1 2 3 4 5 6 7 8 9 10 11 12 13 14 15 16


ᠷᠣᠮᠠ ᠳᠥᠷᠪᠡ
 ᠠᠪᠷᠠᠬᠠᠮ ᠤᠨ ᠵᠢᠱᠢᠶ᠎ᠡ

1 ᠪᠢᠳᠡᠨ ᠦ ᠡᠪᠦᠭᠡ ᠳᠡᠭᠡᠳᠦᠰ ᠠᠪᠷᠠᠬᠠᠮ ᠡᠨᠡ ᠲᠤᠬᠠᠢ ᠶᠠᠭᠤ ᠣᠢᠯᠠᠭᠠᠭᠰᠠᠨ ᠭᠡᠵᠦ ᠪᠢᠳᠡ ᠬᠡᠯᠡᠬᠦ ᠪᠤᠢ︖ 2 ᠬᠡᠷᠪᠡ ᠠᠪᠷᠠᠬᠠᠮ ᠦᠢᠯᠡᠰ ᠢᠶᠡᠷ ᠵᠥᠪᠲᠥᠭᠡᠭᠳᠡᠭᠰᠡᠨ ᠪᠣᠯ ᠰᠠᠢᠷᠬᠠᠬᠤ ᠶᠠᠭᠤᠮ᠎ᠠ ᠲᠠᠢ ᠪᠠᠢᠬᠤ ᠰᠠᠨ᠂ ᠭᠡᠪᠡᠴᠦ ᠪᠤᠷᠬᠠᠨ ᠤ ᠡᠮᠦᠨ᠎ᠡ ᠲᠡᠢᠮᠦ ᠪᠢᠰᠢ ᠪᠠᠢᠭᠰᠠᠨ᠃ 3 ᠠᠷᠢᠭᠤᠨ ᠨᠣᠮ ᠶᠠᠭᠤ ᠭᠡᠵᠦ ᠪᠠᠢᠨ᠎ᠠ︖ 《ᠠᠪᠷᠠᠬᠠᠮ ᠪᠤᠷᠬᠠᠨ ᠳᠤ ᠢᠲᠡᠭᠡᠭᠰᠡᠨ ᠢᠶᠡᠷ ᠢᠶᠠᠨ ᠵᠥᠪ ᠲᠤ ᠲᠣᠭᠠᠴᠠᠭᠳᠠᠪᠠ》 ᠭᠡᠵᠡᠢ᠃ 4 ᠠᠵᠢᠯᠴᠢᠨ ᠤ ᠬᠥᠯᠥᠰᠥ ᠨᠢ ᠢᠪᠡᠭᠡᠯ ᠪᠢᠰᠢ᠂ ᠠᠪᠴᠠᠭ᠎ᠠ ᠳᠤ ᠲᠣᠭᠠᠴᠠᠭᠳᠠᠳᠠᠭ᠃ 5 ᠬᠠᠷᠢᠨ ᠦᠢᠯᠡᠰ ᠦᠭᠡᠢ ᠨᠢᠭᠡᠨ ᠨᠢ ᠰᠦᠰᠦᠭ ᠦᠭᠡᠢ ᠪᠠᠢᠭᠰᠠᠨ ᠬᠥᠮᠦᠨ ᠢ ᠴᠤ ᠵᠥᠪᠲᠥᠭᠡᠵᠦ ᠴᠢᠳᠠᠬᠤ ᠪᠤᠷᠬᠠᠨ ᠳᠤ ᠢᠲᠡᠭᠡᠪᠡᠯ ᠢᠲᠡᠭᠡᠯ ᠨᠢ ᠵᠥᠪ ᠭᠡᠵᠦ ᠲᠣᠭᠠᠴᠠᠭᠳᠠᠳᠠᠭ᠃ 6 ᠳ᠋ᠠᠸᠢᠳ᠋ ᠴᠤ ᠦᠢᠯᠡᠰ ᠡᠴᠡ ᠠᠩᠭᠢᠳᠠ ᠪᠤᠷᠬᠠᠨ ᠳᠤ ᠵᠥᠪᠲᠦ ᠭᠡᠵᠦ ᠲᠣᠭᠠᠴᠠᠭᠳᠠᠬᠤ ᠪᠤᠶᠠᠨᠲᠤ ᠬᠥᠮᠦᠨ ᠦ ᠲᠤᠬᠠᠢ᠄ 7 《ᠪᠤᠷᠤᠭᠤ ᠪᠠᠨ ᠠᠭᠤᠴᠢᠯᠠᠭᠤᠯᠤᠭᠰᠠᠨ᠂ ᠨᠢᠭᠦᠯ ᠢᠶᠡᠨ ᠪᠦᠲᠡᠭᠡᠯᠭᠡᠭᠰᠡᠨ ᠬᠥᠮᠦᠰ ᠪᠤᠶᠠᠨ ᠲᠠᠢ︕ 8 ᠡᠵᠡᠨ ᠳᠦ ᠨᠢᠭᠦᠯ ᠲᠡᠢ ᠭᠡᠵᠦ ᠲᠣᠭᠠᠴᠠᠭᠳᠠᠭᠤ ᠦᠭᠡᠢ ᠬᠥᠮᠦᠨ ᠪᠤᠶᠠᠨ ᠲᠠᠢ︕》 ᠭᠡᠰᠡᠨ᠃

9 ᠪᠤᠶᠠᠨ ᠲᠠᠢ ᠬᠡᠮᠡᠬᠦ ᠲᠤᠩ᠋ᠬᠠᠭᠯᠠᠯ ᠨᠢ ᠵᠥᠪᠬᠡᠨ ᠬᠥᠪᠴᠢᠷᠬᠡᠢ ᠬᠥᠨᠳᠡᠭᠦᠯᠦᠭᠴᠢᠳ ᠤᠨ ᠲᠤᠬᠠᠢ ᠶᠤᠮ ᠤᠤ︖ ᠡᠰᠡᠪᠡᠯ ᠬᠥᠪᠴᠢᠷᠬᠡᠢ ᠦᠯᠦ ᠬᠥᠨᠳᠡᠭᠦᠯᠦᠭᠴᠢᠳ ᠲᠤ ᠴᠤ ᠲᠣᠬᠢᠷᠠᠬᠤ ᠶᠤᠮ ᠤᠤ︖ ᠠᠪᠷᠠᠬᠠᠮ ᠢᠲᠡᠭᠡᠯ ᠢᠶᠡᠷ ᠢᠶᠠᠨ ᠵᠥᠪ ᠲᠤ ᠲᠣᠭᠠᠴᠠᠭᠳᠠᠪᠠ ᠭᠡᠵᠦ ᠪᠢᠳᠡ ᠬᠡᠯᠡᠯ᠎ᠡ᠃ 10 ᠲᠡᠷᠡ ᠶᠠᠭᠠᠬᠢᠵᠤ ᠲᠡᠢᠨ ᠬᠦ ᠲᠣᠭᠠᠴᠠᠭᠳᠠᠭᠰᠠᠨ ᠪᠤᠢ︖ ᠬᠥᠪᠴᠢᠷᠬᠡᠢ ᠬᠥᠨᠳᠡᠭᠦᠯᠦᠭᠰᠡᠨ ᠦ ᠳᠠᠷᠠᠭ᠎ᠠ ᠤᠤ︖ ᠡᠰᠡᠪᠡᠯ ᠬᠥᠪᠴᠢᠷᠬᠡᠢ ᠬᠥᠨᠳᠡᠭᠦᠯᠬᠦ ᠶᠢᠨ ᠡᠮᠦᠨ᠎ᠡ ᠤᠤ︖ ᠬᠥᠨᠳᠡᠭᠦᠯᠦᠭᠰᠡᠨ ᠦ ᠳᠠᠷᠠᠭ᠎ᠠ ᠪᠢᠰᠢ᠂ ᠬᠥᠨᠳᠡᠭᠦᠯᠬᠦ ᠶᠢᠨ ᠡᠮᠦᠨ᠎ᠡ ᠶᠤᠮ᠃ 11 ᠠᠪᠷᠠᠬᠠᠮ ᠤᠨ ᠬᠦᠷᠲᠡᠭᠰᠡᠨ ᠬᠥᠪᠴᠢᠷᠬᠡᠢ ᠬᠥᠨᠳᠡᠯᠲᠡ ᠶᠢᠨ ᠲᠡᠮᠳᠡᠭ ᠨᠢ ᠬᠥᠪᠴᠢᠷᠬᠡᠢ ᠬᠥᠨᠳᠡᠭᠦᠯᠬᠦ ᠶᠢᠨ ᠡᠮᠦᠨ᠎ᠡ ᠢᠲᠡᠭᠡᠯ ᠢᠶᠡᠷ ᠵᠥᠪᠲᠥᠭᠡᠭᠳᠡᠭᠰᠡᠨ ᠦ ᠬᠢᠨᠢ ᠪᠠᠲᠤᠯᠠᠭ᠎ᠠ ᠪᠠᠢᠵᠠᠢ᠃ ᠲᠡᠢᠨ ᠬᠦ ᠠᠪᠷᠠᠬᠠᠮ ᠬᠥᠪᠴᠢᠷᠬᠡᠢ ᠬᠥᠨᠳᠡᠭᠦᠯᠦᠭᠡ ᠦᠭᠡᠢ ᠪᠠᠷ ᠢᠲᠡᠭᠡᠵᠦ ᠵᠥᠪ ᠲᠤ ᠲᠣᠭᠠᠴᠠᠭᠳᠠᠭᠰᠠᠨ ᠬᠥᠮᠦᠨ ᠪᠦᠬᠦᠨ ᠦ ᠡᠴᠢᠭᠡ ᠮᠥᠨ᠂ 12 ᠲᠡᠷᠡ ᠪᠡᠷ ᠪᠠᠰᠠ ᠬᠥᠪᠴᠢᠷᠬᠡᠢ ᠬᠥᠨᠳᠡᠭᠦᠯᠦᠭᠴᠢᠳ ᠲᠡᠳᠦᠢ ᠦᠭᠡᠢ᠂ ᠪᠢᠳᠡᠨ ᠦ ᠳᠡᠭᠡᠳᠦᠰ ᠠᠪᠷᠠᠬᠠᠮ ᠤᠨ ᠬᠥᠪᠴᠢᠷᠬᠡᠢ ᠬᠥᠨᠳᠡᠭᠦᠯᠬᠦ ᠶᠢᠨ ᠡᠮᠦᠨᠡᠬᠢ ᠢᠲᠡᠭᠡᠯ ᠦᠨ ᠮᠥᠷ ᠢᠶᠡᠷ ᠶᠠᠪᠤᠭᠴᠢᠳ ᠤᠨ ᠴᠤ ᠡᠴᠢᠭᠡ ᠮᠥᠨ᠃

13 ᠠᠪᠷᠠᠬᠠᠮ ᠪᠠ ᠦᠷ᠎ᠡ ᠬᠣᠢᠴᠢ ᠨᠢ ᠶᠢᠷᠲᠢᠨᠴᠦ ᠶᠢ ᠥᠪᠯᠡᠭᠴᠢ ᠪᠣᠯᠣᠨ᠎ᠠ ᠭᠡᠰᠡᠨ ᠠᠮᠠᠯᠠᠯᠲᠠ ᠶᠢ ᠬᠠᠤᠯᠢ ᠳᠠᠭᠠᠭᠰᠠᠨ ᠢᠶᠠᠷ ᠢᠶᠠᠨ ᠪᠤᠰᠤ᠂ ᠬᠠᠷᠢᠨ ᠢᠲᠡᠭᠡᠵᠦ ᠵᠥᠪᠲᠥᠭᠡᠭᠳᠡᠭᠰᠡᠨ ᠢᠶᠡᠷ ᠢᠶᠠᠨ ᠬᠦᠷᠲᠡᠵᠡᠢ᠃ 14 ᠬᠡᠷᠪᠡ ᠬᠠᠤᠯᠢ ᠪᠠᠷᠢᠮᠲᠠᠯᠠᠳᠠᠭ ᠢᠶᠠᠷ ᠥᠪᠯᠡᠭᠴᠢ ᠪᠣᠯᠬᠤ ᠶᠤᠮ ᠪᠣᠯ ᠢᠲᠡᠭᠡᠯ ᠨᠢ ᠳᠡᠮᠡᠢ᠂ ᠠᠮᠠᠯᠠᠯᠲᠠ ᠨᠢ ᠬᠦᠴᠦᠨ ᠦᠭᠡᠢ ᠪᠣᠯᠣᠨ᠎ᠠ᠃ 15 ᠬᠠᠤᠯᠢ ᠨᠢ ᠠᠭᠤᠷ ᠬᠢᠯᠢᠩ ᠢ ᠠᠪᠴᠢᠷᠠᠳᠠᠭ᠃ ᠬᠠᠤᠯᠢ ᠪᠠᠢᠬᠤ ᠦᠭᠡᠢ ᠭᠠᠵᠠᠷ ᠲᠤ ᠵᠥᠷᠢᠴᠡᠯ ᠪᠠᠰᠠ ᠪᠠᠢᠬᠤ ᠦᠭᠡᠢ᠃

16 ᠲᠡᠢᠮᠦ ᠡᠴᠡ ᠥᠪᠯᠡᠬᠦ ᠨᠢ ᠢᠲᠡᠭᠡᠯ ᠲᠡᠢ ᠬᠣᠯᠪᠣᠭᠳᠠᠳᠠᠭ ᠲᠤᠯᠠ ᠢᠪᠡᠭᠡᠯ ᠪᠣᠯᠳᠠᠭ᠃ ᠡᠢᠨ ᠬᠦ ᠲᠡᠷᠡ ᠠᠮᠠᠯᠠᠯᠲᠠ ᠨᠢ ᠠᠪᠷᠠᠬᠠᠮ ᠤᠨ ᠬᠠᠮᠤᠭ ᠦᠷ᠎ᠡ᠂ ᠲᠤᠬᠠᠢᠯᠠᠪᠠᠯ ᠬᠠᠤᠯᠢ ᠪᠠᠷ ᠠᠮᠢᠳᠤᠷᠠᠭᠴᠢᠳ ᠲᠡᠳᠦᠢ ᠦᠭᠡᠢ᠂ ᠠᠪᠷᠠᠬᠠᠮ ᠮᠡᠲᠦ ᠢᠲᠡᠭᠡᠯ ᠢᠶᠡᠷ ᠠᠮᠢᠳᠤᠷᠠᠭᠴᠢᠳ ᠤᠨ ᠪᠠᠲᠤᠲᠠᠢ ᠨᠠᠢᠳᠠᠪᠤᠷᠢ ᠪᠣᠯᠣᠯ᠎ᠠ᠃ 17 ᠦᠬᠦᠭᠰᠡᠳ ᠢ ᠠᠮᠢᠯᠠᠭᠤᠯᠵᠤ᠂ ᠦᠭᠡᠢ ᠶᠢ ᠪᠤᠢ ᠪᠣᠯᠭᠠᠳᠠᠭ ᠪᠤᠷᠬᠠᠨ ᠳᠤ ᠠᠪᠷᠠᠬᠠᠮ ᠢᠲᠡᠭᠡᠭᠰᠡᠨ ᠢᠶᠡᠷ ᠢᠶᠠᠨ ᠲᠡᠭᠦᠨ ᠦ ᠡᠮᠦᠨ᠎ᠡ ᠪᠢᠳᠡ ᠪᠦᠬᠦᠨ ᠦ ᠡᠴᠢᠭᠡ ᠪᠣᠯᠵᠠᠢ᠃ ᠡᠨᠡ ᠲᠤᠬᠠᠢ 《ᠪᠢ ᠴᠢᠮᠠᠶᠢ ᠣᠯᠠᠨ ᠦᠨᠳᠦᠰᠦᠲᠡᠨ ᠦ ᠡᠴᠢᠭᠡ ᠪᠣᠯᠭᠠᠭᠰᠠᠨ》 ᠭᠡᠵᠦ ᠪᠢᠴᠢᠭᠳᠡᠭᠰᠡᠨ ᠪᠠᠢᠳᠠᠭ᠃ 18 ᠠᠪᠷᠠᠬᠠᠮ ᠨᠠᠢᠳᠠᠪᠤᠷᠢ ᠦᠭᠡᠢ ᠪᠠᠢᠬᠤ ᠳᠠᠭᠠᠨ ᠨᠠᠢᠳᠠᠨ ᠢᠲᠡᠭᠡᠪᠡ᠂ ᠲᠡᠢᠨ ᠬᠦ ᠲᠡᠷᠡ 《ᠴᠢᠨᠦ ᠦᠷ᠎ᠡ ᠤᠳᠤᠮ ᠡᠢᠮᠦ ᠣᠯᠠᠨ ᠪᠣᠯᠣᠨ᠎ᠠ》 ᠭᠡᠵᠦ ᠠᠢᠯᠠᠳᠤᠭᠰᠠᠨ ᠤ ᠳᠠᠭᠠᠤ ᠣᠯᠠᠨ ᠦᠨᠳᠦᠰᠦᠲᠡᠨ ᠦ ᠡᠴᠢᠭᠡ ᠪᠣᠯᠵᠠᠢ᠃ 19 ᠲᠡᠷᠡ ᠵᠠᠭᠤᠨ ᠨᠠᠰᠤ ᠣᠢᠷᠠᠲᠤᠨ ᠪᠡᠶ᠎ᠡ ᠨᠢ ᠦᠬᠦᠭᠰᠡᠨ ᠮᠡᠲᠦ ᠪᠣᠯᠵᠤ᠂ ᠰᠠᠷᠠᠾ ᠤᠨ ᠬᠡᠪᠡᠯᠢ ᠴᠤ [ᠨᠢᠭᠡᠨᠲᠡ] ᠦᠬᠦᠭᠰᠡᠨ ᠮᠡᠲᠦ ᠪᠣᠯᠣᠭᠰᠠᠨ ᠢ ᠮᠡᠳᠡᠭᠰᠡᠨ ᠪᠣᠯᠪᠠᠴᠤ ᠲᠡᠭᠦᠨ ᠦ ᠢᠲᠡᠭᠡᠯ ᠪᠠᠭᠤᠷᠠᠭᠰᠠᠨ ᠦᠭᠡᠢ᠃ 20 ᠲᠡᠷᠡ ᠪᠤᠷᠬᠠᠨ ᠤ ᠠᠮᠠᠯᠠᠯ ᠳᠤ ᠦᠯᠦ ᠢᠲᠡᠭᠡᠨ ᠡᠷᠡᠭᠡᠯᠵᠡᠭᠰᠡᠨ ᠪᠢᠰᠢ᠂ ᠬᠠᠷᠢᠨ ᠪᠤᠷᠬᠠᠨ ᠢ ᠠᠯᠳᠠᠷᠰᠢᠭᠤᠯᠤᠨ 21 ᠢᠲᠡᠭᠡᠯ ᠢᠶᠡᠨ ᠪᠠᠲᠤᠵᠢᠭᠤᠯᠵᠤ᠂ ᠠᠮᠠᠯᠠᠭᠰᠠᠨ ᠢᠶᠠᠨ ᠪᠡᠶᠡᠯᠡᠭᠦᠯᠬᠦ ᠴᠢᠳᠠᠪᠤᠷᠢ ᠲᠠᠢ ᠭᠡᠳᠡᠭ ᠲᠤᠨᠢ ᠪᠦᠷᠢᠨ ᠢᠲᠡᠭᠡᠵᠦ ᠨᠡᠩ ᠢᠯᠡᠭᠦᠦ ᠪᠠᠲᠤ ᠢᠲᠡᠭᠡᠯ ᠲᠡᠢ ᠪᠣᠯᠪᠠ᠃ 22 ᠲᠡᠢᠮᠦ ᠡᠴᠡ 《ᠲᠡᠷᠡ ᠵᠥᠪ ᠲᠤ ᠲᠣᠭᠠᠴᠠᠭᠳᠠᠭᠰᠠᠨ᠃》 23 《ᠲᠡᠷᠡ ᠵᠥᠪ ᠲᠤ ᠲᠣᠭᠠᠴᠠᠭᠳᠠᠭᠰᠠᠨ》 ᠭᠡᠳᠡᠭ ᠨᠢ ᠵᠥᠪᠬᠡᠨ ᠲᠡᠭᠦᠨ ᠦ ᠲᠤᠬᠠᠢ ᠯᠠ ᠪᠢᠴᠢᠭᠳᠡᠭᠰᠡᠨ ᠪᠢᠰᠢ᠂ 24 ᠮᠥᠨ ᠴᠤ ᠪᠢᠳᠡᠨ ᠦ ᠲᠤᠬᠠᠢ ᠪᠢᠴᠢᠭᠳᠡᠭᠰᠡᠨ ᠶᠤᠮ᠃ ᠥᠭᠡᠷ᠎ᠡ ᠪᠡᠷ ᠬᠡᠯᠡᠪᠡᠯ᠂ ᠪᠢᠳᠡᠨ ᠦ ᠡᠵᠡᠨ ᠢᠰᠦ᠋ᠰ ᠢ ᠦᠬᠦᠭᠰᠡᠳ ᠦᠨ ᠳᠤᠮᠳᠠ ᠠᠴᠠ ᠠᠮᠢᠯᠠᠭᠤᠯᠤᠭᠰᠠᠨ ᠪᠤᠷᠬᠠᠨ ᠳᠤ ᠢᠲᠡᠭᠡᠳᠡᠭ ᠪᠢᠳᠡ ᠴᠤ ᠵᠥᠪᠲᠦ ᠭᠡᠵᠦ ᠲᠣᠭᠠᠴᠠᠭᠳᠠᠨ᠎ᠠ᠃ 25 ᠢᠰᠦ᠋ᠰ ᠪᠢᠳᠡᠨ ᠦ ᠨᠢᠭᠦᠯ ᠡᠴᠡ ᠪᠣᠯᠵᠤ ᠦᠬᠦᠯ ᠳᠦ ᠲᠤᠰᠢᠶᠠᠭᠳᠠᠨ᠂ ᠪᠢᠳᠡᠨ ᠢ ᠵᠥᠪᠲᠥᠭᠡᠬᠦ ᠶᠢᠨ ᠲᠥᠯᠥᠭᠡ ᠠᠮᠢᠯᠠᠭᠰᠠᠨ ᠶᠤᠮ᠃