠪᠢᠶᠠᠭᠰᠠᠨ
3 ᠲᠡᠳᠡ ᠰᠢᠪᠠᠭ᠎ᠠ ᠣᠷᠬᠢᠨ ᠠᠷᠠᠳ ᠲᠦᠮᠡᠨ ᠢ ᠮᠢᠨᠢ ᠠᠪᠴᠤ ᠬᠥᠪᠡᠭᠦᠨ ᠢ ᠨᠢ ᠬᠤᠳᠠᠯᠳᠤᠨ᠂ ᠶᠠᠩ᠋ᠬᠠᠨ ᠠᠪᠴᠤ ᠥᠬᠢᠨ ᠢ ᠨᠢ ᠬᠤᠳᠠᠯᠳᠤᠨ ᠳᠠᠷᠠᠰᠤ ᠠᠪᠴᠤ ᠰᠣᠭᠲᠣᠭᠰᠠᠨ ᠶᠤᠮ᠃

4 ᠲᠢᠷ᠂ ᠰᠢᠢᠳᠣᠨ᠂ ᠹᠢᠯᠢᠰᠲ ᠤᠨ ᠪᠦᠬᠦ ᠨᠤᠲᠤᠭ ᠤᠨ ᠬᠢᠨ ᠡ᠂ ᠲᠠ ᠨᠠᠷ ᠨᠠᠳᠠ ᠳᠤ ᠶᠠᠭᠤ ᠬᠢᠬᠦ ᠭᠡᠵᠦ ᠪᠠᠢᠨ᠎ᠠ ᠪᠤᠢ︖ ᠲᠠ ᠨᠠᠷ ᠨᠠᠳᠠ ᠠᠴᠠ ᠬᠠᠷᠢᠭᠤ ᠠᠪᠤᠨ᠎ᠠ ᠭᠡᠵᠢ ᠤᠤ︖ ᠬᠠᠷᠢᠭᠤ ᠠᠪᠤᠨ᠎ᠠ ᠭᠡᠪᠡᠯ ᠬᠠᠷᠢᠭᠤ ᠶᠢ ᠴᠢᠨᠢ ᠪᠢ ᠲᠠ ᠨᠠᠷ ᠤᠨ ᠲᠣᠯᠣᠭᠠᠢ ᠳᠡᠭᠡᠷ᠎ᠡ ᠦᠳᠲᠡᠷ ᠲᠦᠷᠭᠡᠨ ᠪᠤᠴᠠᠭᠠᠨ᠎ᠠ᠃ 5 ᠤᠴᠢᠷ ᠨᠢ ᠲᠠ ᠨᠠᠷ ᠠᠯᠲᠠ ᠮᠥᠩᠭᠥ ᠶᠢ ᠮᠢᠨᠢ ᠬᠤᠷᠢᠶᠠᠵᠤ᠂ ᠦᠨᠡᠲᠦ ᠡᠷᠳᠡᠨᠢᠰ ᠢ ᠮᠢᠨᠢ ᠰᠦᠮ᠎ᠡ ᠤᠷᠤᠭᠤ ᠪᠠᠨ ᠠᠪᠠᠴᠢᠭᠰᠠᠨ᠂ 6 ᠶᠦᠳᠠᠴᠤᠳ ᠪᠣᠯᠣᠨ ᠶᠧᠷᠦ᠋ᠰᠠᠯᠧᠮ ᠤᠨ ᠬᠢᠨ ᠢ ᠭᠷᠧᠭᠴᠦᠳ ᠲᠦ ᠬᠤᠳᠠᠯᠳᠤᠵᠤ᠂ ᠬᠢᠯᠢ ᠬᠢᠵᠠᠭᠠᠷ ᠠᠴᠠ ᠨᠢ ᠬᠣᠯᠠᠳᠠᠭᠤᠯᠤᠭᠰᠠᠨ ᠶᠤᠮ᠃ 7 ᠬᠠᠷᠠ᠂ ᠪᠢ ᠬᠤᠳᠠᠯᠳᠤᠭᠳᠠᠨ ᠣᠴᠢᠭᠰᠠᠨ ᠨᠤᠲᠤᠭ ᠠᠴᠠ ᠨᠢ ᠲᠡᠳᠡᠨ ᠢ ᠭᠠᠷᠭᠠᠨ᠎ᠠ᠃ ᠬᠢᠭᠰᠡᠨ ᠦᠢᠯᠡ ᠶᠢ ᠴᠢᠨᠢ ᠪᠢ ᠲᠠ ᠨᠠᠷ ᠤᠨ ᠲᠣᠯᠣᠭᠠᠢ ᠳᠡᠭᠡᠷ᠎ᠡ ᠪᠤᠴᠠᠭᠠᠨ 8 ᠬᠥᠪᠡᠭᠦᠳ ᠥᠬᠢᠳ ᠢ ᠴᠢᠨᠢ ᠶᠦᠳᠠᠴᠤᠳ ᠤᠨ ᠭᠠᠷ ᠲᠤ ᠬᠤᠳᠠᠯᠳᠤᠬᠤ ᠪᠥᠭᠡᠳ ᠶᠦᠳᠠᠴᠤᠳ ᠲᠡᠳᠡᠨ ᠢ ᠰᠠᠪᠧᠴᠤᠳ ᠲᠤ᠂ ᠠᠯᠤᠰ ᠬᠣᠯᠠ ᠶᠢᠨ ᠦᠨᠳᠦᠰᠦᠲᠡᠨ ᠳᠦ ᠬᠤᠳᠠᠯᠳᠤᠨ᠎ᠠ》 ᠭᠡᠪᠡ᠃ ᠶᠣᠬᠣᠸᠠ ᠡᠢᠨ ᠬᠦ ᠠᠢᠯᠠᠳᠤᠭᠰᠠᠨ᠃
9 ᠦᠨᠳᠦᠰᠦᠲᠡᠨ ᠨᠦᠭᠦᠳ ᠦᠨ ᠳᠤᠮᠳᠠ ᠲᠤᠩ᠋ᠬᠠᠭᠯᠠ᠄ 《ᠳᠠᠢᠨ ᠳᠤ ᠪᠡᠯᠡᠳᠬᠡ ᠳᠠᠢᠴᠢᠳ ᠢ ᠪᠣᠰᠬ᠎ᠠ︕ ᠪᠠᠢᠯᠳᠤᠭᠴᠢᠳ ᠪᠦᠭᠦᠳᠡ ᠢᠷᠡᠭᠡᠳ ᠬᠥᠳᠡᠯᠦᠭ︕
10 ᠠᠨᠵᠢᠰᠤ ᠶᠢ ᠳᠠᠪᠲᠠᠨ ᠰᠡᠯᠡᠮ᠎ᠡ ᠶᠢ᠂ ᠬᠠᠳᠤᠭᠤᠷ ᠤᠳ ᠢ ᠳᠠᠪᠲᠠᠨ ᠵᠢᠳᠠ ᠬᠢ ᠳᠣᠷᠣᠢ ᠨᠢ᠄ 《ᠪᠢ ᠬᠦᠴᠦᠷᠬᠡᠭ》 ᠭᠡᠵᠦ ᠬᠡᠯᠡᠭ᠃
11 ᠪᠤᠰᠢᠭᠤᠬᠠᠨ ᠢᠷᠡᠵᠦ ᠲᠡᠨᠳᠡ ᠴᠤᠭᠯᠠᠵᠠᠭ᠎ᠠ᠂ ᠡᠷᠭᠢᠨ ᠲᠣᠭᠣᠷᠢᠨ ᠤ ᠪᠦᠬᠦ ᠦᠨᠳᠦᠰᠦᠲᠡᠨ ᠡ ᠶᠣᠬᠣᠸᠠ ᠡ᠂ ᠬᠦᠴᠦᠲᠡᠳ ᠢᠶᠡᠨ ᠪᠠᠭᠤᠯᠭᠠᠵᠤ ᠥᠭᠭᠥᠭᠡᠴᠢ᠃
12 ᠦᠨᠳᠦᠰᠦᠲᠡᠨ ᠨᠦᠭᠦᠳ ᠬᠥᠳᠡᠯᠵᠡᠭᠡᠵᠦ᠂ ᠶᠧᠬᠣᠱᠠᠹᠠᠲ ᠤᠨ ᠬᠥᠨᠳᠡᠢ ᠤᠷᠤᠭᠤ ᠢᠷᠡᠭ ᠡᠷᠭᠢᠨ ᠲᠣᠭᠣᠷᠢᠨ ᠤ ᠪᠦᠬᠦ ᠦᠨᠳᠦᠰᠦᠲᠡᠨ ᠢ ᠰᠢᠭᠦᠬᠦ ᠪᠡᠷ ᠲᠡᠨᠳᠡ ᠪᠢ ᠰᠠᠭᠤᠬᠤ ᠪᠣᠯᠣᠨ᠎ᠠ᠃
13 ᠤᠷᠭᠤᠴᠠ ᠪᠣᠯᠪᠠᠰᠤᠷᠠᠭᠰᠠᠨ᠂ ᠬᠠᠳᠤᠭᠤᠷ ᠬᠥᠳᠡᠯᠭᠡ ᠳᠠᠷᠠᠰᠤᠨ ᠤ ᠰᠢᠬᠠᠭᠤᠷᠭ᠎ᠠ ᠳᠦᠭᠦᠷᠪᠡ᠂ ᠢᠷᠡᠭᠡᠳ ᠭᠢᠰᠬᠢ ᠲᠡᠳᠡᠨ ᠦ ᠨᠢᠭᠦᠯ ᠶᠡᠬᠡ ᠤᠴᠢᠷ ᠠᠴᠠ ᠲᠣᠷᠬ᠎ᠠ ᠨᠤᠭᠤᠳ ᠰᠠᠭᠭᠠᠵᠤ ᠪᠠᠢᠨ᠎ᠠ᠃
14 ᠰᠢᠭᠦᠯᠲᠡ ᠶᠢᠨ ᠬᠥᠨᠳᠡᠢ ᠳᠦ ᠶᠣᠬᠣᠸᠠ ᠶᠢᠨ ᠡᠳᠦᠷ ᠣᠢᠷ᠎ᠠ ᠪᠣᠯᠵᠠᠢ︕ ᠰᠢᠭᠦᠯᠲᠡ ᠶᠢᠨ ᠬᠥᠨᠳᠡᠢ ᠳᠦ ᠪᠥᠭᠡᠮ ᠪᠥᠭᠡᠮ ᠬᠥᠮᠦᠰ ᠪᠠᠢᠬᠤ ᠪᠣᠯᠣᠨ᠎ᠠ
15 ᠨᠠᠷᠠ ᠰᠠᠷᠠ ᠬᠠᠷᠠᠩ᠋ᠭᠤᠢᠯᠠᠵᠤ᠂ ᠣᠳᠣᠳ ᠭᠡᠷᠡᠯ ᠢᠶᠡᠨ ᠬᠤᠷᠢᠶᠠᠨ᠎ᠠ
16 ᠶᠣᠬᠣᠸᠠ ᠽᠢᠶᠣᠨ ᠠᠴᠠ ᠬᠦᠷᠬᠢᠷᠡᠵᠦ᠂ ᠶᠧᠷᠦ᠋ᠰᠠᠯᠧᠮ ᠡᠴᠡ ᠳᠠᠭᠤ ᠪᠠᠨ ᠬᠠᠲᠠᠭᠠᠬᠤ ᠳᠤ ᠲᠩᠷᠢ ᠭᠠᠵᠠᠷ ᠴᠡᠴᠡᠷᠡᠨ᠎ᠡ ᠬᠠᠷᠢᠨ ᠠᠷᠠᠳ ᠲᠦᠮᠡᠨ ᠦ ᠪᠠᠨ ᠬᠣᠷᠭᠣᠳᠠᠬᠤ ᠭᠠᠵᠠᠷ᠂ ᠢᠰᠷᠧᠯᠴᠦᠳ ᠦᠨ ᠪᠠᠲᠤ ᠴᠠᠢᠵᠠ ᠪᠣᠯ ᠶᠣᠬᠣᠸᠠ ᠶᠤᠮ᠃
 ᠪᠤᠷᠬᠠᠨ ᠤ ᠠᠷᠠᠳ ᠲᠦᠮᠡᠨ ᠦ ᠠᠪᠬᠤ ᠢᠪᠡᠭᠡᠯ
17 ᠡᠢᠨ ᠬᠦ ᠲᠠ ᠨᠠᠷ ᠤᠨ ᠪᠤᠷᠬᠠᠨ᠂ ᠠᠷᠢᠭᠤᠨ ᠠᠭᠤᠯᠠ ᠽᠢᠶᠣᠨ ᠳᠤ ᠣᠷᠣᠰᠢᠭᠴᠢ ᠨᠢᠭᠡᠨ ᠨᠢ ᠶᠣᠬᠣᠸᠠ ᠪᠢ ᠮᠥᠨ ᠭᠡᠳᠡᠭ ᠢ ᠲᠠ ᠨᠠᠷ ᠮᠡᠳᠡᠬᠦ ᠪᠣᠯᠣᠨ᠎ᠠ ᠶᠧᠷᠦ᠋ᠰᠠᠯᠧᠮ ᠨᠢ ᠠᠷᠢᠭᠤᠨ᠂ ᠬᠠᠷᠢ ᠶᠢᠨ ᠬᠢᠨ ᠲᠡᠭᠦᠨ ᠢᠶᠡᠷ ᠥᠩᠭᠡᠷᠡᠬᠦ ᠦᠭᠡᠢ᠃

18 ᠲᠡᠷᠡ ᠡᠳᠦᠷ ᠠᠭᠤᠯᠠᠰ ᠰᠢᠨ᠎ᠡ ᠳᠠᠷᠠᠰᠤ ᠳᠤᠰᠤᠯᠠᠭᠤᠯᠵᠤ ᠲᠣᠯᠣᠭᠠᠳ ᠰᠦ᠋ ᠤᠷᠤᠰᠬᠠᠨ᠂ ᠶᠦᠳᠠ ᠶᠢᠨ ᠪᠦᠬᠦ ᠭᠣᠷᠣᠬ᠎ᠠ ᠤᠰᠤ ᠪᠠᠷ ᠪᠢᠯᠬᠠᠨ ᠶᠣᠬᠣᠸᠠ ᠶᠢᠨ ᠥᠷᠭᠥᠭᠡᠨ ᠡᠴᠡ ᠪᠤᠯᠠᠭ ᠣᠷᠭᠢᠯᠵᠤ ᠬᠤᠸᠠᠢᠰᠠ ᠶᠢᠨ ᠬᠥᠨᠳᠡᠢ ᠶᠢ ᠤᠰᠤᠯᠠᠨ᠎ᠠ᠃
19 ᠬᠠᠷᠢᠨ ᠶᠦᠳᠠᠴᠤᠳ ᠢ ᠬᠦᠴᠦᠷᠬᠡᠭᠯᠡᠵᠦ ᠨᠤᠲᠤᠭ ᠲᠤᠨᠢ ᠭᠡᠮ ᠦᠭᠡᠢ ᠴᠢᠰᠤ ᠶᠢ ᠤᠷᠤᠰᠬᠠᠭᠰᠠᠨ ᠤ ᠪᠠᠨ ᠤᠯᠠᠮ ᠢᠶᠠᠷ ᠶᠧᠵᠢᠫᠲ ᠨᠢ ᠪᠠᠯᠭᠠᠰᠤ᠂ ᠡᠳᠣᠮ ᠨᠢ ᠴᠥᠯ ᠪᠣᠯᠣᠨ᠎ᠠ᠃
20 ᠬᠠᠷᠢᠨ ᠶᠦᠳᠠ ᠮᠥᠩᠬᠡ ᠰᠠᠭᠤᠭᠠᠯᠢᠴᠢᠳ ᠲᠠᠢ ᠶᠧᠷᠦ᠋ᠰᠠᠯᠧᠮ ᠴᠤ ᠦᠶ᠎ᠡ ᠶᠢᠨ ᠦᠶ᠎ᠡ ᠳᠦ ᠰᠠᠭᠤᠬᠤ ᠬᠥᠮᠦᠨ ᠲᠡᠢ ᠪᠠᠢᠬᠤ ᠪᠣᠯᠣᠨ᠎ᠠ᠃
21 ᠲᠡᠳᠡᠨ ᠦ ᠴᠢᠰᠤᠨ ᠥᠰᠢᠶ᠎ᠡ ᠶᠢ ᠪᠢ ᠠᠪᠤᠨ᠎ᠠ ᠲᠡᠷᠡ ᠭᠡᠮ ᠢ ᠥᠰᠢᠶ᠎ᠡ ᠠᠪᠤᠯᠲᠠ ᠦᠭᠡᠢ ᠥᠩᠭᠡᠷᠡᠭᠡᠬᠦ ᠦᠭᠡᠢ ᠤᠴᠢᠷ ᠨᠢ ᠶᠣᠬᠣᠸᠠ ᠽᠢᠶᠣᠨ ᠳᠤ ᠣᠷᠣᠰᠢᠳᠠᠭ᠃