1 2 3 4 5 6 7 8 9 10 11 12 13 14 15 16


ᠷᠣᠮᠠ ᠠᠷᠪᠠᠨ ᠵᠢᠷᠭᠤᠭ᠎ᠠ
 ᠮᠡᠨᠳᠦᠴᠢᠯᠡᠭᠡ ᠪᠠ ᠬᠠᠢᠷ᠎ᠠ ᠶᠢᠨ ᠢᠯᠡᠷᠬᠡᠶᠢᠯᠡᠯᠲᠡ

1 ᠪᠢᠳᠡᠨ ᠦ ᠡᠭᠡᠴᠢ ᠹᠣᠢᠪᠧ ᠶᠢ ᠪᠢ ᠲᠠ ᠨᠠᠷ ᠲᠤ ᠲᠠᠨᠢᠯᠴᠠᠭᠤᠯᠤᠶ᠎ᠠ᠃ ᠲᠡᠷᠡ ᠪᠣᠯ ᠺᠧᠨᠬᠧᠷᠢᠶ᠎ᠠ ᠳᠠᠬᠢ ᠴᠢᠭᠤᠯᠭᠠᠨ ᠤ ᠳᠡᠮᠴᠢ ᠪᠢᠯᠡ᠃ 2 ᠲᠠ ᠨᠠᠷ ᠠᠷᠢᠭᠤᠨ ᠬᠥᠮᠦᠰ ᠦᠨ ᠶᠣᠰᠣᠭᠠᠷ ᠡᠵᠡᠨ ᠦ ᠳᠣᠲᠣᠷ᠎ᠠ ᠲᠡᠭᠦᠨ ᠢ ᠬᠦᠯᠢᠶᠡᠨ ᠠᠪᠴᠤ᠂ ᠲᠡᠭᠦᠨ ᠳᠦ ᠲᠤᠰᠠ ᠪᠣᠯᠬᠤ ᠠᠯᠢᠪᠠ ᠬᠡᠷᠡᠭ ᠲᠤᠨᠢ ᠲᠤᠰᠠᠯᠠᠭᠠᠷᠠᠢ᠃ ᠦᠨᠡᠨ ᠳᠡᠭᠡᠨ ᠣᠯᠠᠨ ᠬᠥᠮᠦᠨ ᠲᠡᠭᠦᠨ ᠦ ᠲᠤᠰᠠᠯᠠᠮᠵᠢ ᠶᠢ ᠬᠦᠯᠢᠶᠡᠨ ᠠᠪᠤᠭᠰᠠᠨ ᠪᠥᠭᠡᠳ ᠪᠢ ᠴᠤ ᠲᠡᠳᠡᠨ ᠦ ᠨᠢᠭᠡ ᠨᠢ ᠶᠤᠮ᠃

3 ᠾᠷᠢᠰᠲ᠋ᠣᠰ ᠢᠰᠦ᠋ᠰ ᠤᠨ ᠳᠣᠲᠣᠷ᠎ᠠ ᠨᠠᠳᠠ ᠲᠠᠢ ᠬᠠᠮᠲᠤᠷᠠᠨ ᠠᠵᠢᠯᠯᠠᠭᠴᠢ ᠫᠷᠢᠰᠺᠠ ᠪᠣᠯᠣᠨ ᠠᠺᠦ᠋ᠯᠠ ᠶᠢᠨ ᠠᠮᠤᠷ ᠢ ᠡᠷᠢᠭᠡᠷᠡᠢ᠃ 4 ᠲᠡᠳᠡ ᠮᠢᠨᠦ ᠠᠮᠢ ᠶᠢᠨ ᠲᠥᠯᠥᠭᠡ ᠲᠣᠯᠣᠭᠠᠢ ᠪᠠᠨ ᠴᠤ ᠥᠭᠬᠦ ᠭᠡᠵᠦ ᠪᠠᠢᠪᠠ᠂ ᠨᠠᠳᠠ ᠪᠠᠷ ᠦᠯᠦ ᠪᠠᠷᠠᠮ ᠬᠠᠷᠢᠴᠤᠳ ᠤᠨ ᠴᠢᠭᠤᠯᠭᠠᠨ ᠨᠤᠭᠤᠳ ᠴᠤ ᠪᠦᠭᠦᠳᠡᠭᠡᠷ ᠢᠶᠡᠨ ᠲᠡᠳᠡᠨ ᠳᠦ ᠲᠠᠯᠠᠷᠬᠠᠵᠤ ᠪᠠᠢᠨ᠎ᠠ᠃ 5 ᠲᠡᠳᠡᠨ ᠦ ᠭᠡᠷ ᠦᠨ ᠴᠢᠭᠤᠯᠭᠠᠨ ᠤ ᠠᠮᠤᠷ ᠢ ᠡᠷᠢᠶ᠎ᠡ᠃ ᠮᠢᠨᠦ ᠬᠠᠢᠷᠠᠲᠤ ᠧᠫᠠᠶᠧᠨᠧᠲ ᠤᠨ ᠠᠮᠤᠷ ᠢ ᠡᠷᠢᠭᠡᠷᠡᠢ᠃ ᠲᠡᠷᠡ ᠪᠣᠯ ᠠᠽᠢᠶ᠎ᠠ ᠮᠤᠵᠢ ᠳᠤ ᠾᠷᠢᠰᠲ᠋ᠣᠰ ᠤᠷᠤᠭᠤ ᠡᠷᠭᠢᠭᠰᠡᠨ ᠠᠩ᠋ᠬᠠᠨ ᠤ ᠢᠲᠡᠭᠡᠭᠴᠢ ᠪᠢᠯᠡ᠃ 6 ᠲᠠ ᠨᠠᠷ ᠤᠨ ᠲᠥᠯᠥᠭᠡ ᠶᠡᠬᠡᠳᠡ ᠵᠦᠳᠡᠷᠡᠭᠰᠡᠨ ᠮᠠᠷᠢᠶᠠ ᠶᠢᠨ ᠠᠮᠤᠷ ᠢ ᠡᠷᠢᠭᠡᠷᠡᠢ᠃ 7 ᠨᠠᠳᠠ ᠲᠠᠢ ᠬᠠᠮᠲᠤ ᠬᠣᠷᠢᠭᠳᠠᠵᠤ ᠪᠠᠢᠭᠰᠠᠨ ᠮᠢᠨᠦ ᠰᠠᠳᠤᠨ ᠠᠨᠳ᠋ᠷᠣᠨᠢᠺ ᠪᠣᠯᠣᠨ ᠶᠦᠨᠢᠶ᠎ᠠ ᠶᠢᠨ ᠠᠮᠤᠷ ᠢ ᠡᠷᠢᠶ᠎ᠡ᠂ ᠲᠡᠳᠡ ᠪᠣᠯ ᠰᠢᠳᠠᠷ ᠱᠠᠪᠢ ᠨᠠᠷ ᠤᠨ ᠳᠤᠮᠳᠠ ᠨᠡᠷ᠎ᠡ ᠴᠤᠤ ᠲᠠᠢ ᠪᠥᠭᠡᠳ ᠨᠠᠳᠠ ᠠᠴᠠ ᠤᠷᠢᠳᠠᠪᠠᠷ ᠾᠷᠢᠰᠲ᠋ᠣᠰ ᠤᠨ ᠳᠣᠲᠣᠷ᠎ᠠ ᠪᠠᠢᠭᠰᠠᠨ ᠶᠤᠮ᠃ 8 ᠡᠵᠡᠨ ᠦ ᠳᠣᠲᠣᠷᠠᠬᠢ ᠮᠢᠨᠦ ᠬᠠᠢᠷᠠᠯᠠᠳᠠᠭ ᠠᠮᠫᠯᠢᠶ᠎ᠠ ᠶᠢᠨ ᠠᠮᠤᠷ ᠢ ᠡᠷᠢᠭᠡᠷᠡᠢ᠃ 9 ᠾᠷᠢᠰᠲ᠋ᠣᠰ ᠤᠨ ᠳᠣᠲᠣᠷ᠎ᠠ ᠪᠢᠳᠡᠨ ᠲᠡᠢ ᠬᠠᠮᠲᠤᠷᠠᠨ ᠠᠵᠢᠯᠯᠠᠭᠴᠢ ᠦᠷᠪᠠᠨ ᠪᠣᠯᠣᠨ ᠮᠢᠨᠦ ᠬᠠᠢᠷᠠᠲᠤ ᠰᠲ᠋ᠠᠬᠦ᠋ ᠶᠢᠨ ᠠᠮᠤᠷ ᠢ ᠡᠷᠢᠶ᠎ᠡ᠃ 10 ᠾᠷᠢᠰᠲ᠋ᠣᠰ ᠳᠣᠲᠣᠷ᠎ᠠ ᠰᠠᠢᠰᠢᠶᠠᠭᠳᠠᠭᠰᠠᠨ ᠠᠫᠧᠯᠠ ᠶᠢᠨ ᠠᠮᠤᠷ ᠢ ᠡᠷᠢᠭᠡᠷᠡᠢ᠃ ᠠᠷᠢᠰᠲ᠋ᠣᠪᠦ᠋ᠯ ᠤᠨ ᠭᠡᠷ ᠦᠨ ᠬᠢᠨ ᠤ ᠠᠮᠤᠷ ᠢ ᠡᠷᠢᠭᠡᠷᠡᠢ᠃ 11 ᠮᠢᠨᠦ ᠰᠠᠳᠤᠨ ᠾᠧᠷᠣᠳᠢᠶᠣᠨ ᠤ ᠠᠮᠤᠷ ᠢ ᠡᠷᠢᠭᠡᠷᠡᠢ᠂ ᠨᠠᠷᠺᠢᠰ ᠤᠨ ᠭᠡᠷ ᠳᠠᠬᠢ ᠡᠵᠡᠨ ᠦ ᠳᠣᠲᠣᠷᠠᠬᠢ ᠬᠥᠮᠦᠰ ᠦᠨ ᠠᠮᠤᠷ ᠢ ᠡᠷᠢᠭᠡᠷᠡᠢ᠃ 12 ᠡᠵᠡᠨ ᠦ ᠳᠣᠲᠣᠷ᠎ᠠ ᠵᠦᠳᠡᠷᠡᠭᠰᠡᠨ ᠲᠷᠦ᠋ᠹᠠᠢᠨᠠ ᠪᠣᠯᠣᠨ ᠲᠷᠦ᠋ᠹᠣᠰᠠ ᠶᠢᠨ ᠠᠮᠤᠷ ᠢ ᠡᠷᠢᠭᠡᠷᠡᠢ᠃ ᠡᠵᠡᠨ ᠦ ᠳᠣᠲᠣᠷ᠎ᠠ ᠶᠡᠬᠡᠳᠡ ᠵᠦᠳᠡᠷᠡᠭᠰᠡᠨ ᠬᠠᠢᠷᠠᠲᠤ ᠫᠧᠷᠰᠢ ᠶᠢᠨ ᠠᠮᠤᠷ ᠢ ᠡᠷᠢᠭᠡᠷᠡᠢ᠃ 13 ᠡᠵᠡᠨ ᠦ ᠳᠣᠲᠣᠷ᠎ᠠ ᠰᠣᠩ᠋ᠭᠣᠭᠳᠠᠭᠰᠠᠨ ᠷᠦᠹ ᠪᠣᠯᠣᠨ ᠲᠡᠭᠦᠨ ᠦ ᠡᠵᠢ ᠶᠢᠨ ᠠᠮᠤᠷ ᠢ ᠡᠷᠢᠭᠡᠷᠡᠢ᠃ ᠲᠡᠭᠦᠨ ᠦ ᠡᠵᠢ ᠪᠣᠯ ᠮᠥᠨ ᠮᠢᠨᠦ ᠡᠵᠢ ᠶᠤᠮ᠃ 14 ᠠᠰᠦ᠋ᠨᠺᠷᠢᠲ᠂ ᠹᠯᠧᠭᠣᠨ᠂ ᠾᠧᠷᠮᠧ᠂ ᠫᠠᠲ᠋ᠷᠣᠪᠠ᠂ ᠾᠧᠷᠮᠠ ᠪᠣᠯᠣᠨ ᠲᠡᠳᠡᠨ ᠲᠡᠢ ᠬᠠᠮᠲᠤ ᠪᠠᠢᠭ᠎ᠠ ᠠᠬ᠎ᠠ ᠳᠡᠭᠦᠦᠰ ᠦᠨ ᠠᠮᠤᠷ ᠢ ᠡᠷᠢᠭᠡᠷᠡᠢ᠃ 15 ᠹᠢᠯᠣᠯᠣᠭ᠂ ᠶᠦᠯᠢᠶ᠎ᠠ᠂ ᠨᠧᠷᠢᠶᠣ᠋ ᠪᠣᠯᠣᠨ ᠲᠡᠭᠦᠨ ᠦ ᠥᠬᠢᠨ ᠳᠡᠭᠦᠦ ᠪᠠ ᠣᠯᠢᠮᠫᠠ᠂ ᠲᠡᠳᠡᠨ ᠲᠡᠢ ᠬᠠᠮᠲᠤ ᠪᠠᠢᠭ᠎ᠠ ᠠᠷᠢᠭᠤᠨ ᠬᠥᠮᠦᠰ ᠪᠦᠭᠦᠳᠡ ᠶᠢᠨ ᠠᠮᠤᠷ ᠢ ᠡᠷᠢᠭᠡᠷᠡᠢ᠃ 16 ᠠᠷᠢᠭᠤᠨ ᠦᠨᠦᠰᠦᠯᠲᠡ ᠪᠡᠷ ᠪᠡᠶ᠎ᠡ ᠪᠡᠶ᠎ᠡ ᠲᠠᠢ ᠪᠠᠨ ᠮᠡᠨᠳᠦᠴᠢᠯᠡᠭᠡᠷᠡᠢ᠃ ᠾᠷᠢᠰᠲ᠋ᠣᠰ ᠤᠨ ᠬᠠᠮᠤᠭ ᠴᠢᠭᠤᠯᠭᠠᠨ ᠲᠠ ᠨᠠᠷ ᠤᠨ ᠠᠮᠤᠷ ᠢ ᠡᠷᠢᠵᠦ ᠪᠠᠢᠨ᠎ᠠ᠃

17 ᠠᠬ᠎ᠠ ᠳᠡᠭᠦᠦ ᠨᠠᠷ ᠡ᠂ ᠲᠠ ᠨᠠᠷ ᠢ ᠢᠳᠬᠠᠶ᠎ᠠ᠃ ᠰᠤᠷᠤᠭᠰᠠᠨ ᠰᠤᠷᠭᠠᠯ ᠤᠨ ᠴᠢᠨᠢ ᠡᠰᠡᠷᠭᠦ ᠪᠡᠷ ᠬᠠᠭᠠᠷᠠᠯ ᠪᠠ ᠰᠠᠭᠠᠳ ᠤᠴᠠᠷᠠᠭᠤᠯᠳᠠᠭ ᠬᠥᠮᠦᠰ ᠡᠴᠡ ᠪᠣᠯᠭᠣᠮᠵᠢᠯᠠᠵᠤ ᠲᠡᠳᠡᠨ ᠡᠴᠡ ᠵᠠᠢᠯᠠᠭᠲᠤᠨ᠃ 18 ᠡᠳᠡᠭᠡᠷ ᠬᠥᠮᠦᠨ ᠪᠢᠳᠡᠨ ᠦ ᠡᠵᠡᠨ ᠾᠷᠢᠰᠲ᠋ᠣᠰ ᠲᠤ ᠦᠢᠯᠡᠴᠢᠯᠡᠳᠡᠭ᠌ ᠪᠢᠰᠢ᠂ ᠬᠠᠷᠢᠨ ᠥᠪᠡᠷ ᠦᠨ ᠢᠶᠠᠨ ᠭᠡᠳᠡᠰᠦᠨ ᠳᠦ ᠦᠢᠯᠡᠴᠢᠯᠡᠵᠦ᠂ ᠤᠷᠠᠨ ᠵᠥᠭᠡᠯᠡᠨ ᠦᠭᠡ ᠪᠡᠷ ᠭᠡᠨᠡᠨ ᠬᠥᠮᠦᠰ ᠦᠨ ᠰᠡᠳᠬᠢᠯ ᠰᠠᠨᠠᠭ᠎ᠠ ᠶᠢ ᠮᠡᠬᠡᠯᠡᠵᠦ ᠪᠠᠢᠳᠠᠭ᠃ 19 ᠲᠠ ᠨᠠᠷ ᠤᠨ ᠳᠤᠭᠤᠯᠭᠠᠪᠤᠷᠢᠲᠠᠢ ᠪᠠᠢᠳᠠᠭ ᠨᠢ ᠬᠠᠮᠤᠭ ᠬᠥᠮᠦᠨ ᠦ ᠳᠤᠮᠳᠠ ᠳᠠᠭᠤᠷᠢᠰᠤᠭᠰᠠᠨ᠃ ᠡᠢᠮᠦ ᠡᠴᠡ ᠪᠢ ᠲᠠ ᠨᠠᠷ ᠠᠴᠠ ᠪᠣᠯᠵᠤ ᠪᠠᠶᠠᠷᠯᠠᠵᠤ ᠪᠠᠢᠨ᠎ᠠ᠃ ᠲᠠ ᠨᠠᠷ ᠰᠠᠢᠨ ᠳᠤ ᠮᠡᠷᠭᠡᠨ᠂ ᠮᠠᠭᠤ ᠲᠠᠢ ᠬᠣᠯᠪᠣᠭ᠎ᠠ ᠦᠭᠡᠢ ᠪᠠᠢᠭᠠᠷᠠᠢ᠃ 20 ᠠᠮᠤᠭᠤᠯᠠᠩ ᠤᠨ ᠪᠤᠷᠬᠠᠨ ᠪᠡᠷ ᠰᠠᠲ᠋ᠠᠨ ᠢ ᠲᠠ ᠨᠠᠷ ᠤᠨ ᠬᠥᠯ ᠳᠣᠣᠷ᠎ᠠ ᠤᠳᠠᠯ ᠦᠭᠡᠢ ᠪᠢᠴᠠᠯᠬᠤ ᠪᠣᠯᠣᠨ᠎ᠠ᠃ ᠪᠢᠳᠡᠨ ᠦ ᠡᠵᠡᠨ ᠢᠰᠦ᠋ᠰ ᠤᠨ ᠢᠪᠡᠭᠡᠯ ᠲᠠ ᠨᠠᠷ ᠲᠠᠢ ᠬᠠᠮᠲᠤ ᠪᠠᠢᠬᠤ ᠪᠣᠯᠲᠤᠭᠠᠢ᠃

21 ᠨᠠᠳᠠ ᠲᠠᠢ ᠬᠠᠮᠲᠤᠷᠠᠨ ᠠᠵᠢᠯᠯᠠᠭᠴᠢ ᠲᠢᠮᠣᠲ ᠬᠢᠭᠡᠳ ᠮᠢᠨᠦ ᠰᠠᠳᠤᠨ ᠯᠦᠺᠢ᠂ ᠶᠠᠰᠣᠩ᠂ ᠰᠣᠰᠢᠫᠠᠲ᠋ᠧᠷ ᠲᠠ ᠨᠠᠷ ᠤᠨ ᠠᠮᠤᠷ ᠢ ᠡᠷᠢᠵᠦ ᠪᠠᠢᠨ᠎ᠠ᠃

22 ᠡᠨᠡ ᠵᠠᠬᠢᠳᠠᠯ ᠢ ᠪᠢᠴᠢᠭ᠍ᠴᠢ ᠲᠧᠷᠲ᠋ᠢ ᠪᠢ ᠪᠠᠷ ᠡᠵᠡᠨ ᠦ ᠳᠣᠲᠣᠷ᠎ᠠ ᠲᠠ ᠨᠠᠷ ᠤᠨ ᠠᠮᠤᠷ ᠢ ᠡᠷᠢᠵᠦ ᠪᠠᠢᠨ᠎ᠠ᠃

23 ᠨᠠᠮᠠᠶᠢ ᠪᠣᠯᠣᠨ ᠪᠦᠬᠦ ᠴᠢᠭᠤᠯᠭᠠᠨ ᠢ ᠵᠣᠴᠢᠯᠠᠭᠴᠢ ᠭᠠᠢᠶᠣ᠋ ᠲᠠ ᠨᠠᠷ ᠤᠨ ᠠᠮᠤᠷ ᠢ ᠡᠷᠢᠵᠦ ᠪᠠᠢᠨ᠎ᠠ᠃ ᠬᠣᠲᠠ ᠶᠢᠨ ᠬᠥᠮᠥᠷᠭᠡ ᠶᠢᠨ ᠨᠢᠷᠪᠠ ᠧᠷᠠᠰᠲ ᠪᠠ ᠳᠡᠭᠦᠦ ᠭᠦᠶᠠᠷᠲ ᠲᠠ ᠨᠠᠷ ᠤᠨ ᠠᠮᠤᠷ ᠢ ᠡᠷᠢᠵᠦ ᠪᠠᠢᠨ᠎ᠠ᠃ 24 〔ᠪᠢᠳᠡᠨ ᠦ ᠡᠵᠡᠨ ᠢᠰᠦ᠋ᠰ ᠾᠷᠢᠰᠲ᠋ᠣᠰ ᠤᠨ ᠢᠪᠡᠭᠡᠯ ᠲᠠ ᠪᠦᠬᠦᠨ ᠲᠡᠢ ᠬᠠᠮᠲᠤ ᠪᠠᠢᠬᠤ ᠪᠣᠯᠲᠤᠭᠠᠢ᠃ ᠠᠮᠧᠨ︕〕 25-26 [ᠥᠨᠢ ᠡᠷᠲᠡ ᠴᠠᠭ ᠠᠴᠠ ᠨᠢᠭᠤᠭᠳᠠᠵᠤ ᠪᠠᠢᠭᠰᠠᠨ ᠪᠣᠯᠪᠠᠴᠤ ᠬᠠᠮᠤᠭ ᠬᠠᠷᠢᠴᠤᠳ ᠲᠤ ᠮᠡᠳᠡᠭᠳᠡᠨ ᠲᠡᠳᠡᠨ ᠢ ᠳᠤᠭᠤᠯᠭᠠᠪᠤᠷᠢᠲᠠᠢ ᠢᠲᠡᠭᠡᠭᠦᠯᠬᠦ ᠶᠢᠨ ᠲᠤᠯᠠᠳᠠ ᠮᠥᠩᠬᠡ ᠶᠢᠨ ᠪᠤᠷᠬᠠᠨ ᠤ ᠵᠠᠷᠯᠢᠭ ᠢ ᠳᠠᠭᠠᠵᠤ᠂ ᠡᠰᠢ ᠦᠵᠡᠭᠦᠯᠦᠭᠴᠢᠳ ᠤᠨ ᠪᠢᠴᠢᠭ ᠪᠠᠷᠢᠮᠲᠠ ᠪᠠᠷ ᠡᠳᠦᠭᠡ ᠢᠯᠡ ᠭᠠᠷᠤᠭᠰᠠᠨ ᠨᠢᠭᠤᠴᠠ ᠶᠢᠨ ᠢᠯᠡᠷᠬᠡᠶᠢᠯᠡᠯᠭᠡ ᠪᠡᠷ᠂ ᠪᠠᠰᠠ ᠮᠢᠨᠦ ᠪᠠᠶᠠᠷ ᠤᠨ ᠮᠡᠳᠡᠭᠡ ᠪᠣᠯᠣᠨ ᠢᠰᠦ᠋ᠰ ᠾᠷᠢᠰᠲ᠋ᠣᠰ ᠤᠨ ᠲᠤᠬᠠᠢ ᠰᠤᠷᠭᠠᠯ ᠢᠶᠠᠷ ᠲᠠ ᠨᠠᠷ ᠢ ᠪᠠᠲᠤᠳᠬᠠᠬᠤ ᠴᠢᠳᠠᠯ ᠲᠠᠢ ᠨᠢᠭᠡᠨ ᠳᠦ᠂ 27 ᠲᠤᠬᠠᠢᠯᠠᠪᠠᠯ ᠴᠣᠷ ᠤᠨ ᠭᠠᠭᠴᠠ ᠮᠡᠷᠭᠡᠨ ᠪᠤᠷᠬᠠᠨ ᠳᠤ ᠢᠰᠦ᠋ᠰ ᠾᠷᠢᠰᠲ᠋ᠣᠰ ᠢᠶᠠᠷ ᠳᠠᠮᠵᠢᠨ ᠠᠯᠳᠠᠷ ᠰᠤᠤ ᠮᠥᠩᠬᠡᠳᠡ ᠪᠠᠢᠬᠤ ᠪᠣᠯᠲᠤᠭᠠᠢ᠃ ᠠᠮᠧᠨ︕]