1 2 3 4 5 6 7 8 9 10 11 12 13 14 15 16


ᠷᠣᠮᠠ ᠠᠷᠪᠠ

1 ᠠᠬ᠎ᠠ ᠳᠡᠭᠦᠦ ᠨᠠᠷ ᠡ᠂ ᠮᠢᠨᠦ ᠵᠢᠷᠦᠬᠡᠨ ᠦ ᠬᠦᠰᠡᠯ᠂ ᠪᠤᠷᠬᠠᠨ ᠤ ᠡᠮᠦᠨᠡᠬᠢ ᠮᠢᠨᠦ ᠳᠠᠭᠠᠳᠬᠠᠯ ᠪᠣᠯ ᠢᠰᠷᠧᠯᠴᠦᠳ ᠦᠨ ᠠᠪᠤᠷᠠᠯ ᠪᠢᠯᠡ᠃ 2 ᠲᠡᠳᠡᠨ ᠦ ᠲᠤᠬᠠᠢ ᠭᠡᠷᠡᠴᠢᠯᠡᠶ᠎ᠡ᠂ ᠲᠡᠳᠡ ᠪᠤᠷᠬᠠᠨ ᠳᠤ ᠬᠠᠯᠠᠭᠤᠨ ᠰᠡᠳᠬᠢᠯ ᠲᠠᠢ ᠪᠣᠯᠪᠠᠴᠤ ᠲᠡᠷᠡ ᠨᠢ ᠵᠢᠩᠬᠢᠨᠢ ᠮᠡᠳᠡᠯᠭᠡ ᠳᠦ ᠨᠡᠢᠴᠡᠳᠡᠭ ᠦᠭᠡᠢ᠃ 3 ᠲᠡᠳᠡ ᠪᠤᠷᠬᠠᠨ ᠤ ᠵᠥᠪ ᠢ ᠮᠡᠳᠡᠳᠡᠭ ᠦᠭᠡᠢ ᠲᠤᠯᠠ ᠥᠪᠡᠷ ᠦᠨ ᠢᠶᠠᠨ ᠵᠥᠪ ᠢ ᠪᠠᠢᠭᠤᠯᠬᠤ ᠭᠡᠵᠦ ᠣᠷᠣᠯᠳᠤᠭᠰᠠᠭᠠᠷ ᠪᠤᠷᠬᠠᠨ ᠤ ᠵᠥᠪ ᠲᠤ ᠵᠠᠬᠢᠷᠤᠭᠳᠠᠭ᠎ᠠ ᠦᠭᠡᠢ᠂ 4 ᠤᠴᠢᠷ ᠨᠢ᠂ ᠾᠷᠢᠰᠲ᠋ᠣᠰ ᠪᠣᠯ ᠬᠠᠤᠯᠢ ᠶᠢᠨ ᠲᠡᠭᠦᠰᠬᠡᠯ ᠮᠥᠨ᠂ ᠲᠡᠭᠦᠨ ᠳᠦ ᠢᠲᠡᠭᠡᠭᠴᠢ ᠪᠦᠬᠦᠨ ᠵᠥᠪᠲᠥᠭᠡᠭᠳᠡᠨ᠎ᠡ᠃
 ᠠᠪᠤᠷᠠᠯ ᠳᠤ ᠬᠦᠷᠬᠦ ᠵᠠᠮ

5 ᠬᠠᠤᠯᠢ ᠡᠴᠡ ᠢᠷᠡᠬᠦ ᠵᠥᠪᠲᠦ ᠪᠠᠢᠳᠠᠯ ᠤᠨ ᠲᠤᠬᠠᠢ ᠮᠣᠰᠧ᠄ 《ᠡᠳᠡᠭᠡᠷ ᠢ ᠪᠡᠶᠡᠯᠡᠭᠦᠯᠳᠡᠭ ᠬᠥᠮᠦᠨ ᠡᠳᠡᠭᠡᠷ ᠢᠶᠡᠷ ᠠᠮᠢᠳᠤᠷᠠᠨ᠎ᠠ》 ᠭᠡᠵᠦ ᠪᠢᠴᠢᠭᠰᠡᠨ ᠪᠠᠢᠬᠤ ᠳᠤ᠂ 6 ᠢᠲᠡᠭᠡᠯ ᠡᠴᠡ ᠢᠷᠡᠬᠦ ᠵᠥᠪᠲᠦ ᠪᠠᠢᠳᠠᠯ ᠨᠢ᠄ 《ᠴᠢ ᠰᠡᠳᠬᠢᠯ ᠳᠡᠭᠡᠨ 〈ᠬᠡᠨ ᠲᠩᠷᠢ ᠳᠤ ᠭᠠᠷᠬᠤ ᠪᠤᠢ︖〉 ᠭᠡᠵᠦ ᠪᠦᠦ ᠬᠡᠯᠡ᠃ ᠾᠷᠢᠰᠲ᠋ᠣᠰ ᠢ ᠲᠡᠨᠳᠡ ᠡᠴᠡ ᠳᠣᠷᠣᠭᠰᠢ ᠠᠪᠠᠴᠢᠬᠤ ᠭᠡᠰᠡᠨ ᠬᠡᠷᠡᠭ᠃ 7 ᠮᠥᠨ 〈ᠬᠡᠨ ᠢᠷᠤᠭᠠᠷ ᠦᠭᠡᠢ ᠨᠦᠬᠡᠨ ᠳᠦ ᠪᠠᠭᠤᠬᠤ ᠪᠤᠢ︖〉 ᠭᠡᠵᠦ ᠪᠦᠦ ᠬᠡᠯᠡ︕ ᠾᠷᠢᠰᠲ᠋ᠣᠰ ᠢ ᠦᠬᠦᠭᠰᠡᠳ ᠦᠨ ᠳᠤᠮᠳᠠ ᠠᠴᠠ ᠳᠡᠭᠡᠭᠰᠢ ᠠᠪᠴᠢᠷᠠᠬᠤ ᠭᠡᠰᠡᠨ ᠬᠡᠷᠡᠭ》 ᠭᠡᠬᠦ ᠪᠣᠯᠣᠨ᠎ᠠ᠃ 8 ᠶᠠᠭᠤ ᠭᠡᠪᠡᠯ 《ᠲᠡᠷᠡ ᠦᠭᠡ ᠴᠢᠮ᠎ᠠ ᠳᠤ ᠣᠢᠷᠠᠬᠠᠨ᠂ ᠴᠢᠨᠦ ᠠᠮᠠᠨ ᠳᠤ᠂ ᠴᠢᠨᠦ ᠵᠢᠷᠦᠬᠡᠨ ᠳᠦ ᠪᠤᠢ᠃》 ᠪᠢᠳᠡᠨ ᠦ ᠳᠡᠯᠭᠡᠷᠡᠭᠦᠯᠳᠡᠭ᠌ ᠢᠲᠡᠭᠡᠯ ᠦᠨ ᠦᠭᠡ ᠨᠢ ᠡᠨᠡ᠄ 9 ᠬᠡᠷᠪᠡ ᠲᠠ 《ᠢᠰᠦ᠋ᠰ ᠪᠣᠯ ᠡᠵᠡᠨ》 ᠭᠡᠵᠦ ᠠᠮᠠᠨ ᠳᠠᠭᠠᠨ ᠵᠥᠪᠰᠢᠶᠡᠷᠡᠨ᠂ ᠪᠤᠷᠬᠠᠨ ᠲᠡᠭᠦᠨ ᠢ ᠦᠬᠦᠭᠰᠡᠳ ᠦᠨ ᠳᠤᠮᠳᠠ ᠠᠴᠠ ᠠᠮᠢᠯᠠᠭᠤᠯᠤᠭᠰᠠᠨ ᠢ ᠵᠢᠷᠦᠬᠡᠨ ᠳᠡᠭᠡᠨ ᠢᠲᠡᠭᠡᠪᠡᠯ ᠠᠪᠤᠷᠠᠭᠳᠠᠨ᠎ᠠ᠃ 10 ᠦᠨᠡᠨ ᠳᠡᠭᠡᠨ ᠬᠥᠮᠦᠨ ᠵᠢᠷᠦᠬᠡᠨ ᠳᠡᠭᠡᠨ ᠢᠲᠡᠭᠡᠭᠡᠳ ᠵᠥᠪᠲᠥᠭᠡᠭᠳᠡᠨ᠂ ᠠᠮᠠᠨ ᠳᠠᠭᠠᠨ ᠵᠥᠪᠰᠢᠶᠡᠷᠡᠵᠦ ᠠᠪᠤᠷᠠᠭᠳᠠᠨ᠎ᠠ᠃ 11 ᠠᠷᠢᠭᠤᠨ ᠨᠣᠮ᠄ 《ᠲᠡᠭᠦᠨ ᠳᠦ ᠢᠲᠡᠭᠡᠭᠴᠢ ᠪᠣᠯᠭᠠᠨ ᠢᠴᠢᠭᠦᠷᠢ ᠳᠤ ᠣᠷᠣᠬᠤ ᠦᠭᠡᠢ》 ᠭᠡᠰᠡᠨ ᠪᠠᠢᠨ᠎ᠠ᠃ 12 ᠶᠦᠳᠠᠢ ᠬᠥᠮᠦᠨ ᠴᠤ᠂ ᠭᠷᠧᠭ ᠬᠥᠮᠦᠨ ᠴᠤ ᠢᠯᠭᠠᠭ᠎ᠠ ᠦᠭᠡᠢ᠃ ᠲᠡᠷᠡ ᠪᠣᠯ ᠬᠠᠮᠤᠭ ᠬᠥᠮᠦᠨ ᠦ ᠡᠵᠡᠨ ᠪᠥᠭᠡᠳ ᠥᠪᠡᠷ ᠢ ᠨᠢ ᠳᠠᠭᠤᠳᠠᠭᠴᠢ ᠪᠦᠬᠦᠨ ᠳᠦ ᠥᠭᠭᠢᠶᠡᠮᠦᠷ ᠪᠠᠢᠳᠠᠭ᠃ 13 ᠦᠨᠡᠨ ᠳᠡᠭᠡᠨ 《ᠡᠵᠡᠨ ᠦ ᠨᠡᠷ᠎ᠡ ᠶᠢ ᠳᠠᠭᠤᠳᠠᠭᠴᠢ ᠪᠣᠯᠭᠠᠨ ᠠᠪᠤᠷᠠᠭᠳᠠᠨ᠎ᠠ᠃》

14 ᠬᠠᠷᠢᠨ ᠢᠲᠡᠭᠡᠭᠡ ᠦᠭᠡᠢ ᠪᠠᠷ ᠲᠡᠭᠦᠨ ᠢ ᠶᠠᠭᠠᠬᠢᠨ ᠳᠠᠭᠤᠳᠠᠨ᠎ᠠ ᠪᠤᠢ︖ ᠰᠣᠨᠣᠰᠣᠭ᠎ᠠ ᠦᠭᠡᠢ ᠪᠠᠷ ᠲᠡᠭᠦᠨ ᠳᠦ ᠶᠠᠭᠠᠬᠢᠨ ᠢᠲᠡᠭᠡᠨ᠎ᠡ ᠪᠤᠢ︖ ᠳᠡᠯᠭᠡᠷᠡᠭᠦᠯᠦᠭᠴᠢ ᠦᠭᠡᠢ ᠪᠠᠷ ᠶᠠᠭᠠᠬᠢᠨ ᠰᠣᠨᠣᠰᠣᠨ᠎ᠠ ᠪᠤᠢ︖ 15 ᠢᠯᠡᠭᠡᠭᠳᠡᠭᠡ ᠦᠭᠡᠢ ᠪᠠᠷ ᠶᠠᠭᠠᠬᠢᠨ ᠳᠡᠯᠭᠡᠷᠡᠭᠦᠯᠦᠨ᠎ᠡ ᠪᠤᠢ︖ ᠡᠢᠮᠦ ᠡᠴᠡ 《ᠪᠠᠶᠠᠷ ᠤᠨ ᠮᠡᠳᠡᠭᠡᠴᠢᠨ ᠤ ᠬᠥᠯ ᠶᠠᠭᠤᠲᠠᠢ ᠰᠠᠢᠬᠠᠨ ᠪᠤᠢ︕》 ᠭᠡᠵᠦ ᠪᠢᠴᠢᠭᠳᠡᠭᠰᠡᠨ ᠪᠠᠢᠳᠠᠭ᠃ 16 ᠭᠡᠬᠦ ᠳᠡᠭᠡᠨ ᠬᠥᠮᠦᠨ ᠪᠣᠯᠭᠠᠨ ᠪᠠᠶᠠᠷ ᠤᠨ ᠮᠡᠳᠡᠭᠡᠨ ᠳᠦ ᠵᠠᠬᠢᠷᠤᠭᠳᠠᠭᠰᠠᠨ ᠪᠢᠰᠢ᠃ 《ᠡᠵᠡᠨ ᠡ᠂ ᠪᠢᠳᠡᠨ ᠦ ᠰᠣᠨᠣᠰᠬᠠᠭᠰᠠᠨ ᠢ ᠬᠡᠨ ᠢᠲᠡᠭᠡᠪᠡ︖》 ᠭᠡᠵᠦ ᠢᠰᠠᠢᠶ᠎ᠠ ᠬᠡᠯᠡᠭᠰᠡᠨ ᠪᠠᠢᠳᠠᠭ᠃ 17 ᠲᠡᠢᠨ ᠬᠦ ᠢᠲᠡᠭᠡᠯ ᠪᠣᠯ ᠰᠣᠨᠣᠰᠬᠤ ᠠᠴᠠ᠂ ᠰᠣᠨᠣᠰᠬᠤ ᠪᠣᠯ ᠾᠷᠢᠰᠲ᠋ᠣᠰ ᠤᠨ ᠦᠭᠡ ᠪᠡᠷ ᠪᠢᠯᠡ᠃ 18 ᠭᠡᠪᠡᠴᠦ ᠪᠢ ᠠᠰᠠᠭᠤᠶ᠎ᠠ᠂ ᠲᠡᠳᠡ ᠰᠣᠨᠣᠰᠣᠭᠰᠠᠨ ᠦᠭᠡᠢ ᠤᠤ︖ ᠨᠡᠭᠡᠷᠡᠨ ᠰᠣᠨᠣᠰᠣᠭᠰᠠᠨ ᠶᠤᠮ᠃ 《ᠳᠠᠭᠤ ᠨᠢ ᠭᠠᠵᠠᠷ ᠳᠠᠶᠠᠭᠠᠷ᠂ ᠦᠭᠡᠰ ᠨᠢ ᠳᠡᠯᠡᠬᠡᠢ ᠶᠢᠨ ᠬᠢᠵᠠᠭᠠᠷ ᠲᠤ ᠬᠦᠷᠦᠭᠰᠡᠨ᠃》 19 ᠳᠠᠬᠢᠨ ᠠᠰᠠᠭᠤᠶ᠎ᠠ᠂ ᠢᠰᠷᠧᠯ ᠮᠡᠳᠡᠭᠰᠡᠨ ᠦᠭᠡᠢ ᠤᠤ︖ ᠮᠣᠰᠧ ᠤᠷᠢᠳᠠᠪᠠᠷ᠄ 《ᠪᠢ ᠠᠷᠠᠳ ᠲᠦᠮᠡᠨ ᠮᠢᠨᠢ ᠪᠢᠰᠢ ᠬᠥᠮᠦᠰ ᠢᠶᠡᠷ ᠲᠠ ᠨᠠᠷ ᠢ ᠬᠠᠷᠠᠳᠠᠭᠤᠯᠵᠤ᠂ ᠮᠤᠩ᠋ᠬᠠᠭ ᠬᠠᠷᠢᠴᠤᠳ ᠢᠶᠠᠷ ᠲᠠ ᠨᠠᠷ ᠢ ᠠᠭᠤᠷᠯᠠᠭᠤᠯᠤᠨ᠎ᠠ》 ᠭᠡᠰᠡᠨ ᠪᠥᠭᠡᠳ 20 ᠢᠰᠠᠢᠶ᠎ᠠ ᠵᠣᠷᠢᠭᠲᠠᠢ ᠪᠠᠷ᠄ 《ᠪᠢ ᠥᠪᠡᠷ ᠢ ᠮᠢᠨᠢ ᠦᠯᠦ ᠬᠠᠢᠭᠰᠠᠳ ᠲᠤ ᠤᠯᠳᠠᠪᠠ᠂ ᠥᠪᠡᠷ ᠡᠴᠡ ᠮᠢᠨᠢ ᠦᠯᠦ ᠭᠤᠶᠤᠭᠰᠠᠳ ᠲᠤ ᠬᠠᠷᠢᠭᠤᠯᠪᠠ》 ᠬᠡᠮᠡᠭᠰᠡᠨ ᠪᠣᠯᠪᠠᠴᠤ 21 ᠢᠰᠷᠧᠯ ᠤᠨ ᠲᠤᠬᠠᠢ᠄ 《ᠳᠤᠭᠤᠯᠭᠠᠪᠤᠷᠢ ᠦᠭᠡᠢ ᠰᠥᠷᠭᠡᠦ ᠠᠷᠠᠳ ᠲᠦᠮᠡᠨ ᠤᠷᠤᠭᠤ ᠪᠢ ᠡᠳᠦᠷᠵᠢᠨ ᠮᠤᠲᠤᠷ ᠢᠶᠠᠨ ᠰᠤᠩ᠋ᠭᠠᠭᠰᠠᠭᠠᠷ ᠪᠠᠢᠪᠠ》 ᠭᠡᠰᠡᠨ᠃