ᠷᠣᠮᠠ ᠠᠷᠪᠠᠨ ᠭᠤᠷᠪᠠ
ᠳᠡᠭᠡᠳᠦ ᠡᠷᠬᠡ ᠮᠡᠳᠡᠯ ᠳᠦ ᠵᠠᠬᠢᠷᠤᠭᠳᠠ
1 ᠬᠥᠮᠦᠨ ᠪᠦᠬᠦᠨ ᠳᠡᠭᠡᠳᠦ ᠡᠷᠬᠡ ᠮᠡᠳᠡᠯ ᠳᠦ ᠵᠠᠬᠢᠷᠤᠭᠳᠠ᠃ ᠤᠴᠢᠷ ᠨᠢ᠂ ᠪᠤᠷᠬᠠᠨ ᠠᠴᠠ ᠭᠠᠷᠤᠭ᠎ᠠ ᠦᠭᠡᠢ ᠡᠷᠬᠡ ᠮᠡᠳᠡᠯ ᠭᠡᠵᠦ ᠦᠭᠡᠢ᠃ ᠪᠤᠢ ᠪᠦᠬᠦᠢ ᠡᠷᠬᠡ ᠮᠡᠳᠡᠯ ᠦᠨ ᠲᠣᠭᠲᠠᠭᠠᠭᠴᠢ ᠨᠢ ᠪᠤᠷᠬᠠᠨ ᠪᠢᠯᠡ᠃ 2 ᠲᠡᠢᠮᠦ ᠳᠦ᠂ ᠡᠷᠬᠡ ᠮᠡᠳᠡᠯ ᠢ ᠡᠰᠡᠷᠭᠦᠴᠡᠭᠴᠢ ᠨᠢ ᠪᠤᠷᠬᠠᠨ ᠤ ᠵᠠᠷᠯᠢᠭ ᠢ ᠡᠰᠡᠷᠭᠦᠴᠡᠵᠦ ᠪᠠᠢᠨ᠎ᠠ᠂ ᠡᠰᠡᠷᠭᠦᠴᠡᠭᠴᠢᠳ ᠨᠢ ᠥᠪᠡᠷᠰᠡᠳ ᠲᠡᠭᠡᠨ ᠰᠢᠳᠬᠡᠯ ᠳᠠᠭᠤᠳᠠᠬᠤ ᠪᠣᠯᠣᠨ᠎ᠠ᠃ 3 ᠵᠠᠬᠢᠷᠤᠭᠴᠢᠳ ᠨᠢ ᠰᠠᠢᠨ ᠢ ᠦᠢᠯᠡᠳᠦᠭᠴᠢᠳ ᠢ ᠪᠤᠰᠤ᠂ ᠬᠠᠷᠢᠨ ᠮᠠᠭᠤ ᠶᠢ ᠦᠢᠯᠡᠳᠦᠭᠴᠢᠳ ᠢ ᠠᠶᠤᠯᠭᠠᠳᠠᠭ᠃ ᠴᠢ ᠡᠷᠬᠡ ᠮᠡᠳᠡᠯᠲᠡᠨ ᠡᠴᠡ ᠠᠶᠤᠬᠤ ᠦᠭᠡᠢ ᠪᠠᠢᠬᠤ ᠶᠢ ᠬᠦᠰᠡᠵᠦ ᠪᠠᠢᠨ᠎ᠠ ᠤᠤ︖ ᠰᠠᠢᠨ ᠢ ᠦᠢᠯᠡᠳ᠂ ᠲᠡᠭᠡᠪᠡᠯ ᠲᠡᠭᠦᠨ ᠡᠴᠡ ᠮᠠᠭᠲᠠᠭᠠᠯ ᠬᠦᠷᠲᠡᠨ᠎ᠡ᠃ 4 ᠤᠴᠢᠷ ᠨᠢ᠂ ᠲᠡᠷᠡ ᠪᠣᠯ ᠲᠠᠨ ᠤ ᠲᠤᠰᠠ ᠶᠢᠨ ᠲᠥᠯᠥᠭᠡᠬᠢ ᠪᠤᠷᠬᠠᠨ ᠤ ᠵᠠᠷᠤᠴᠠ ᠮᠥᠨ᠃ ᠭᠡᠪᠡᠴᠦ ᠮᠠᠭᠤ ᠶᠢ ᠦᠢᠯᠡᠳᠪᠡᠯ ᠠᠶᠤᠬᠤ ᠶᠣᠰᠣᠲᠠᠢ᠃ ᠲᠡᠷᠡ ᠰᠡᠯᠡᠮ᠎ᠡ ᠪᠡᠨ ᠳᠡᠮᠡᠢ ᠵᠡᠭᠦᠳᠡᠭ ᠪᠢᠰᠢ᠂ ᠲᠡᠷᠡ ᠪᠣᠯ ᠪᠤᠷᠬᠠᠨ ᠤ ᠵᠠᠷᠤᠴᠠ᠂ ᠲᠤᠬᠠᠢᠯᠠᠪᠠᠯ ᠮᠠᠭᠤ ᠶᠢ ᠦᠢᠯᠡᠳᠦᠭᠴᠢᠳ ᠳᠡᠭᠡᠷ᠎ᠡ ᠬᠢᠯᠢᠩ ᠢ ᠪᠠᠭᠤᠯᠭᠠᠳᠠᠭ ᠥᠰᠢᠶ᠎ᠡ ᠠᠪᠤᠭᠴᠢ ᠮᠥᠨ᠃ 5 ᠡᠢᠮᠦ ᠡᠴᠡ ᠵᠥᠪᠬᠡᠨ ᠠᠭᠤᠷ ᠬᠢᠯᠢᠩ ᠤᠨ ᠬᠢᠨᠢ ᠤᠯᠠᠮ ᠠᠴᠠ ᠪᠤᠰᠤ᠂ ᠪᠠᠰᠠ ᠮᠥᠰᠥ ᠴᠢᠨᠠᠷ ᠤᠨ ᠢᠶᠠᠨ ᠲᠥᠯᠥᠭᠡ ᠵᠠᠬᠢᠷᠤᠭᠳᠠᠬᠤ ᠬᠡᠷᠡᠭᠲᠡᠢ᠃ 6 ᠲᠠ ᠨᠠᠷ ᠤᠨ ᠭᠠᠢᠯᠢ ᠲᠤᠰᠢᠶᠠᠳᠠᠭ ᠤᠨ ᠤᠴᠢᠷ ᠴᠤ ᠡᠭᠦᠨ ᠳᠦ ᠪᠤᠢ᠂ ᠲᠡᠳᠡ ᠪᠣᠯ ᠡᠳᠡᠭᠡᠷ ᠵᠦᠢᠯ ᠢ ᠲᠤᠤᠱᠲᠠᠢ ᠭᠦᠢᠴᠡᠳᠬᠡᠳᠡᠭ ᠪᠤᠷᠬᠠᠨ ᠤ ᠵᠠᠷᠤᠴᠠ ᠶᠤᠮ᠃ 7 ᠥᠭᠬᠦ ᠶᠣᠰᠣᠲᠠᠢ ᠪᠣᠯᠭᠠᠨ ᠢᠶᠠᠨ ᠥᠭ᠂ ᠭᠠᠢᠯᠢ ᠥᠭᠬᠦ ᠶᠣᠰᠣᠲᠠᠢ ᠬᠥᠮᠦᠨ ᠳᠦ ᠭᠠᠢᠯᠢ ᠪᠠᠨ᠂ ᠲᠠᠲᠠᠪᠤᠷᠢ ᠥᠭᠬᠦ ᠶᠣᠰᠣᠲᠠᠢ ᠬᠥᠮᠦᠨ ᠳᠦ ᠲᠠᠲᠠᠪᠤᠷᠢ ᠪᠠᠨ ᠥᠭ᠃ ᠠᠶᠤᠬᠤ ᠶᠣᠰᠣᠲᠠᠢ ᠬᠥᠮᠦᠨ ᠡᠴᠡ ᠠᠶᠤ᠂ ᠬᠦᠨᠳᠦᠯᠡᠬᠦ ᠶᠣᠰᠣᠲᠠᠢ ᠬᠥᠮᠦᠨ ᠢ ᠬᠦᠨᠳᠦᠯᠡ᠃
8 ᠲᠥᠯᠥᠬᠦ ᠶᠣᠰᠣᠲᠠᠢ ᠥᠷᠢ ᠪᠠᠨ ᠲᠥᠯᠥ᠂ ᠬᠠᠷᠢᠨ ᠲᠥᠯᠥᠵᠦ ᠳᠠᠭᠤᠰᠤᠰᠢ ᠦᠭᠡᠢ ᠥᠷᠢ ᠪᠣᠯ ᠪᠡᠶ᠎ᠡ ᠪᠡᠶ᠎ᠡ ᠪᠡᠨ ᠬᠠᠢᠷᠠᠯᠠᠬᠤ ᠥᠷᠢ ᠶᠤᠮ᠃ ᠪᠤᠰᠤᠳ ᠢ ᠬᠠᠢᠷᠠᠯᠠᠭᠴᠢ ᠨᠢ ᠬᠠᠤᠯᠢ ᠶᠢ ᠪᠡᠶᠡᠯᠡᠭᠦᠯᠦᠭᠰᠡᠨ ᠬᠥᠮᠦᠨ ᠶᠤᠮ᠃ 9 ᠦᠨᠡᠨ ᠳᠡᠭᠡᠨ 《ᠪᠦᠦ ᠵᠠᠪᠬᠠᠢᠷᠠ᠂ ᠪᠦᠦ ᠠᠯᠠ᠂ ᠪᠦᠦ ᠬᠤᠯᠠᠭᠠᠢᠯᠠ᠂ ᠪᠦᠦ ᠰᠢᠨᠤᠬᠠᠢᠷᠠ》 ᠭᠡᠰᠡᠨ ᠵᠠᠷᠯᠢᠭ ᠤᠳ ᠪᠠ ᠪᠤᠰᠤᠳ ᠵᠠᠷᠯᠢᠭ ᠪᠠᠢᠯ᠎ᠠ ᠴᠤ 《ᠬᠥᠷᠰᠢ ᠪᠠᠨ ᠥᠪᠡᠷ ᠦᠨ ᠢᠶᠠᠨ ᠪᠡᠶ᠎ᠡ ᠮᠡᠲᠦ ᠬᠠᠢᠷᠠᠯᠠ》 ᠬᠡᠮᠡᠬᠦ ᠦᠭᠡᠨ ᠳᠦ ᠪᠦᠷ ᠪᠠᠭᠲᠠᠨ᠎ᠠ᠃ 10 ᠬᠠᠢᠷ᠎ᠠ ᠨᠢ ᠬᠥᠷᠰᠢ ᠳᠡᠭᠡᠨ ᠬᠣᠣᠷ ᠪᠣᠯᠳᠠᠭ ᠦᠭᠡᠢ᠂ ᠡᠢᠮᠦ ᠡᠴᠡ ᠬᠠᠢᠷ᠎ᠠ ᠪᠣᠯ ᠬᠠᠤᠯᠢ ᠶᠢᠨ ᠪᠡᠶᠡᠯᠡᠯᠲᠡ ᠮᠥᠨ᠃
11 ᠡᠭᠦᠨ ᠡᠴᠡ ᠭᠠᠳᠠᠨ᠎ᠠ ᠶᠠᠮᠠᠷ ᠴᠠᠭ ᠪᠣᠯᠣᠭᠰᠠᠨ ᠢ ᠣᠢᠯᠠᠭᠠᠭᠲᠤᠨ᠃ ᠬᠡᠳᠦᠢᠨᠡᠢ ᠨᠣᠢᠷ ᠠᠴᠠ ᠪᠠᠨ ᠰᠡᠷᠢᠬᠦ ᠴᠠᠭ ᠪᠣᠯᠣᠯ᠎ᠠ᠂ ᠡᠳᠦᠭᠡ ᠠᠪᠤᠷᠠᠯ ᠪᠢᠳᠡᠨ ᠦ ᠠᠩᠬ᠎ᠠ ᠢᠲᠡᠭᠡᠭᠰᠡᠨ ᠴᠠᠭ ᠠᠴᠠ ᠨᠡᠩ ᠢᠯᠡᠭᠦᠦ ᠣᠢᠷᠠᠲᠤᠵᠠᠢ᠃ 12 ᠰᠥᠨᠢ ᠥᠩᠭᠡᠷᠡᠵᠦ᠂ ᠡᠳᠦᠷ ᠣᠢᠷᠠᠲᠤᠯ᠎ᠠ᠃ ᠲᠡᠢᠮᠦ ᠡᠴᠡ ᠬᠠᠷᠠᠩ᠋ᠭᠤᠢ ᠶᠢᠨ ᠦᠢᠯᠡᠰ ᠢᠶᠡᠨ ᠲᠠᠢᠯᠵᠤ᠂ ᠭᠡᠷᠡᠯᠲᠦ ᠬᠤᠶᠠᠭ ᠢᠶᠠᠨ ᠡᠮᠦᠰᠴᠡᠭᠡᠶᠡ᠃ 13 ᠪᠢᠳᠡ ᠨᠠᠢᠷ ᠴᠡᠩᠭᠡᠯ ᠪᠤᠶᠤ ᠰᠣᠭᠲᠣᠭᠤᠷᠠᠯ ᠢᠶᠠᠷ ᠪᠤᠰᠤ᠂ ᠵᠠᠪᠬᠠᠢᠷᠠᠯ ᠪᠤᠶᠤ ᠲᠠᠴᠢᠶᠠᠯ ᠢᠶᠠᠷ ᠪᠤᠰᠤ᠂ ᠬᠡᠷᠡᠭᠦᠯ ᠪᠤᠶᠤ ᠠᠲᠠᠭᠠᠷᠬᠠᠯ ᠢᠶᠠᠷ ᠴᠤ ᠪᠤᠰᠤ᠂ ᠦᠳᠡ ᠳᠤᠮᠳᠠ ᠮᠡᠲᠦ ᠲᠥᠪᠯᠡᠭᠦᠨ ᠢᠶᠡᠷ ᠠᠮᠢᠳᠤᠷᠠᠵᠠᠭᠠᠶ᠎ᠠ᠃ 14 ᠬᠠᠷᠢᠨ ᠡᠵᠡᠨ ᠢᠰᠦ᠋ᠰ ᠾᠷᠢᠰᠲ᠋ᠣᠰ ᠢ ᠡᠮᠦᠰ᠂ ᠰᠢᠨᠤᠯ ᠲᠠᠴᠢᠶᠠᠯ ᠢᠶᠠᠨ ᠬᠠᠩ᠋ᠭᠠᠬᠤ ᠪᠠᠷ ᠨᠢᠭᠦᠯᠲᠦ ᠤᠭ ᠴᠢᠨᠠᠷ 13 ᠲᠠᠭᠠᠨ ᠵᠠᠪᠰᠢᠶᠠᠨ ᠪᠦᠦ ᠥᠭ᠃