1 2 3 4 5 6 7 8 9 10 11 12 13 14 15 16


ᠷᠣᠮᠠ ᠠᠷᠪᠠᠨ ᠬᠣᠶᠠᠷ
 ᠾᠷᠢᠰᠲ᠋ᠣᠰ ᠲᠤ ᠡᠷᠭᠦᠭᠰᠡᠨ ᠰᠢᠨ᠎ᠡ ᠠᠮᠢᠳᠤᠷᠠᠯ

1 ᠲᠡᠢᠮᠦ ᠡᠴᠡ ᠠᠬ᠎ᠠ ᠳᠡᠭᠦᠦ ᠨᠠᠷ ᠡ᠂ ᠪᠤᠷᠬᠠᠨ ᠤ ᠥᠷᠥᠪᠳᠥᠯ ᠢᠶᠡᠷ ᠲᠠ ᠨᠠᠷ ᠲᠤ ᠤᠷᠢᠶᠠᠯᠠᠵᠤ ᠪᠠᠢᠨ᠎ᠠ᠂ ᠪᠡᠶ᠎ᠡ ᠪᠡᠨ ᠪᠤᠷᠬᠠᠨ ᠳᠤ ᠲᠠᠭᠠᠯᠠᠭᠳᠠᠬᠤ ᠠᠷᠢᠭᠤᠨ᠂ ᠠᠮᠢᠳᠤ ᠲᠠᠬᠢᠯ ᠪᠣᠯᠭᠠᠨ ᠡᠷᠭᠦᠭᠲᠦᠨ᠂ ᠲᠠ ᠨᠠᠷ ᠤᠨ ᠰᠦᠨᠡᠰᠦᠯᠢᠭ 11 ᠮᠥᠷᠭᠥᠯ ᠪᠣᠯ ᠡᠨᠡ᠃ 2 ᠡᠨᠡ ᠶᠢᠷᠲᠢᠨᠴᠦ ᠳᠦ ᠪᠦᠦ ᠠᠭᠤᠰ᠂ ᠬᠠᠷᠢᠨ ᠰᠠᠨᠠᠭ᠎ᠠ ᠪᠠᠨ ᠰᠢᠨᠡᠴᠢᠯᠡᠨ ᠥᠭᠡᠷᠡᠴᠢᠯᠡᠭᠲᠦᠨ︕ ᠲᠡᠭᠡᠪᠡᠯ ᠪᠤᠷᠬᠠᠨ ᠤ ᠰᠠᠢᠨ᠂ ᠲᠠᠭᠠᠯᠠᠮᠵᠢᠲᠠᠢ᠂ ᠲᠡᠭᠦᠯᠳᠡᠷ ᠲᠠᠭᠠᠯᠠᠯ ᠶᠠᠭᠤ ᠪᠣᠯᠬᠤ ᠶᠢ ᠲᠠᠨᠢᠬᠤ ᠪᠣᠯᠣᠨ᠎ᠠ᠃

3 ᠨᠠᠳᠠ ᠳᠤ ᠰᠣᠶᠣᠷᠬᠠᠭᠰᠠᠨ ᠢᠪᠡᠭᠡᠯ ᠢᠶᠡᠷ ᠲᠠ ᠪᠦᠭᠦᠳᠡ ᠳᠦ ᠬᠡᠯᠡᠶ᠎ᠡ᠃ ᠥᠪᠡᠷ ᠦᠨ ᠢᠶᠠᠨ ᠲᠤᠬᠠᠢ ᠪᠣᠳᠣᠬᠤ ᠶᠣᠰᠣᠲᠠᠢ ᠠᠴᠠ ᠪᠠᠨ ᠢᠯᠡᠭᠦᠦ ᠪᠡᠷ ᠪᠦᠦ ᠪᠣᠳᠣ᠂ ᠬᠠᠷᠢᠨ ᠪᠤᠷᠬᠠᠨ ᠤ ᠬᠥᠮᠦᠨ ᠪᠦᠷᠢ ᠳᠤ ᠬᠤᠪᠢᠶᠠᠭᠰᠠᠨ ᠢᠲᠡᠭᠡᠯ ᠦᠨ ᠬᠡᠮᠵᠢᠶᠡᠨ ᠦ ᠶᠣᠰᠣ ᠪᠠᠷ ᠴᠢᠬᠢᠮᠠᠢ ᠪᠣᠳᠣ︕ 4 ᠭᠠᠭᠴᠠ ᠪᠡᠶ᠎ᠡ ᠳᠦ ᠣᠯᠠᠨ ᠡᠷᠬᠡᠲᠡᠨ ᠪᠠᠢᠳᠠᠭ ᠴᠤ ᠡᠷᠬᠡᠲᠡᠨ ᠪᠣᠯᠭᠠᠨ ᠨᠢ ᠠᠳᠠᠯᠢ ᠪᠤᠰᠤ ᠴᠢᠳᠠᠪᠬᠢ ᠲᠠᠢ ᠪᠠᠢᠳᠠᠭ ᠤᠨ ᠠᠳᠠᠯᠢ᠂ 5 ᠪᠢᠳᠡ ᠣᠯᠠᠭᠤᠯᠠ ᠪᠠᠨ ᠾᠷᠢᠰᠲ᠋ᠣᠰ ᠤᠨ ᠳᠣᠲᠣᠷ᠎ᠠ ᠭᠠᠭᠴᠠ ᠪᠡᠶ᠎ᠡ ᠪᠣᠯᠣᠭᠰᠠᠨ ᠴᠤ᠂ ᠨᠢᠭᠡ ᠨᠢᠭᠡᠨ ᠳᠡᠭᠡᠨ ᠡᠷᠬᠡᠲᠡᠨ ᠪᠣᠯᠳᠠᠭ᠃ 6 ᠪᠢᠳᠡᠨ ᠦ ᠬᠥᠮᠦᠨ ᠪᠦᠷᠢ ᠢᠪᠡᠭᠡᠭᠳᠡᠭᠰᠡᠨ ᠶᠣᠰᠣᠭᠠᠷ ᠢᠶᠠᠨ ᠥᠭᠡᠷ᠎ᠡ ᠥᠭᠡᠷ᠎ᠡ ᠰᠣᠶᠣᠷᠬᠠᠯ ᠲᠠᠢ᠃ ᠡᠰᠢ ᠦᠵᠡᠭᠦᠯᠦᠯᠭᠡ ᠶᠢ ᠢᠲᠡᠭᠡᠯ ᠦᠨ ᠬᠡᠮᠵᠢᠶ᠎ᠡ ᠪᠡᠷ 12 7 ᠦᠢᠯᠡᠴᠢᠯᠡᠯ ᠢ ᠦᠢᠯᠡᠴᠢᠯᠡᠯ ᠢᠶᠡᠷ᠂ ᠰᠤᠷᠭᠠᠭᠴᠢ ᠨᠢ ᠰᠤᠷᠭᠠᠯ ᠢᠶᠠᠷ 8 ᠵᠣᠷᠢᠭᠵᠢᠭᠤᠯᠤᠭᠴᠢ ᠨᠢ ᠵᠣᠷᠢᠭᠵᠢᠭᠤᠯᠤᠯ ᠢᠶᠠᠷ᠂ ᠥᠭᠯᠢᠭᠡᠴᠢ ᠨᠢ ᠴᠡᠪᠡᠷ ᠰᠡᠳᠬᠢᠯ ᠢᠶᠡᠷ᠂ ᠤᠳᠤᠷᠢᠳᠤᠭᠴᠢ ᠨᠢ ᠴᠢᠷᠮᠠᠢᠯᠲᠠ ᠪᠠᠷ᠂ ᠡᠨᠡᠷᠢᠭ᠍ᠴᠢ ᠨᠢ ᠪᠠᠶᠠᠷ ᠲᠠᠢ ᠪᠠᠷ ᠠᠰᠢᠭᠯᠠᠬᠳᠤᠨ᠃
 ᠰᠢᠨ᠎ᠡ ᠠᠮᠢᠳᠤᠷᠠᠯ ᠤᠨ ᠵᠢᠭᠠᠪᠤᠷᠢ

9 ᠬᠠᠢᠷ᠎ᠠ ᠨᠢ ᠬᠣᠶᠠᠷ ᠨᠢᠭᠤᠷ ᠦᠭᠡᠢ᠃ ᠮᠠᠭᠤ ᠶᠢ ᠵᠢᠭ᠍ᠰᠢ᠂ ᠰᠠᠢᠨ ᠢ ᠪᠠᠷᠢᠮᠲᠠᠯᠠ᠃ 10 ᠠᠬ᠎ᠠ ᠳᠡᠭᠦᠦᠰ ᠦᠨ ᠬᠠᠢᠷ᠎ᠠ ᠪᠠᠷ ᠪᠡᠶ᠎ᠡ ᠪᠡᠶ᠎ᠡ ᠳᠡᠭᠡᠨ ᠡᠯᠢᠭᠡᠰᠡᠭ ᠪᠠᠢ᠃ ᠪᠤᠰᠤᠳ ᠠᠴᠠ ᠲᠦᠷᠦᠭᠦᠯᠡᠨ ᠪᠡᠶ᠎ᠡ ᠪᠡᠶ᠎ᠡ ᠪᠡᠨ ᠬᠦᠨᠳᠦᠳᠬᠡ᠃ 11 ᠴᠢᠷᠮᠠᠢᠯᠲᠠ ᠲᠠᠢ᠂ ᠵᠠᠯᠬᠠᠭᠤ ᠦᠭᠡᠢ᠂ ᠬᠠᠯᠠᠭᠤᠨ ᠰᠡᠳᠬᠢᠯ ᠢᠶᠠᠷ ᠡᠵᠡᠨ ᠳᠦ ᠵᠠᠷᠤᠭᠳᠠ᠃ 12 ᠡᠷᠡᠮᠡᠯᠵᠡᠯ ᠳᠡᠭᠡᠨ ᠪᠠᠶᠠᠰ᠂ ᠵᠣᠪᠠᠯᠠᠩ ᠳᠠᠭᠠᠨ ᠲᠡᠰᠪᠦᠷᠢᠯᠡ᠂ ᠳᠠᠭᠠᠳᠬᠠᠯ ᠳᠠᠭᠠᠨ ᠲᠤᠤᠱᠲᠠᠢ ᠪᠠᠢ᠃ 13 ᠠᠷᠢᠭᠤᠨ ᠬᠥᠮᠦᠰ ᠦᠨ ᠬᠡᠷᠡᠭᠴᠡᠭᠡ ᠶᠢ ᠬᠠᠩ᠋ᠭ᠎ᠠ᠂ ᠵᠣᠴᠢᠨᠰᠠᠭ ᠪᠠᠢ᠃

14 ᠬᠠᠪᠴᠢᠭᠴᠢᠳ ᠢᠶᠠᠨ ᠢᠷᠥᠭᠡ᠃ ᠢᠷᠥᠭᠡ᠂ ᠪᠦᠦ ᠬᠠᠷᠢᠶᠠ᠃ 15 ᠪᠠᠶᠠᠰᠤᠭᠴᠢᠳ ᠲᠠᠢ ᠬᠠᠮᠲᠤ ᠪᠠᠶᠠᠰ᠂ ᠤᠬᠢᠯᠠᠭᠴᠢᠳ ᠲᠠᠢ ᠬᠠᠮᠲᠤ ᠤᠬᠢᠯᠠ᠃ 16 ᠪᠤᠰᠤᠳ ᠲᠠᠢ ᠪᠠᠨ ᠨᠢᠭᠡ ᠰᠠᠨᠠᠭ᠎ᠠ ᠲᠠᠢ ᠪᠠᠢ᠂ ᠳᠡᠭᠡᠷᠡᠩᠭᠦᠢ ᠵᠠᠩ ᠪᠦᠦ ᠭᠠᠷᠭ᠎ᠠ᠂ ᠬᠠᠷᠢᠨ ᠳᠣᠣᠷᠠᠳᠤᠰ ᠲᠠᠢ ᠨᠠᠢᠵᠠᠯᠠ᠂ ᠥᠪᠡᠷ ᠢ ᠪᠠᠨ ᠤᠬᠠᠭᠠᠨ ᠲᠠᠢ ᠭᠡᠵᠦ ᠪᠦᠦ ᠪᠣᠳᠣ᠃ 17 ᠬᠡᠨ ᠳᠦ ᠴᠤ ᠮᠠᠭᠤ ᠶᠢ ᠨᠢ ᠮᠠᠭᠤ ᠪᠠᠷ ᠪᠦᠦ ᠬᠠᠷᠢᠭᠤᠯ᠃ ᠪᠦᠬᠦᠨ ᠦ ᠨᠢᠳᠦᠨ ᠳᠦ ᠰᠠᠢᠨ ᠰᠠᠢᠬᠠᠨ ᠢ ᠰᠠᠨᠠᠭᠠᠴᠢᠯᠠ᠃ 18 ᠲᠠ ᠨᠠᠷ ᠠᠯᠢ ᠴᠢᠳᠠᠬᠤ ᠪᠠᠷ ᠬᠥᠮᠦᠨ ᠪᠦᠬᠦᠨ ᠲᠡᠢ ᠡᠶ᠎ᠡ ᠲᠠᠢ ᠪᠠᠢᠵᠠᠭ᠎ᠠ᠃ 19 ᠬᠠᠢᠷᠠᠲᠤ ᠨᠤᠭᠤᠳ ᠡ᠂ ᠥᠰᠢᠶ᠎ᠡ ᠪᠡᠨ ᠥᠪᠡᠷ ᠢᠶᠡᠨ ᠪᠦᠦ ᠠᠪ᠂ ᠪᠤᠷᠬᠠᠨ ᠤ ᠬᠢᠯᠢᠩ ᠳᠤ ᠵᠠᠢ ᠦᠯᠡᠳᠡᠭᠡ᠃ 《〈ᠥᠰᠢᠶ᠎ᠡ ᠠᠪᠤᠯᠲᠠ ᠨᠢ ᠮᠢᠨᠦᠬᠢ᠂ ᠪᠢ ᠬᠠᠷᠢᠭᠤᠯᠤᠨ᠎ᠠ〉 ᠬᠡᠮᠡᠨ ᠡᠵᠡᠨ ᠠᠢᠯᠠᠳᠴᠤ ᠪᠠᠢᠨ᠎ᠠ᠃》 20 ᠲᠡᠢᠮᠦ ᠡᠴᠡ 《ᠥᠰᠲᠡᠨ ᠴᠢᠨᠢ ᠥᠯᠥᠰᠥᠭᠰᠡᠨ ᠪᠣᠯ ᠬᠣᠭᠣᠯᠠ ᠥᠭ᠂ ᠴᠠᠩ᠋ᠭᠠᠭᠰᠠᠨ ᠪᠣᠯ ᠤᠰᠤ ᠥᠭ᠂ ᠡᠢᠨ ᠬᠦ ᠴᠢ ᠲᠡᠭᠦᠨ ᠦ ᠲᠣᠯᠣᠭᠠᠢ ᠳᠡᠭᠡᠷ᠎ᠡ ᠭᠠᠯ ᠲᠠᠢ ᠨᠡᠭᠦᠷᠡᠰᠦ ᠣᠪᠣᠭᠠᠯᠠᠨ᠎ᠠ᠃》 21 ᠮᠠᠭᠤ ᠳᠤ ᠪᠦᠦ ᠳᠡᠢᠯᠦᠭᠳᠡ᠂ ᠬᠠᠷᠢᠨ ᠰᠠᠢᠨ ᠢᠶᠠᠷ ᠮᠠᠭᠤ ᠶᠢ ᠳᠡᠢᠯᠦᠭᠡᠷᠡᠢ᠃