1 2 3 4 5 6 7 8 9 10 11 12 13 14 15 16


ᠷᠣᠮᠠ ᠨᠠᠢ᠌ᠮᠠ
 ᠠᠮᠢ ᠰᠣᠶᠣᠷᠬᠠᠭᠴᠢ ᠠᠷᠢᠭᠤᠨ ᠰᠦᠨᠡᠰᠦ

1 ᠲᠡᠢᠮᠦ ᠡᠴᠡ ᠾᠷᠢᠰᠲ᠋ᠣᠰ ᠢᠰᠦ᠋ᠰ ᠤᠨ ᠳᠣᠲᠣᠷᠠᠬᠢ ᠬᠥᠮᠦᠨ ᠳᠦ ᠣᠳᠣ ᠶᠠᠯ᠎ᠠ ᠭᠡᠵᠦ ᠦᠭᠡᠢ᠃ 2 ᠤᠴᠢᠷ ᠨᠢ᠂ ᠾᠷᠢᠰᠲ᠋ᠣᠰ ᠢᠰᠦ᠋ᠰ ᠤᠨ ᠳᠣᠲᠣᠷᠠᠬᠢ ᠠᠮᠢ ᠶᠢᠨ ᠰᠦᠨᠡᠰᠦᠨ ᠦ ᠬᠠᠤᠯᠢ ᠲᠠᠨ ᠢ ᠨᠢᠭᠦᠯ ᠪᠠ ᠦᠬᠦᠯ ᠦᠨ ᠬᠠᠤᠯᠢ ᠡᠴᠡ ᠴᠢᠯᠥᠭᠡᠯᠡᠵᠡᠢ᠃ 3 ᠨᠢᠭᠦᠯᠲᠦ ᠤᠭ ᠴᠢᠨᠠᠷ 7  ᠤᠨ ᠳᠣᠷᠣᠢ ᠠᠴᠠ ᠪᠣᠯᠵᠤ ᠬᠠᠤᠯᠢ ᠶᠢᠨ ᠪᠡᠶᠡᠯᠡᠭᠦᠯᠵᠦ ᠴᠢᠳᠠᠭ᠎ᠠ ᠦᠭᠡᠢ ᠶᠢ ᠪᠤᠷᠬᠠᠨ ᠪᠡᠶᠡᠯᠡᠭᠦᠯᠦᠭᠰᠡᠨ᠂ ᠨᠢᠭᠦᠯ ᠦᠨ ᠲᠤᠯᠠᠳᠠ ᠥᠪᠡᠷ ᠦᠨ ᠢᠶᠠᠨ ᠬᠦᠦ ᠶᠢ ᠨᠢᠭᠦᠯᠲᠦ ᠮᠢᠬᠠᠨ ᠪᠡᠶ᠎ᠡ ᠶᠢᠨ ᠳᠦᠷᠢ ᠲᠠᠢ ᠪᠠᠷ ᠢᠯᠡᠭᠡᠵᠦ ᠮᠢᠬᠠᠨ ᠪᠡᠶ᠎ᠡ ᠶᠢᠨ ᠳᠣᠲᠣᠷᠠᠬᠢ ᠨᠢᠭᠦᠯ ᠢ ᠶᠠᠯᠠᠯᠠᠭᠰᠠᠨ ᠶᠤᠮ᠃ 4 ᠡᠢᠮᠦ ᠡᠴᠡ ᠨᠢᠭᠦᠯᠲᠦ ᠤᠭ ᠴᠢᠨᠠᠷ ᠤᠨ ᠶᠣᠰᠣᠭᠠᠷ ᠪᠤᠰᠤ᠂ ᠬᠠᠷᠢᠨ ᠠᠷᠢᠭᠤᠨ ᠰᠦᠨᠡᠰᠦᠨ ᠦ ᠶᠣᠰᠣᠭᠠᠷ ᠠᠮᠢᠳᠤᠷᠠᠳᠠᠭ ᠪᠢᠳᠡᠨ ᠦ ᠬᠤᠪᠢ ᠳᠤ ᠬᠠᠤᠯᠢ ᠶᠢᠨ ᠱᠠᠭᠠᠷᠳᠠᠯᠭ᠎ᠠ ᠨᠢ ᠪᠡᠶᠡᠯᠡᠭᠳᠡᠬᠦ ᠪᠣᠯᠵᠠᠢ᠃ 5 ᠦᠨᠡᠨ ᠳᠡᠭᠡᠨ ᠨᠢᠭᠦᠯᠲᠦ ᠤᠭ ᠴᠢᠨᠠᠷ ᠢᠶᠠᠨ ᠳᠠᠭᠠᠭᠴᠢ ᠨᠢ ᠤᠭ ᠴᠢᠨᠠᠷ ᠤᠨ ᠶᠠᠭᠤᠮᠠᠰ ᠢ ᠪᠣᠳᠣᠵᠤ᠂ ᠠᠷᠢᠭᠤᠨ ᠰᠦᠨᠡᠰᠦ ᠶᠢ ᠳᠠᠭᠠᠭᠴᠢ ᠨᠢ ᠠᠷᠢᠭᠤᠨ ᠰᠦᠨᠡᠰᠦᠨ ᠦ ᠶᠠᠭᠤᠮᠠᠰ ᠢ ᠪᠣᠳᠣᠳᠠᠭ᠃ 6 ᠮᠢᠬᠠᠨ ᠪᠡᠶ᠎ᠡ ᠶᠢᠨ ᠪᠣᠳᠣᠯ ᠪᠣᠯ ᠦᠬᠦᠯ᠂ ᠠᠷᠢᠭᠤᠨ ᠰᠦᠨᠡᠰᠦᠨ ᠦ ᠪᠣᠳᠣᠯ ᠪᠣᠯ ᠠᠮᠢ ᠪᠠ ᠠᠮᠤᠭᠤᠯᠠᠩ ᠮᠥᠨ᠃ 7 ᠨᠢᠭᠦᠯᠲᠦ ᠤᠭ ᠴᠢᠨᠠᠷ ᠤᠨ ᠪᠣᠳᠣᠯ ᠨᠢ ᠪᠤᠷᠬᠠᠨ ᠢ ᠳᠠᠢᠰᠤᠩᠨᠠᠳᠠᠭ᠂ ᠪᠤᠷᠬᠠᠨ ᠤ ᠬᠠᠤᠯᠢ ᠳᠤ ᠵᠠᠬᠢᠷᠤᠭᠳᠠᠳᠠᠭ ᠦᠭᠡᠢ ᠪᠥᠭᠡᠳ ᠲᠡᠭᠡᠵᠦ ᠴᠤ ᠴᠢᠳᠠᠬᠤ ᠦᠭᠡᠢ ᠪᠠᠢᠳᠠᠭ᠃ 8 ᠨᠢᠭᠦᠯᠲᠦ ᠤᠭ ᠴᠢᠨᠠᠷ ᠲᠤ ᠵᠠᠬᠢᠷᠤᠭᠳᠠᠭᠴᠢ ᠨᠢ ᠪᠤᠷᠬᠠᠨ ᠳᠤ ᠲᠠᠭᠠᠯᠠᠭᠳᠠᠵᠤ ᠴᠢᠳᠠᠬᠤ ᠦᠭᠡᠢ᠃

9 ᠬᠡᠷᠪᠡ ᠪᠤᠷᠬᠠᠨ ᠤ ᠰᠦᠨᠡᠰᠦ ᠲᠠ ᠨᠠᠷ ᠤᠨ ᠳᠣᠲᠣᠷ᠎ᠠ ᠪᠠᠢᠷᠢᠰᠢᠵᠤ ᠪᠠᠢᠪᠠᠯ ᠲᠠ ᠨᠠᠷ ᠨᠢᠭᠦᠯᠲᠦ ᠤᠭ ᠴᠢᠨᠠᠷ ᠲᠤ ᠪᠢᠰᠢ᠂ ᠬᠠᠷᠢᠨ ᠠᠷᠢᠭᠤᠨ ᠰᠦᠨᠡᠰᠦᠨ ᠳᠦ ᠵᠠᠬᠢᠷᠤᠭᠳᠠᠨ᠎ᠠ᠃ ᠬᠡᠨ ᠴᠤ ᠭᠡᠰᠡᠨ ᠾᠷᠢᠰᠲ᠋ᠣᠰ ᠤᠨ ᠰᠦᠨᠡᠰᠦ ᠦᠭᠡᠢ ᠪᠣᠯ ᠾᠷᠢᠰᠲ᠋ᠣᠰ ᠤᠨ ᠬᠢ ᠪᠢᠰᠢ᠃ 10 ᠮᠢᠬᠠᠨ ᠪᠡᠶ᠎ᠡ ᠴᠢᠨᠢ ᠨᠢᠭᠦᠯ ᠡᠴᠡ ᠪᠣᠯᠵᠤ ᠠᠮᠢ ᠦᠭᠡᠢ ᠪᠠᠢᠪᠠᠴᠤ ᠾᠷᠢᠰᠲ᠋ᠣᠰ ᠲᠠ ᠨᠠᠷ ᠤᠨ ᠳᠣᠲᠣᠷ᠎ᠠ ᠪᠠᠢᠪᠠᠯ ᠰᠦᠨᠡᠰᠦ ᠴᠢᠨᠢ ᠵᠥᠪ ᠡᠴᠡ ᠪᠣᠯᠵᠤ ᠠᠮᠢᠳᠤ ᠪᠠᠢᠨ᠎ᠠ᠃ 11 ᠢᠰᠦ᠋ᠰ ᠢ ᠦᠬᠦᠭᠰᠡᠳ ᠦᠨ ᠳᠤᠮᠳᠠ ᠠᠴᠠ ᠠᠮᠢᠯᠠᠭᠤᠯᠤᠭᠰᠠᠨ ᠪᠤᠷᠬᠠᠨ ᠤ ᠰᠦᠨᠡᠰᠦ ᠲᠠ ᠨᠠᠷ ᠤᠨ ᠳᠣᠲᠣᠷ᠎ᠠ ᠪᠠᠢᠷᠢᠰᠢᠵᠤ ᠪᠠᠢᠪᠠᠯ᠂ ᠾᠷᠢᠰᠲ᠋ᠣᠰ ᠢ ᠦᠬᠦᠭᠰᠡᠳ ᠦᠨ ᠳᠤᠮᠳᠠ ᠠᠴᠠ ᠠᠮᠢᠯᠠᠭᠤᠯᠤᠭᠰᠠᠨ ᠨᠢᠭᠡᠨ ᠨᠢ ᠲᠠ ᠨᠠᠷ ᠤᠨ ᠳᠣᠲᠣᠷ᠎ᠠ ᠪᠠᠢᠭ᠎ᠠ ᠥᠪᠡᠷ ᠦᠨ ᠢᠶᠠᠨ ᠰᠦᠨᠡᠰᠦ ᠪᠡᠷ ᠠᠮᠢ ᠦᠭᠡᠢ ᠪᠡᠶ᠎ᠡ ᠶᠢ ᠴᠢᠨᠢ ᠠᠮᠢᠯᠠᠭᠤᠯᠬᠤ ᠪᠣᠯᠣᠨ᠎ᠠ᠃

12 ᠠᠬ᠎ᠠ ᠳᠡᠭᠦᠦ ᠨᠠᠷ ᠡ᠂ ᠲᠡᠢᠮᠦ ᠡᠴᠡ ᠪᠢᠳᠡ ᠥᠷᠢ ᠲᠠᠢ ᠪᠣᠯᠪᠠᠴᠤ ᠨᠢᠭᠦᠯᠲᠦ ᠤᠭ ᠴᠢᠨᠠᠷ ᠲᠤ ᠥᠷᠢ ᠲᠠᠢ ᠪᠢᠰᠢ ᠲᠤᠯᠠ ᠨᠢᠭᠦᠯᠲᠦ ᠤᠭ ᠴᠢᠨᠠᠷ ᠤᠨ ᠶᠣᠰᠣᠭᠠᠷ ᠠᠮᠢᠳᠤᠷᠠᠬᠤ ᠬᠡᠷᠡᠭ ᠦᠭᠡᠢ᠃ 13 ᠮᠢᠬᠠᠨ ᠪᠡᠶ᠎ᠡ ᠶᠢᠨ ᠶᠣᠰᠣᠭᠠᠷ ᠠᠮᠢᠳᠤᠷᠠᠪᠠᠯ ᠲᠠ ᠨᠠᠷ ᠯᠠᠪᠲᠠᠢ ᠦᠬᠦᠨ᠎ᠡ᠂ ᠬᠠᠷᠢᠨ ᠠᠷᠢᠭᠤᠨ ᠰᠦᠨᠡᠰᠦ ᠪᠡᠷ ᠮᠢᠬᠠᠨ ᠪᠡᠶ᠎ᠡ ᠶᠢᠨ ᠦᠢᠯᠡᠰ ᠢᠶᠡᠨ ᠦᠬᠦᠭᠦᠯᠪᠡᠯ ᠠᠮᠢᠳᠤᠷᠠᠨ᠎ᠠ᠃ 14 ᠤᠴᠢᠷ ᠨᠢ᠂ ᠪᠤᠷᠬᠠᠨ ᠤ ᠰᠦᠨᠡᠰᠦ ᠪᠡᠷ ᠤᠳᠤᠷᠢᠳᠤᠭᠤᠯᠳᠠᠭ ᠬᠥᠮᠦᠨ ᠪᠣᠯᠭᠠᠨ ᠪᠤᠷᠬᠠᠨ ᠤ ᠬᠡᠦᠬᠡᠳ ᠮᠥᠨ᠃ 15 ᠳᠠᠬᠢᠨ ᠲᠠ ᠨᠠᠷ ᠢ ᠪᠣᠭᠣᠯᠴᠢᠯᠠᠵᠤ ᠠᠶᠤᠯᠭᠠᠬᠤ ᠰᠦᠨᠡᠰᠦ ᠶᠢ ᠪᠤᠰᠤ᠂ ᠬᠠᠷᠢᠨ ᠦᠷᠡᠴᠢᠯᠡᠬᠦ ᠰᠦᠨᠡᠰᠦ ᠶᠢ ᠲᠠ ᠨᠠᠷ ᠬᠦᠯᠢᠶᠡᠨ ᠠᠪᠤᠭᠰᠠᠨ᠃ ᠲᠡᠷᠡ ᠰᠦᠨᠡᠰᠦᠨ ᠦ ᠳᠣᠲᠣᠷ᠎ᠠ ᠪᠢᠳᠡ 《ᠠᠪᠪᠠ 8 ᠡ᠂ ᠠᠪᠤ ᠡ》 ᠭᠡᠵᠦ ᠳᠠᠭᠤᠳᠠᠳᠠᠭ᠃ 16 ᠪᠢᠳᠡ ᠪᠣᠯ ᠪᠤᠷᠬᠠᠨ ᠤ ᠬᠡᠦᠬᠡᠳ ᠮᠥᠨ ᠭᠡᠳᠡᠭ ᠢ ᠠᠷᠢᠭᠤᠨ ᠰᠦᠨᠡᠰᠦ ᠪᠢᠳᠡᠨ ᠦ ᠰᠦᠨᠡᠰᠦ ᠲᠠᠢ ᠬᠠᠮᠲᠤᠷᠠᠨ ᠭᠡᠷᠡᠴᠢᠯᠡᠳᠡᠭ᠃ 17 ᠬᠡᠦᠬᠡᠳ ᠨᠢ ᠶᠤᠮ ᠪᠣᠯ ᠥᠪᠯᠡᠭᠴᠢ ᠨᠢ ᠴᠤ ᠮᠥᠨ᠂ ᠪᠢᠳᠡ ᠾᠷᠢᠰᠲ᠋ᠣᠰ ᠲᠠᠢ ᠬᠠᠮᠲᠤ ᠠᠯᠳᠠᠷᠰᠢᠬᠤ ᠶᠢᠨ ᠲᠤᠯᠠᠳᠠ ᠲᠡᠭᠦᠨ ᠲᠡᠢ ᠬᠠᠮᠲᠤ ᠵᠣᠪᠠᠯᠠᠩ ᠠᠮᠰᠠᠪᠠᠯ ᠪᠤᠷᠬᠠᠨ ᠤ ᠥᠪᠯᠡᠭᠴᠢᠳ᠂ ᠮᠥᠨ ᠾᠷᠢᠰᠲ᠋ᠣᠰ ᠲᠠᠢ ᠬᠠᠮᠲᠤᠷᠠᠨ ᠥᠪᠯᠡᠭᠴᠢᠳ ᠪᠣᠯᠣᠨ᠎ᠠ᠃
 ᠠᠯᠳᠠᠷ ᠰᠤᠤ ᠲᠠᠢ ᠢᠯᠠᠭᠴᠢᠳ

18 ᠣᠳᠣ ᠴᠠᠭ ᠤᠨ ᠵᠣᠪᠠᠯᠠᠩ ᠨᠢ ᠬᠣᠵᠢᠮ ᠪᠢᠳᠡᠨ ᠳᠦ ᠢᠯᠡᠷᠡᠬᠦ ᠠᠯᠳᠠᠷ ᠰᠤᠤ ᠶᠢᠨ ᠳᠡᠷᠭᠡᠳᠡ ᠶᠠᠭᠤ ᠴᠤ ᠪᠢᠰᠢ ᠭᠡᠵᠦ ᠪᠢ ᠪᠣᠳᠣᠳᠠᠭ᠃ 19 ᠪᠦᠲᠦᠭᠡᠭᠳᠡᠭᠰᠡᠨ ᠪᠦᠬᠦᠨ ᠪᠤᠷᠬᠠᠨ ᠤ ᠬᠡᠦᠬᠡᠳ ᠤᠳ ᠤᠨ ᠢᠯᠡᠷᠡᠬᠦ ᠶᠢ ᠡᠷᠡᠮᠡᠯᠵᠡᠨ ᠲᠡᠪᠴᠢᠶᠡᠷᠢ ᠲᠠᠢ ᠬᠦᠯᠢᠶᠡᠵᠦ ᠪᠠᠢᠨ᠎ᠠ᠃ 20 ᠪᠦᠲᠦᠭᠡᠭᠳᠡᠭᠰᠡᠨ ᠪᠦᠬᠦᠨ ᠬᠣᠭᠣᠰᠣᠨ ᠳᠤ ᠡᠷᠬᠡᠰᠢᠶᠡᠭᠳᠡᠭᠰᠡᠨ ᠨᠢ ᠥᠪᠡᠷ ᠦᠨ ᠬᠢᠨᠢ ᠬᠦᠰᠡᠯ ᠪᠢᠰᠢ᠂ ᠬᠠᠷᠢᠨ ᠡᠷᠬᠡᠰᠢᠶᠡᠯ ᠳᠦ ᠣᠷᠣᠭᠤᠯᠤᠭᠰᠠᠨ ᠨᠢᠭᠡᠨ ᠦ ᠬᠦᠰᠡᠯ ᠪᠥᠭᠡᠳ 21 ᠬᠠᠮᠤᠭ ᠪᠦᠲᠦᠭᠡᠯ ᠥᠪᠡᠷ ᠢᠶᠡᠨ ᠮᠥᠬᠥᠯ ᠦᠨ ᠪᠣᠭᠣᠯᠴᠢᠯᠠᠯ ᠠᠴᠠ ᠴᠢᠯᠥᠭᠡᠯᠡᠭᠳᠡᠵᠦ ᠪᠤᠷᠬᠠᠨ ᠤ ᠬᠡᠦᠬᠡᠳ ᠤᠳ ᠤᠨ ᠠᠯᠳᠠᠷ ᠰᠤᠤ ᠶᠢᠨ ᠡᠷᠬᠡ ᠴᠢᠯᠥᠭᠡ ᠣᠯᠬᠤ ᠶᠢ ᠬᠦᠰᠡᠭᠰᠡᠭᠡᠷ ᠪᠠᠢᠨ᠎ᠠ᠃ 22 ᠬᠠᠮᠤᠭ ᠪᠦᠲᠦᠭᠡᠯ ᠨᠢ ᠥᠨᠥ ᠬᠦᠷᠲᠡᠯ᠎ᠡ ᠬᠠᠮᠲᠤ ᠰᠢᠨᠠᠯᠵᠤ᠂ ᠲᠥᠷᠥᠭᠦᠯᠬᠦ ᠵᠣᠪᠠᠯᠠᠩ ᠢ ᠬᠠᠮᠲᠤ ᠠᠮᠰᠠᠵᠤ ᠪᠠᠢᠭ᠎ᠠ ᠶᠢ ᠪᠢᠳᠡ ᠮᠡᠳᠡᠨ᠎ᠡ᠃ 23 ᠡᠭᠦᠨ ᠢᠶᠡᠷ ᠪᠠᠷᠠᠬᠤ ᠦᠭᠡᠢ᠂ ᠠᠷᠢᠭᠤᠨ ᠰᠦᠨᠡᠰᠦᠨ ᠦ ᠠᠩ᠋ᠬᠠᠨ ᠤ ᠦᠷ᠎ᠡ ᠵᠢᠮᠢᠰ ᠢ ᠬᠦᠷᠲᠡᠭᠰᠡᠨ ᠪᠢᠳᠡ ᠴᠤ ᠳᠣᠲᠣᠷ᠎ᠠ ᠪᠠᠨ ᠰᠢᠨᠠᠯᠵᠤ᠂ ᠦᠷᠡᠴᠢᠯᠡᠯ᠂ ᠲᠤᠬᠠᠢᠯᠠᠪᠠᠯ ᠮᠢᠬᠠᠨ ᠪᠡᠶ᠎ᠡ ᠶᠢᠨ ᠢᠶᠠᠨ ᠵᠣᠯᠢᠯᠲᠠ ᠶᠢ ᠡᠷᠡᠮᠡᠯᠵᠡᠨ ᠬᠦᠯᠢᠶᠡᠵᠦ ᠪᠠᠢᠨ᠎ᠠ᠃ 24 ᠪᠢᠳᠡ ᠦᠨᠡᠨ ᠳᠡᠭᠡᠨ ᠡᠨᠡ ᠡᠷᠡᠮᠡᠯᠵᠡᠯ ᠢᠶᠡᠷ ᠠᠪᠤᠷᠠᠭᠳᠠᠭᠰᠠᠨ᠃ ᠭᠡᠬᠦ ᠳᠡᠭᠡᠨ ᠬᠠᠷᠠᠭᠳᠠᠳᠠᠭ ᠡᠷᠡᠮᠡᠯᠵᠡᠯ ᠨᠢ ᠡᠷᠡᠮᠡᠯᠵᠡᠯ ᠪᠢᠰᠢ᠂ ᠬᠠᠷᠠᠭᠳᠠᠳᠠᠭ ᠵᠦᠢᠯ ᠢ ᠬᠡᠨ ᠡᠷᠡᠮᠡᠯᠵᠡᠨ᠎ᠡ ᠪᠤᠢ︖ 25 ᠬᠠᠷᠢᠨ ᠦᠯᠦ ᠬᠠᠷᠠᠭᠳᠠᠳᠠᠭ ᠵᠦᠢᠯ ᠢ ᠡᠷᠡᠮᠡᠯᠵᠡᠬᠦ ᠶᠤᠮ ᠪᠣᠯ᠂ ᠪᠢᠳᠡ ᠲᠡᠪᠴᠢᠶᠡᠷᠢ ᠲᠠᠢ ᠪᠠᠷ ᠬᠦᠯᠢᠶᠡᠬᠦ ᠶᠣᠰᠣᠲᠠᠢ᠃

26 ᠲᠡᠭᠦᠨᠴᠢᠯᠡᠨ ᠠᠷᠢᠭᠤᠨ ᠰᠦᠨᠡᠰᠦ ᠴᠤ ᠪᠢᠳᠡᠨ ᠢ ᠰᠤᠯᠠ ᠳᠣᠷᠣᠢ ᠪᠠᠢᠬᠤ ᠳᠤ ᠲᠤᠰᠠᠯᠠᠳᠠᠭ᠃ ᠪᠢᠳᠡ ᠶᠠᠭᠤ ᠳᠠᠭᠠᠳᠬᠠᠬᠤ ᠶᠣᠰᠣᠲᠠᠢ ᠪᠠᠨ ᠮᠡᠳᠡᠳᠡᠭ ᠦᠭᠡᠢ ᠪᠣᠯᠪᠠᠴᠤ ᠠᠷᠢᠭᠤᠨ ᠰᠦᠨᠡᠰᠦ ᠥᠭᠦᠯᠡᠰᠢ ᠦᠭᠡᠢ ᠰᠡᠭᠦᠷᠡᠰᠦᠯᠡᠯ ᠢᠶᠡᠷ ᠥᠪᠡᠷ ᠢᠶᠡᠨ ᠪᠢᠳᠡᠨ ᠦ ᠡᠮᠦᠨ᠎ᠡ ᠡᠴᠡ ᠵᠠᠭᠤᠴᠢᠯᠠᠨ ᠭᠤᠶᠤᠳᠠᠭ᠃ 27 ᠲᠡᠷᠡ ᠪᠤᠷᠬᠠᠨ ᠤ ᠲᠠᠭᠠᠯᠠᠯ ᠳᠤ ᠨᠡᠢᠴᠡᠭᠦᠯᠦᠨ ᠠᠷᠢᠭᠤᠨ ᠬᠥᠮᠦᠰ ᠦᠨ ᠡᠮᠦᠨ᠎ᠡ ᠡᠴᠡ ᠵᠠᠭᠤᠴᠢᠯᠠᠨ ᠭᠤᠶᠤᠳᠠᠭ ᠤᠴᠢᠷ ᠠᠴᠠ ᠵᠢᠷᠦᠬᠡ ᠰᠡᠳᠬᠢᠯ ᠢ ᠰᠢᠯᠭᠠᠭᠴᠢ ᠪᠤᠷᠬᠠᠨ ᠲᠡᠭᠦᠨ ᠦ ᠰᠠᠨᠠᠭ᠎ᠠ ᠶᠢ ᠮᠡᠳᠡᠳᠡᠭ᠃

28 ᠬᠠᠮᠤᠭ ᠵᠦᠢᠯ ᠨᠢ ᠬᠠᠷᠢᠯᠴᠠᠨ ᠨᠥᠯᠥᠭᠡᠯᠡᠳᠡᠭ᠂ ᠡᠨᠡ ᠨᠢ ᠪᠤᠷᠬᠠᠨ ᠢ ᠬᠠᠢᠷᠠᠯᠠᠭᠴᠢᠳ᠂ ᠲᠤᠬᠠᠢᠯᠠᠪᠠᠯ ᠲᠡᠭᠦᠨ ᠦ ᠲᠥᠯᠥᠪᠯᠡᠭᠰᠡᠨ ᠶᠣᠰᠣᠭᠠᠷ ᠳᠠᠭᠤᠳᠠᠭᠳᠠᠭᠰᠠᠳ ᠤᠨ ᠰᠠᠢᠨ ᠤ ᠲᠥᠯᠥᠭᠡ ᠭᠡᠳᠡᠭ ᠢ ᠪᠢᠳᠡ ᠮᠡᠳᠡᠨ᠎ᠡ᠃ 29 ᠪᠤᠷᠬᠠᠨ ᠤᠷᠢᠳᠤ ᠠᠴᠠ ᠮᠡᠳᠡᠭᠰᠡᠨ ᠬᠥᠮᠦᠰ ᠢᠶᠡᠨ ᠬᠦᠦ ᠶᠢᠨ ᠢᠶᠠᠨ ᠲᠥᠷᠬᠥ ᠲᠠᠢ ᠪᠣᠯᠭᠠᠬᠤ ᠪᠠᠷ ᠤᠷᠢᠳᠴᠢᠯᠠᠨ ᠲᠣᠭᠲᠠᠭᠠᠵᠤ᠂ ᠬᠦᠦ ᠪᠡᠨ ᠣᠯᠠᠨ ᠠᠬ᠎ᠠ ᠳᠡᠭᠦᠦ ᠶᠢᠨ ᠬᠢᠨᠢ ᠳᠤᠮᠳᠠ ᠤᠤᠭᠠᠨ ᠪᠣᠯᠭᠠᠭᠰᠠᠨ᠃ 30 ᠪᠤᠷᠬᠠᠨ ᠤᠷᠢᠳᠴᠢᠯᠠᠨ ᠲᠣᠭᠲᠠᠭᠠᠭᠰᠠᠨ ᠬᠥᠮᠦᠰ ᠢᠶᠡᠨ ᠮᠥᠨ ᠳᠠᠭᠤᠳᠠᠭᠰᠠᠨ᠂ ᠳᠠᠭᠤᠳᠠᠭᠰᠠᠨ ᠬᠥᠮᠦᠰ ᠢᠶᠡᠨ ᠵᠥᠪᠲᠥᠭᠡᠭᠰᠡᠨ᠂ ᠵᠥᠪᠲᠥᠭᠡᠭᠰᠡᠨ ᠬᠥᠮᠦᠰ ᠢᠶᠡᠨ ᠮᠥᠨ ᠠᠯᠳᠠᠷᠰᠢᠭᠤᠯᠤᠭᠰᠠᠨ᠃

31 ᠡᠳᠡᠭᠡᠷ ᠦᠨ ᠲᠤᠬᠠᠢ ᠪᠢᠳᠡ ᠶᠠᠭᠤ ᠬᠡᠯᠡᠬᠦ ᠪᠤᠢ︖ ᠪᠤᠷᠬᠠᠨ ᠪᠢᠳᠡᠨ ᠦ ᠲᠠᠯ᠎ᠠ ᠶᠢᠨ ᠬᠢ ᠪᠣᠯ᠂ ᠬᠡᠨ ᠪᠢᠳᠡᠨ ᠦ ᠡᠰᠡᠷᠭᠦ ᠪᠤᠢ︖ 32 ᠪᠢᠳᠡ ᠪᠦᠬᠦᠨ ᠦ ᠲᠥᠯᠥᠭᠡ ᠬᠦᠦ ᠪᠡᠨ ᠴᠤ ᠬᠠᠷᠠᠮ ᠦᠭᠡᠢ ᠲᠤᠰᠢᠶᠠᠭᠰᠠᠨ ᠨᠢᠭᠡᠨ ᠨᠢ ᠲᠡᠭᠦᠨ ᠲᠡᠢ ᠪᠡᠨ ᠬᠠᠮᠲᠤ ᠪᠦᠬᠦᠨ ᠢᠶᠡᠨ ᠪᠢᠳᠡᠨ ᠳᠦ ᠰᠣᠶᠣᠷᠬᠠᠬᠤ ᠪᠢᠰᠢ ᠤᠤ︖ 33 ᠪᠤᠷᠬᠠᠨ ᠤ ᠰᠣᠩ᠋ᠭᠣᠭᠰᠠᠳ ᠢ ᠬᠡᠨ ᠪᠤᠷᠤᠭᠤᠳᠬᠠᠬᠤ ᠪᠤᠢ︖ ᠵᠥᠪᠲᠥᠭᠡᠭᠴᠢ ᠨᠢ ᠪᠤᠷᠬᠠᠨ ᠪᠠᠢᠬᠤ ᠳᠤ᠂ 34 ᠶᠠᠯᠠᠯᠠᠭᠴᠢ ᠨᠢ ᠬᠡᠨ ᠪᠤᠢ︖ ᠦᠬᠦᠭᠰᠡᠨ ᠲᠡᠳᠦᠢ ᠦᠭᠡᠢ᠂ ᠪᠠᠰᠠ ᠠᠮᠢᠯᠠᠭᠰᠠᠨ ᠾᠷᠢᠰᠲ᠋ᠣᠰ ᠢᠰᠦ᠋ᠰ ᠪᠤᠷᠬᠠᠨ ᠤ ᠪᠠᠷᠠᠭᠤᠨ ᠲᠠᠯ᠎ᠠ ᠳᠤ ᠪᠠᠢᠭᠰᠠᠭᠠᠷ ᠪᠢᠳᠡᠨ ᠦ ᠡᠮᠦᠨ᠎ᠡ ᠡᠴᠡ ᠵᠠᠭᠤᠴᠢᠯᠡᠨ ᠭᠤᠶᠤᠳᠠᠭ᠃ 35 ᠬᠡᠨ ᠪᠢᠳᠡᠨ ᠢ ᠾᠷᠢᠰᠲ᠋ᠣᠰ ᠤᠨ ᠬᠠᠢᠷ᠎ᠠ ᠠᠴᠠ ᠰᠠᠯᠭᠠᠬᠤ ᠪᠤᠢ︖ ᠵᠣᠪᠠᠯᠠᠩ ᠤᠤ︖ ᠵᠦᠳᠡᠷᠡᠯ ᠤᠤ︖ ᠬᠠᠪᠴᠢᠯᠭ᠎ᠠ ᠤᠤ︖ ᠥᠯᠥᠰᠬᠥᠯᠡᠩ ᠤᠤ︖ ᠨᠢᠴᠦᠭᠦᠨ ᠤᠤ︖ ᠠᠶᠤᠯ ᠤᠤ︖ ᠡᠰᠡᠪᠡᠯ ᠰᠡᠯᠡᠮ᠎ᠡ ᠤᠤ︖ 36 ᠡᠳᠡᠭᠡᠷ ᠦᠨ ᠲᠤᠬᠠᠢ᠄ 《ᠬᠠᠷᠢᠨ ᠲᠠᠨ ᠤ ᠤᠯᠠᠮ ᠢᠶᠠᠷ ᠪᠢᠳᠡ ᠡᠳᠦᠷ ᠪᠦᠷᠢ ᠠᠯᠠᠭᠤᠯᠳᠠᠭ᠂ ᠪᠢᠳᠡ ᠢᠳᠡᠰᠢᠨ ᠤ ᠬᠣᠨᠢᠨ ᠳᠤ ᠲᠣᠭᠠᠴᠠᠭᠳᠠᠳᠠᠭ》 ᠭᠡᠵᠦ ᠪᠢᠴᠢᠭᠳᠡᠭᠰᠡᠨ ᠪᠠᠢᠳᠠᠭ᠃ 37 ᠬᠠᠷᠢᠨ ᠡᠳᠡᠭᠡᠷ ᠪᠦᠬᠦ ᠨᠥᠬᠥᠴᠡᠯ ᠳᠦ ᠪᠢᠳᠡ ᠥᠪᠡᠷᠰᠡᠳ ᠢ ᠮᠢᠨᠢ ᠬᠠᠢᠷᠠᠯᠠᠭᠰᠠᠨ ᠨᠢᠭᠡᠨ ᠦ ᠠᠴᠢ ᠪᠠᠷ ᠢᠯᠠᠭᠴᠢ ᠪᠣᠯᠳᠠᠭ᠃ 38 ᠪᠢ ᠢᠲᠡᠭᠡᠳᠡᠭ᠃ ᠦᠬᠦᠯ ᠴᠤ᠂ ᠠᠮᠢ ᠴᠤ᠂ ᠲᠩᠷᠢ ᠶᠢᠨ ᠡᠯᠴᠢᠳ ᠴᠤ᠂ ᠡᠷᠬᠡ ᠪᠠᠷᠢᠭᠴᠢᠳ 9 ᠴᠤ᠂ ᠥᠨᠥ ᠪᠠᠢᠭ᠎ᠠ ᠵᠦᠢᠯᠡᠰ ᠴᠤ᠂ ᠬᠣᠵᠢᠮ ᠪᠣᠯᠬᠤ ᠵᠦᠢᠯᠡᠰ ᠴᠤ᠂ ᠬᠦᠴᠦᠲᠡᠢ ᠨᠢ ᠴᠤ᠂ 39 ᠥᠨᠳᠥᠷ ᠨᠢ ᠴᠤ᠂ ᠭᠦᠨ ᠨᠢ ᠴᠤ᠂ ᠡᠳᠡᠭᠡᠷ ᠡᠴᠡ ᠥᠭᠡᠷ᠎ᠡ ᠶᠠᠮᠠᠷ ᠪᠦᠲᠦᠭᠡᠯ ᠴᠤ ᠭᠡᠰᠡᠨ ᠪᠢᠳᠡᠨ ᠦ ᠡᠵᠡᠨ ᠾᠷᠢᠰᠲ᠋ᠣᠰ ᠢᠰᠦ᠋ᠰ ᠤᠨ ᠳᠣᠲᠣᠷᠠᠬᠢ ᠪᠤᠷᠬᠠᠨ ᠤ ᠬᠠᠢᠷ᠎ᠠ ᠠᠴᠠ ᠪᠢᠳᠡᠨ ᠢ ᠰᠠᠯᠭᠠᠵᠤ ᠴᠢᠳᠠᠬᠤ ᠦᠭᠡᠢ᠃