ᠷᠣᠮᠠ ᠶᠢᠰᠦ
ᠪᠤᠷᠬᠠᠨ ᠤ ᠳᠡᠭᠡᠳᠦ ᠡᠷᠬᠡ ᠲᠠᠢ ᠰᠣᠩ᠋ᠭᠣᠯᠲᠠ
1 ᠪᠢ ᠾᠷᠢᠰᠲ᠋ᠣᠰ ᠤᠨ ᠳᠣᠲᠣᠷ᠎ᠠ ᠬᠤᠳᠠᠯ ᠢ ᠪᠢᠰᠢ᠂ ᠦᠨᠡᠨ ᠢ ᠬᠡᠯᠡᠳᠡᠭ᠃ 2 ᠵᠢᠷᠦᠬᠡ ᠰᠡᠳᠬᠢᠯ ᠳᠤ ᠮᠢᠨᠢ ᠦᠯᠡᠮᠵᠢ ᠶᠡᠬᠡ ᠤᠢᠳᠬᠠᠷᠯᠠᠯ᠂ ᠦᠷᠭᠦᠯᠵᠢ ᠶᠢᠨ ᠭᠤᠨᠢᠭᠯᠠᠯ ᠪᠠᠢᠭ᠎ᠠ ᠶᠢ ᠮᠥᠰᠥ ᠴᠢᠨᠠᠷ ᠮᠢᠨᠢ ᠴᠤ ᠠᠷᠢᠭᠤᠨ ᠰᠦᠨᠡᠰᠦᠨ ᠦ ᠳᠣᠲᠣᠷ᠎ᠠ ᠭᠡᠷᠡᠴᠢᠯᠡᠵᠦ ᠪᠠᠢᠨ᠎ᠠ᠃ 3 ᠮᠢᠬᠠᠨ ᠪᠡᠶ᠎ᠡ ᠶᠢᠨ ᠠᠬ᠎ᠠ ᠳᠡᠭᠦᠦᠰ ᠪᠠ ᠤᠭᠰᠠᠭᠠᠳᠠᠨ ᠤ ᠪᠠᠨ ᠲᠥᠯᠥᠭᠡ ᠶᠤᠮ ᠪᠣᠯ᠂ ᠾᠷᠢᠰᠲ᠋ᠣᠰ ᠠᠴᠠ ᠰᠠᠯᠭᠠᠭᠳᠠᠨ ᠬᠠᠷᠢᠶᠠᠭᠳᠠᠭᠰᠠᠨ ᠴᠤ ᠪᠢ ᠳᠤᠷᠠᠲᠠᠢ᠃ 4 ᠲᠡᠳᠡ ᠪᠣᠯ ᠢᠰᠷᠧᠯᠴᠦᠳ᠃ ᠦᠷᠡᠴᠢᠯᠡᠭᠳᠡᠯ᠂ ᠠᠯᠳᠠᠷ ᠰᠤᠤ᠂ ᠭᠡᠷ᠎ᠡ ᠨᠦᠭᠦᠳ᠂ ᠬᠠᠤᠯᠢ ᠬᠦᠯᠢᠶᠡᠯᠲᠡ᠂ ᠮᠥᠷᠭᠥᠯ ᠪᠠ ᠠᠮᠠᠯᠠᠯᠲᠠ ᠨᠤᠭᠤᠳ ᠨᠢ ᠲᠡᠳᠡᠨ ᠦ ᠬᠢ ᠮᠥᠨ᠃ 5 ᠡᠪᠦᠭᠡ ᠳᠡᠭᠡᠳᠦᠰ ᠴᠤ ᠲᠡᠳᠡᠨ ᠦ ᠬᠢ᠃ ᠾᠷᠢᠰᠲ᠋ᠣᠰ ᠴᠤ ᠮᠢᠬᠠᠨ ᠪᠡᠶ᠎ᠡ ᠶᠢᠨ ᠶᠣᠰᠣᠭᠠᠷ ᠲᠡᠳᠡᠨ ᠡᠴᠡ ᠭᠠᠷᠤᠯ ᠲᠠᠢ᠂ ᠲᠡᠷᠡ ᠪᠣᠯ ᠬᠠᠮᠤᠭ ᠤᠨ ᠳᠡᠭᠡᠷ᠎ᠡ ᠣᠷᠣᠰᠢᠳᠠᠭ᠂ ᠥᠨᠢᠳᠡ ᠮᠠᠭᠲᠠᠭᠳᠠᠭᠤᠰᠢᠲᠠᠢ ᠪᠤᠷᠬᠠᠨ ᠪᠢᠯᠡ᠃ ᠠᠮᠧᠨ᠃
6 ᠪᠤᠷᠬᠠᠨ ᠤ ᠦᠭᠡ ᠬᠦᠴᠦᠨ ᠦᠭᠡᠢ ᠪᠣᠯᠣᠭᠰᠠᠨ ᠪᠢᠰᠢ᠂ ᠤᠴᠢᠷ ᠨᠢ᠂ ᠢᠰᠷᠧᠯ ᠡᠴᠡ ᠭᠠᠷᠤᠯ ᠲᠠᠢ ᠪᠣᠯᠭᠠᠨ ᠢᠰᠷᠧᠯ ᠤᠨ ᠬᠢ ᠪᠢᠰᠢ ᠪᠥᠭᠡᠳ 7 ᠠᠪᠷᠠᠬᠠᠮ ᠤᠨ ᠬᠡᠦᠬᠡᠳ ᠪᠣᠯᠭᠠᠨ ᠲᠡᠭᠦᠨ ᠦ ᠦᠷ᠎ᠡ ᠤᠳᠤᠮ ᠪᠢᠰᠢ᠂ ᠬᠠᠷᠢᠨ 《ᠢᠰᠠᠺ ᠠᠴᠠ ᠭᠠᠷᠤᠯ ᠲᠠᠢ ᠨᠢ ᠯᠠ ᠴᠢᠨᠦ ᠦᠷ᠎ᠡ ᠤᠳᠤᠮ ᠭᠡᠵᠦ ᠨᠡᠷᠡᠯᠡᠭᠳᠡᠨ᠎ᠡ》 ᠭᠡᠰᠡᠨ ᠪᠠᠢᠳᠠᠭ᠃ 8 ᠥᠭᠡᠷ᠎ᠡ ᠪᠡᠷ ᠬᠡᠯᠡᠪᠡᠯ᠂ 《ᠮᠢᠬᠠᠨ ᠪᠡᠶ᠎ᠡ ᠶᠢᠨ ᠬᠡᠦᠬᠡᠳ ᠪᠣᠯᠣᠭᠰᠠᠨ ᠢᠶᠠᠷ ᠪᠤᠷᠬᠠᠨ ᠤ ᠬᠡᠦᠬᠡᠳ ᠪᠣᠯᠳᠠᠭ ᠪᠢᠰᠢ᠂ ᠠᠮᠠᠯᠠᠯᠲᠠ ᠶᠢᠨ ᠬᠡᠦᠬᠡᠳ ᠯᠠ ᠦᠷ᠎ᠡ ᠤᠳᠤᠮ ᠨᠢ ᠭᠡᠵᠦ ᠲᠣᠭᠠᠴᠠᠭᠳᠠᠳᠠᠭ᠃》 9 ᠪᠤᠷᠬᠠᠨ ᠠᠮᠠᠯᠠᠬᠤ ᠳᠠᠭᠠᠨ᠄ 《ᠢᠷᠡᠬᠦ ᠵᠢᠯ ᠤᠨ ᠡᠨᠡ ᠴᠠᠭ ᠲᠤ ᠪᠢ ᠡᠷᠭᠢᠵᠦ ᠢᠷᠡᠨ᠎ᠡ᠂ ᠲᠡᠭᠡᠬᠦ ᠳᠦ ᠰᠠᠷᠠᠾ ᠬᠦᠦ ᠲᠠᠢ ᠪᠣᠯᠣᠨ᠎ᠠ》 ᠭᠡᠰᠡᠨ᠃ 10 ᠡᠭᠦᠨ ᠢᠶᠡᠷ ᠦᠯᠦ ᠪᠠᠷᠠᠮ᠂ ᠷᠧᠪᠧᠺᠠ ᠪᠠᠷ ᠭᠠᠭᠴᠠ ᠬᠥᠮᠦᠨ ᠡᠴᠡ᠂ ᠲᠤᠬᠠᠢᠯᠠᠪᠠᠯ ᠪᠢᠳᠡᠨ ᠦ ᠳᠡᠭᠡᠳᠦᠰ ᠢᠰᠠᠺ ᠠᠴᠠ ᠵᠢᠷᠮᠦᠰᠦᠯᠡᠭᠡᠳ ᠪᠠᠢᠬᠤ ᠳᠤ᠂ 11 ᠢᠬᠡᠷ᠎ᠡ ᠬᠡᠦᠬᠡᠳ ᠲᠥᠷᠥᠬᠦ ᠡᠴᠡ ᠡᠮᠦᠨ᠎ᠡ᠂ ᠰᠠᠢᠨ ᠮᠠᠭᠤ ᠶᠢ ᠦᠢᠯᠡᠳᠬᠦ ᠡᠴᠡ ᠨᠢ ᠴᠤ ᠡᠮᠦᠨ᠎ᠡ᠂ 12 ᠪᠤᠷᠬᠠᠨ 《ᠦᠢᠯᠡᠰ ᠦᠨ ᠳᠠᠭᠠᠤ ᠪᠤᠰᠤ᠂ ᠳᠠᠭᠤᠳᠠᠯᠭ᠎ᠠ ᠶᠢᠨ ᠳᠠᠭᠠᠤ》 ᠰᠣᠩ᠋ᠭᠣᠬᠤ ᠵᠠᠷᠴᠢᠮ ᠢᠶᠠᠷ ᠢᠶᠠᠨ ᠷᠧᠪᠧᠺᠠ ᠳᠤ᠄ 《ᠠᠬ᠎ᠠ ᠨᠢ ᠳᠡᠭᠦᠦ ᠳᠡᠭᠡᠨ ᠵᠠᠷᠤᠴᠠᠯᠠᠭᠳᠠᠨᠠ》 ᠭᠡᠵᠡᠢ᠃ 13 ᠡᠨᠡ ᠨᠢ 《ᠪᠢ ᠶᠠᠺᠣᠪ ᠢ ᠬᠠᠢᠷᠠᠯᠠᠵᠤ᠂ ᠡᠰᠠᠦ᠋ ᠶᠢ ᠵᠢᠭ᠍ᠰᠢᠭᠰᠡᠨ》 ᠭᠡᠵᠦ ᠪᠢᠴᠢᠭᠳᠡᠭᠰᠡᠨᠴᠢᠯᠡᠨ ᠪᠣᠯᠪᠠ᠃
14 ᠡᠳᠡᠭᠡᠷ ᠦᠨ ᠲᠤᠬᠠᠢ ᠪᠢᠳᠡ ᠶᠠᠭᠤ ᠬᠡᠯᠡᠬᠦ ᠪᠤᠢ︖ ᠪᠤᠷᠬᠠᠨ ᠭᠣᠣᠯᠴᠢ ᠪᠤᠰᠤ ᠭᠡᠵᠢ ᠤᠤ︖ ᠣᠭᠲᠣ ᠲᠡᠢᠮᠦ ᠪᠢᠰᠢ᠃ 15 ᠲᠡᠷᠡ ᠮᠣᠰᠧ ᠳᠤ᠄ 《ᠪᠢ ᠡᠨᠡᠷᠢᠬᠦ ᠬᠥᠮᠦᠨ ᠢᠶᠡᠨ ᠡᠨᠡᠷᠢᠵᠦ᠂ ᠥᠷᠥ ᠡᠪᠡᠳᠬᠦ ᠬᠥᠮᠦᠨ ᠢᠶᠡᠨ ᠥᠷᠥ ᠡᠪᠡᠳᠦᠨ᠎ᠡ》 ᠭᠡᠵᠦ ᠪᠠᠢᠨ᠎ᠠ᠃ 16 ᠲᠡᠢᠮᠦ ᠡᠴᠡ ᠬᠥᠮᠦᠨ ᠦ ᠰᠠᠨᠠᠭ᠎ᠠ ᠪᠤᠶᠤ ᠴᠢᠷᠮᠠᠢᠯᠲᠠ ᠪᠠᠷ ᠪᠢᠰᠢ᠂ ᠡᠨᠡᠷᠢᠭ᠍ᠴᠢ ᠪᠤᠷᠬᠠᠨ ᠠᠴᠠ ᠰᠢᠯᠲᠠᠭᠠᠯᠠᠳᠠᠭ᠃ 17 ᠠᠷᠢᠭᠤᠨ ᠨᠣᠮ᠄ 《ᠪᠢ ᠴᠢᠮ᠎ᠠ ᠪᠠᠷ ᠳᠠᠮᠵᠢᠭᠤᠯᠤᠨ ᠬᠦᠴᠦ ᠪᠡᠨ ᠦᠵᠡᠭᠦᠯᠵᠦ ᠭᠠᠵᠠᠷ ᠳᠠᠶᠠᠭᠠᠷ ᠨᠡᠷ᠎ᠡ ᠪᠡᠨ ᠲᠤᠩ᠋ᠬᠠᠭᠯᠠᠬᠤ ᠵᠣᠷᠢᠯᠭ᠎ᠠ ᠪᠠᠷ ᠴᠢᠮᠠᠶᠢ ᠪᠣᠰᠬᠠᠭᠰᠠᠨ ᠶᠤᠮ》 ᠭᠡᠵᠦ ᠹᠠᠷᠠᠣ᠋ ᠳᠤ ᠠᠢᠯᠠᠳᠤᠭᠰᠠᠨ ᠪᠠᠢᠳᠠᠭ᠃ 18 ᠡᠢᠨ ᠬᠦ ᠪᠤᠷᠬᠠᠨ ᠰᠣᠩ᠋ᠭᠣᠭᠰᠠᠨ ᠬᠥᠮᠦᠨ ᠢᠶᠡᠨ ᠡᠨᠡᠷᠢᠳᠡᠭ᠂ ᠰᠣᠩ᠋ᠭᠣᠭᠰᠠᠨ ᠬᠥᠮᠦᠨ ᠢᠶᠡᠨ ᠬᠠᠲᠠᠭᠤᠷᠠᠭᠤᠯᠳᠠᠭ᠃
19 ᠲᠡᠭᠡᠪᠡᠯ 《ᠪᠤᠷᠬᠠᠨ ᠶᠠᠭᠤᠨ ᠳᠤ ᠪᠤᠷᠤᠭᠤᠳᠬᠠᠭᠰᠠᠭᠠᠷ ᠪᠠᠢᠨ᠎ᠠ ᠪᠤᠢ︖ ᠲᠡᠭᠦᠨ ᠦ ᠲᠠᠭᠠᠯᠠᠯ ᠢ ᠬᠡᠨ ᠡᠰᠡᠷᠭᠦᠴᠡᠨ᠎ᠡ ᠪᠤᠢ︖》 ᠭᠡᠵᠦ ᠨᠠᠳᠠ ᠳᠤ ᠬᠡᠯᠡᠵᠦ ᠮᠡᠳᠡᠨ᠎ᠡ᠃ 20 ᠥ᠂ ᠬᠥᠮᠦᠨ ᠡ᠂ ᠲᠠ ᠬᠡᠨ ᠪᠣᠯᠣᠭᠠᠳ ᠪᠤᠷᠬᠠᠨ ᠲᠠᠢ ᠥᠰᠢᠶᠡᠷᠬᠡᠨᠡ ᠪᠤᠢ︖ ᠪᠦᠲᠦᠭᠡᠯ ᠨᠢ ᠪᠦᠲᠦᠭᠡᠭᠴᠢ ᠳᠡᠭᠡᠨ᠄ 《ᠲᠠ ᠶᠠᠭᠤᠨ ᠳᠤ ᠨᠠᠮᠠᠶᠢ ᠢᠩᠭᠢᠵᠦ ᠬᠢᠭᠰᠡᠨ ᠪᠤᠢ︖》 ᠭᠡᠨ᠎ᠡ ᠤᠤ︖ 21 ᠸᠠᠭᠠᠷᠴᠢᠨ ᠠᠳᠠᠯᠢᠬᠠᠨ ᠪᠥᠭᠡᠮ ᠰᠢᠪᠠᠷ ᠢᠶᠠᠷ ᠨᠠᠨᠳᠢᠨ ᠰᠠᠪᠠ ᠶᠢ ᠴᠤ᠂ ᠵᠢᠷ ᠤᠨ ᠰᠠᠪᠠ ᠶᠢ ᠴᠤ ᠬᠢᠬᠦ ᠡᠷᠬᠡ ᠦᠭᠡᠢ ᠭᠡᠵᠢ ᠤᠤ︖ 22 ᠪᠤᠷᠬᠠᠨ ᠠᠭᠤᠷ ᠢᠶᠠᠨ ᠭᠠᠷᠭᠠᠨ ᠬᠦᠴᠦ ᠪᠡᠨ ᠦᠵᠡᠭᠦᠯᠵᠦ ᠪᠣᠯᠬᠤ ᠪᠠᠢᠭᠰᠠᠨ ᠴᠤ ᠰᠦᠢᠷᠡᠯ ᠳᠦ ᠪᠡᠯᠡᠳᠬᠡᠭᠰᠡᠨ ᠠᠭᠤᠷ ᠬᠢᠯᠢᠩ ᠤᠨ ᠰᠠᠪᠠ ᠨᠤᠭᠤᠳ ᠢ ᠶᠡᠬᠡᠳᠡ ᠲᠡᠪᠴᠢᠶᠡᠷᠢ ᠲᠠᠢ ᠪᠠᠷ ᠬᠦᠯᠢᠴᠡᠭᠰᠡᠨ ᠪᠢᠰᠢ ᠤᠤ︖ ᠪᠠᠰᠠ 23 ᠤᠷᠢᠳᠤ ᠠᠴᠠ ᠪᠡᠯᠡᠳᠬᠡᠭᠰᠡᠨ ᠠᠯᠳᠠᠷ ᠰᠤᠤᠲᠤ ᠡᠨᠡᠷᠢᠯ ᠤᠨ ᠰᠠᠪᠠ ᠨᠤᠭᠤᠳ ᠢᠶᠠᠷ ᠥᠪᠡᠷ ᠦᠨ ᠢᠶᠠᠨ ᠦᠯᠡᠮᠵᠢ ᠠᠯᠳᠠᠷ ᠰᠤᠤ ᠶᠢ ᠮᠡᠳᠡᠭᠳᠡᠭᠰᠡᠨ ᠪᠢᠰᠢ ᠤᠤ︖ 24 ᠪᠤᠷᠬᠠᠨ ᠡᠨᠡᠷᠢᠯ ᠤᠨ ᠰᠠᠪᠠ ᠨᠤᠭᠤᠳ ᠪᠣᠯᠬᠤ ᠪᠢᠳᠡᠨ ᠢ ᠶᠦᠳᠠᠢᠴᠤᠳ ᠢᠶᠠᠷ ᠦᠯᠦ ᠪᠠᠷᠠᠮ᠂ ᠬᠠᠷᠢᠴᠤᠳ ᠤᠨ ᠳᠤᠮᠳᠠ ᠠᠴᠠ ᠴᠤ ᠳᠠᠭᠤᠳᠠᠭᠰᠠᠨ᠃ 25 ᠡᠭᠦᠨ ᠦ ᠲᠤᠬᠠᠢ ᠬᠣᠰᠧᠶ᠎ᠠ ᠨᠣᠮ ᠳᠤ᠄ 《ᠪᠢ ᠥᠪᠡᠷ ᠦᠨ ᠬᠢ ᠪᠤᠰᠤ ᠠᠷᠠᠳ ᠲᠦᠮᠡᠨ ᠢ 〈ᠥᠪᠡᠷ ᠦᠨ ᠠᠷᠠᠳ ᠲᠦᠮᠡᠨ〉 ᠭᠡᠵᠦ᠂ ᠬᠠᠢᠷᠠᠲᠤ ᠪᠤᠰᠤ ᠪᠠᠨ 〈ᠬᠠᠢᠷᠠᠲᠤ〉 ᠭᠡᠵᠦ ᠳᠠᠭᠤᠳᠠᠬᠤ ᠪᠣᠯᠣᠨ᠎ᠠ᠃ 26 ᠪᠠᠰᠠ ᠲᠡᠳᠡ 〈ᠲᠠ ᠨᠠᠷ ᠮᠢᠨᠦ ᠠᠷᠠᠳ ᠲᠦᠮᠡᠨ ᠪᠢᠰᠢ〉 ᠭᠡᠭᠳᠡᠭᠰᠡᠨ ᠭᠠᠵᠠᠷ ᠳᠡᠭᠡᠷ᠎ᠡ ᠪᠡᠨ 〈ᠠᠮᠢᠳᠤ ᠪᠤᠷᠬᠠᠨ ᠤ ᠬᠡᠦᠬᠡᠳ ᠤᠳ〉 ᠭᠡᠵᠦ ᠳᠠᠭᠤᠳᠠᠭᠳᠠᠬᠤ ᠪᠣᠯᠣᠨ᠎ᠠ》 ᠭᠡᠰᠡᠨ᠃
27 ᠢᠰᠠᠢᠶ᠎ᠠ ᠢᠰᠷᠧᠯ ᠤᠨ ᠲᠤᠬᠠᠢ ᠥᠨᠳᠥᠷ ᠳᠠᠭᠤ ᠪᠠᠷ᠄ 《ᠢᠰᠷᠧᠯᠴᠦᠳ ᠦᠨ ᠲᠣᠭ᠎ᠠ ᠳᠠᠯᠠᠢ ᠶᠢᠨ ᠡᠯᠡᠰᠦ ᠮᠡᠲᠦ ᠪᠠᠢᠯ᠎ᠠ ᠴᠤ ᠦᠯᠡᠳᠡᠭᠰᠡᠳ ᠨᠢ ᠯᠠ ᠠᠪᠤᠷᠠᠭᠳᠠᠨ᠎ᠠ᠃ 28 ᠤᠴᠢᠷ ᠨᠢ ᠡᠵᠡᠨ ᠠᠢᠯᠠᠳᠤᠭᠰᠠᠨ ᠢᠶᠠᠨ ᠭᠠᠵᠠᠷ ᠳᠡᠭᠡᠷ᠎ᠡ ᠭᠦᠢᠴᠡᠳ ᠲᠦᠷᠭᠡᠨ ᠪᠡᠶᠡᠯᠡᠭᠦᠯᠦᠨ᠎ᠡ》 ᠭᠡᠪᠡ᠃ 29 ᠤᠷᠢᠳᠠ ᠠᠴᠠ ᠢᠰᠠᠢᠶ᠎ᠠ᠄ 《ᠲᠦᠮᠡᠨ ᠴᠡᠷᠢᠭ ᠤᠨ ᠡᠵᠡᠨ ᠪᠢᠳᠡᠨ ᠳᠦ ᠦᠷ᠎ᠡ ᠬᠣᠢᠴᠢ ᠦᠯᠡᠳᠡᠭᠡᠭᠰᠡᠨ ᠦᠭᠡᠢ ᠪᠣᠯ᠂ ᠪᠢᠳᠡ ᠰᠣᠳᠣᠮ ᠰᠢᠭ᠋᠂ ᠭᠣᠮᠣᠷᠠ ᠮᠡᠲᠦ ᠪᠣᠯᠬᠤ ᠪᠠᠢᠭᠰᠠᠨ》 ᠭᠡᠰᠡᠨ ᠶᠤᠮ᠃
ᠢᠰᠷᠧᠯ ᠤᠨ ᠬᠣᠭᠣᠰᠣᠨ ᠴᠢᠷᠮᠠᠢᠯᠭ᠎ᠠ
30 ᠡᠳᠡᠭᠡᠷ ᠦᠨ ᠲᠤᠬᠠᠢ ᠪᠢᠳᠡ ᠶᠠᠭᠤ ᠬᠡᠯᠡᠬᠦ ᠪᠤᠢ︖ ᠵᠥᠪ ᠢ ᠬᠥᠭᠡᠭᠡᠴᠡᠯᠳᠦᠭᠡ ᠦᠭᠡᠢ ᠬᠠᠷᠢᠴᠤᠳ ᠵᠥᠪ᠂ ᠲᠤᠬᠠᠢᠯᠠᠪᠠᠯ ᠢᠲᠡᠭᠡᠯ ᠡᠴᠡ ᠰᠢᠯᠲᠠᠭᠠᠯᠠᠳᠠᠭ ᠵᠥᠪ ᠢ ᠣᠯᠣᠭᠰᠠᠨ ᠪᠠᠢᠬᠤ ᠳᠤ᠂ 31 ᠵᠥᠪ ᠦᠨ ᠬᠠᠤᠯᠢ ᠶᠢ ᠬᠥᠭᠡᠭᠡᠴᠡᠯᠳᠦᠭᠰᠡᠨ ᠢᠰᠷᠧᠯ ᠲᠡᠷᠡ ᠬᠠᠤᠯᠢ ᠳᠤ ᠬᠦᠷᠦᠭᠰᠡᠨ ᠦᠭᠡᠢ᠃ 32 ᠶᠠᠭᠤᠨ ᠤ ᠤᠴᠢᠷ ᠪᠤᠢ︖ ᠲᠡᠳᠡ ᠢᠲᠡᠭᠡᠯ ᠢᠶᠡᠷ ᠪᠢᠰᠢ᠂ ᠦᠢᠯᠡᠰ ᠢᠶᠡᠷ ᠬᠥᠭᠡᠭᠡᠴᠡᠯᠳᠦᠭᠰᠡᠨ᠃ ᠲᠡᠳᠡ ᠪᠦᠳᠦᠷᠢᠭᠦᠯᠦᠭᠴᠢ ᠴᠢᠯᠠᠭᠤᠨ ᠳᠤ ᠪᠦᠳᠦᠷᠢᠵᠡᠭᠡᠵᠡᠢ᠃ 33 ᠡᠨᠡ ᠨᠢ᠄ 《ᠬᠠᠷ᠎ᠠ᠂ ᠪᠢ ᠪᠦᠳᠦᠷᠢᠭᠦᠯᠬᠦ ᠴᠢᠯᠠᠭᠤ᠂ ᠣᠢᠴᠢᠭᠤᠯᠬᠤ ᠬᠠᠳᠠ ᠶᠢ ᠽᠢᠶᠣᠨ ᠳᠤ ᠲᠠᠯᠪᠢᠨ᠎ᠠ᠂ ᠲᠡᠭᠦᠨ ᠳᠦ ᠢᠲᠡᠭᠡᠭᠴᠢ ᠨᠢ ᠢᠴᠢᠭᠦᠷᠢ ᠳᠤ ᠣᠷᠣᠬᠤ ᠦᠭᠡᠢ》 ᠭᠡᠰᠡᠨ ᠲᠡᠢ ᠠᠳᠠᠯᠢ᠃