1 2 3 4 5 6 7 8 9 10 11 12 13 14 15 16


ᠷᠣᠮᠠ ᠠᠷᠪᠠᠨ ᠳᠥᠷᠪᠡ
 ᠢᠲᠡᠭᠡᠭᠴᠢ ᠶᠢᠨ ᠡᠷᠬᠡ ᠴᠢᠯᠥᠭᠡᠨ ᠦ ᠵᠠᠷᠴᠢᠮ

1 ᠢᠲᠡᠭᠡᠯ ᠢᠶᠡᠷ ᠪᠠᠭᠤᠷᠠᠢ ᠨᠢᠭᠡᠨ ᠢᠶᠡᠨ ᠬᠦᠯᠢᠶᠡᠨ ᠠᠪ᠂ ᠲᠡᠭᠦᠨ ᠦ ᠪᠣᠳᠣᠯ ᠰᠠᠨᠠᠭ᠎ᠠ ᠶᠢᠨ ᠲᠠᠯ᠎ᠠ ᠪᠠᠷ ᠪᠦᠦ ᠮᠠᠷᠭᠤᠯᠳᠤ᠃ 2 ᠶᠠᠭᠤ ᠶᠢ ᠴᠤ ᠭᠡᠰᠡᠨ ᠢᠳᠡᠵᠦ ᠪᠣᠯᠣᠨ᠎ᠠ ᠭᠡᠵᠦ ᠢᠲᠡᠭᠡᠳᠡᠭ ᠬᠥᠮᠦᠨ ᠪᠠᠢᠳᠠᠭ᠂ ᠨᠣᠭᠣᠭ᠎ᠠ ᠯᠠ ᠢᠳᠡᠳᠡᠭ ᠪᠠᠭᠤᠷᠠᠢ ᠨᠢᠭᠡᠨ ᠴᠤ ᠪᠤᠢ᠃ 3 ᠢᠳᠡᠭᠴᠢ ᠨᠢ ᠦᠯᠦ ᠢᠳᠡᠭᠴᠢ ᠶᠢ ᠪᠦᠦ ᠪᠠᠰᠤᠮᠵᠢᠯᠠ᠂ ᠦᠯᠦ ᠢᠳᠡᠭᠴᠢ ᠨᠢ ᠢᠳᠡᠭᠴᠢ ᠶᠢ ᠪᠦᠦ ᠰᠢᠭᠦᠮᠵᠢᠯᠡ᠃ ᠪᠤᠷᠬᠠᠨ ᠲᠡᠭᠦᠨ ᠢ ᠬᠦᠯᠢᠶᠡᠨ ᠠᠪᠤᠭᠰᠠᠨ ᠪᠢᠯᠡ᠃ 4 ᠪᠤᠰᠤᠳ ᠤᠨ ᠵᠠᠷᠤᠴᠠ ᠶᠢ ᠰᠢᠭᠦᠮᠵᠢᠯᠡᠭᠴᠢ ᠲᠠ ᠬᠡᠨ ᠪᠤᠢ︖ ᠲᠡᠷᠡ ᠪᠣᠰᠣᠭᠰᠠᠨ ᠴᠤ᠂ ᠤᠨᠠᠭᠰᠠᠨ ᠴᠤ ᠡᠵᠡᠨ ᠳᠦ ᠯᠠ ᠬᠠᠮᠢᠶ᠎ᠠ ᠲᠠᠢ ᠶᠤᠮ᠃ ᠡᠵᠡᠨ ᠲᠡᠭᠦᠨ ᠢ ᠪᠣᠰᠬᠠᠵᠤ ᠴᠢᠳᠠᠳᠠᠭ᠂ ᠲᠡᠷᠡ ᠪᠣᠰᠬᠤ ᠪᠣᠯᠣᠨ᠎ᠠ᠃

5 ᠵᠠᠷᠢᠮ ᠨᠢ ᠡᠨᠡ ᠡᠳᠦᠷ ᠢ ᠲᠡᠷᠡ ᠡᠳᠦᠷ ᠡᠴᠡ ᠳᠡᠭᠡᠷ᠎ᠡ ᠭᠡᠵᠦ᠂ ᠪᠠᠰᠠ ᠵᠠᠷᠢᠮ ᠨᠢ ᠡᠳᠦᠷ ᠪᠣᠯᠭᠠᠨ ᠢ ᠠᠳᠠᠯᠢᠬᠠᠨ ᠭᠡᠵᠦ ᠦᠵᠡᠳᠡᠭ᠃ ᠬᠥᠮᠦᠨ ᠪᠦᠬᠦᠨ ᠪᠣᠳᠣᠯ ᠳᠠᠭᠠᠨ ᠢᠲᠡᠭᠡᠯ ᠲᠡᠢ ᠪᠠᠢᠭᠲᠤᠨ᠃ 6 ᠵᠠᠷᠢᠮ ᠡᠳᠦᠷ ᠢ ᠣᠨᠴᠠᠭᠠᠢᠯᠠᠭᠴᠢ ᠨᠢ ᠡᠵᠡᠨ ᠢ ᠬᠦᠨᠳᠦᠯᠡᠬᠦ ᠪᠡᠷ ᠣᠨᠴᠠᠭᠠᠢᠯᠠᠳᠠᠭ᠃ ᠢᠳᠡᠭᠴᠢ ᠨᠢ ᠡᠵᠡᠨ ᠢ ᠬᠦᠨᠳᠦᠯᠡᠬᠦ ᠪᠡᠷ ᠢᠳᠡᠵᠦ᠂ ᠪᠤᠷᠬᠠᠨ ᠳᠤ ᠲᠠᠯᠠᠷᠬᠠᠳᠠᠭ ᠪᠥᠭᠡᠳ ᠦᠯᠦ ᠢᠳᠡᠭᠴᠢ ᠨᠢ ᠴᠤ ᠡᠵᠡᠨ ᠢ ᠬᠦᠨᠳᠦᠯᠡᠬᠦ ᠪᠡᠷ ᠦᠯᠦ ᠢᠳᠡᠵᠦ᠂ ᠪᠤᠷᠬᠠᠨ ᠳᠤ ᠲᠠᠯᠠᠷᠬᠠᠳᠠᠭ᠃

7 ᠪᠢᠳᠡᠨ ᠦ ᠬᠡᠨ ᠨᠢ ᠴᠤ ᠥᠪᠡᠷ ᠦᠨ ᠢᠶᠠᠨ ᠲᠥᠯᠥᠭᠡ ᠠᠮᠢᠳᠤᠷᠠᠳᠠᠭ ᠦᠭᠡᠢ᠂ ᠮᠥᠨ ᠬᠡᠨ ᠨᠢ ᠴᠤ ᠥᠪᠡᠷ ᠦᠨ ᠢᠶᠠᠨ ᠲᠥᠯᠥᠭᠡ ᠦᠬᠦᠳᠡᠭ ᠦᠭᠡᠢ᠃ 8 ᠪᠢᠳᠡ ᠠᠮᠢᠳᠤᠷᠠᠭᠰᠠᠨ ᠴᠤ ᠡᠵᠡᠨ ᠦ ᠲᠥᠯᠥᠭᠡ ᠠᠮᠢᠳᠤᠷᠠᠳᠠᠭ ᠪᠥᠭᠡᠳ ᠦᠬᠦᠭᠰᠡᠨ ᠴᠤ ᠡᠵᠡᠨ ᠦ ᠲᠥᠯᠥᠭᠡ ᠦᠬᠦᠳᠡᠭ᠃ ᠲᠡᠢᠮᠦ ᠡᠴᠡ ᠠᠮᠢᠳᠤᠷᠠᠭᠰᠠᠨ ᠴᠤ᠂ ᠦᠬᠦᠭᠰᠡᠨ ᠴᠤ ᠪᠢᠳᠡ ᠪᠣᠯ ᠡᠵᠡᠨ ᠦ ᠬᠢ᠃ 9 ᠶᠠᠭ ᠡᠭᠦᠨ ᠦ ᠲᠥᠯᠥᠭᠡ᠂ ᠲᠤᠬᠠᠢᠯᠠᠪᠠᠯ ᠦᠬᠦᠭᠰᠡᠳ ᠪᠠ ᠠᠮᠢᠳᠤᠷᠠᠭᠰᠠᠳ ᠤᠨ ᠡᠵᠡᠨ ᠪᠣᠯᠬᠤ ᠶᠢᠨ ᠲᠥᠯᠥᠭᠡ ᠾᠷᠢᠰᠲ᠋ᠣᠰ ᠦᠬᠦᠭᠡᠳ ᠠᠮᠢᠯᠠᠭᠰᠠᠨ᠃

10 ᠲᠡᠢᠮᠦ ᠪᠠᠢᠬᠤ ᠳᠤ ᠲᠠ ᠠᠬ᠎ᠠ ᠳᠡᠭᠦᠦ ᠪᠡᠨ ᠶᠠᠭᠤᠨ ᠳᠤ ᠰᠢᠭᠦᠮᠵᠢᠯᠡᠨ᠎ᠡ ᠪᠤᠢ︖ ᠮᠥᠨ ᠠᠬ᠎ᠠ ᠳᠡᠭᠦᠦ ᠪᠡᠨ ᠶᠠᠭᠤᠨ ᠳᠤ ᠪᠠᠰᠤᠮᠵᠢᠯᠠᠨ᠎ᠠ ᠪᠤᠢ︖ ᠠᠩ᠋ᠬᠠᠷᠤᠭᠲᠤᠨ᠂ ᠪᠢᠳᠡ ᠪᠦᠭᠦᠳᠡᠭᠡᠷ ᠢᠶᠡᠨ ᠪᠤᠷᠬᠠᠨ ᠤ ᠰᠢᠭᠦᠬᠦ ᠰᠠᠭᠤᠳᠠᠯ ᠤᠨ ᠡᠮᠦᠨ᠎ᠡ ᠵᠣᠭᠰᠣᠬᠤ ᠪᠣᠯᠣᠨ᠎ᠠ᠃ 11 ᠤᠴᠢᠷ ᠨᠢ᠂ 《ᠡᠵᠡᠨ ᠠᠢᠯᠠᠳᠴᠤ ᠪᠠᠢᠨ᠎ᠠ᠄ 〈ᠮᠢᠨᠦ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠡᠪᠦᠳᠦᠭ ᠪᠣᠯᠭᠠᠨ ᠮᠢᠨᠦ ᠡᠮᠦᠨ᠎ᠡ ᠰᠥᠭᠥᠳᠥᠨ᠎ᠡ᠂ ᠬᠡᠯᠡ ᠪᠣᠯᠭᠠᠨ ᠪᠤᠷᠬᠠᠨ ᠳᠤ ᠥᠴᠢᠭᠯᠡᠨ᠎ᠡ〉》 ᠭᠡᠵᠦ ᠪᠢᠴᠢᠭᠳᠡᠭᠰᠡᠨ ᠪᠠᠢᠳᠠᠭ᠃ 12 ᠲᠡᠢᠨ ᠬᠦ ᠪᠢᠳᠡᠨ ᠦ ᠬᠥᠮᠦᠨ ᠪᠣᠯᠭᠠᠨ ᠥᠪᠡᠷ ᠦᠨ ᠢᠶᠠᠨ ᠲᠤᠬᠠᠢ ᠪᠤᠷᠬᠠᠨ ᠤ ᠡᠮᠦᠨ᠎ᠡ ᠥᠴᠢᠭᠯᠡᠬᠦ ᠪᠣᠯᠣᠨ᠎ᠠ᠃

13 ᠡᠢᠮᠦ ᠳᠦ ᠪᠢᠳᠡ ᠪᠡᠶ᠎ᠡ ᠪᠡᠶ᠎ᠡ ᠪᠡᠨ ᠰᠢᠭᠦᠮᠵᠢᠯᠡᠬᠦ ᠪᠡᠨ ᠪᠣᠯᠢᠵᠠᠭᠠᠶ᠎ᠠ᠃ ᠠᠬ᠎ᠠ ᠳᠡᠭᠦᠦ ᠶᠢᠨ ᠢᠶᠠᠨ ᠡᠮᠦᠨ᠎ᠡ ᠰᠠᠭᠠᠳ ᠲᠣᠳᠬᠠᠷ ᠲᠠᠯᠪᠢᠬᠤ ᠪᠠᠨ ᠪᠣᠯᠢᠬᠤ ᠪᠠᠷ ᠰᠢᠢᠳᠦᠭᠲᠦᠨ᠃ 14 ᠤᠭ ᠠᠴᠠ ᠪᠠᠨ ᠪᠤᠵᠠᠷ ᠵᠦᠢᠯ 14 ᠭᠡᠵᠦ ᠦᠭᠡᠢ᠂ ᠬᠠᠷᠢᠨ ᠬᠥᠮᠦᠨ ᠦ ᠪᠤᠵᠠᠷ ᠭᠡᠵᠦ ᠦᠵᠡᠳᠡᠭ ᠵᠦᠢᠯᠡᠰ ᠯᠠ ᠪᠤᠢ᠂ ᠪᠢ ᠡᠭᠦᠨ ᠢ ᠡᠵᠡᠨ ᠢᠰᠦ᠋ᠰ ᠤᠨ ᠳᠣᠲᠣᠷ᠎ᠠ ᠣᠢᠯᠠᠭᠠᠭᠰᠠᠨ ᠪᠥᠭᠡᠳ ᠢᠲᠡᠭᠡᠳᠡᠭ᠃ 15 ᠬᠡᠷᠪᠡ ᠬᠣᠭᠣᠯᠠᠨ ᠤ ᠠᠰᠠᠭᠤᠳᠠᠯ ᠢᠶᠠᠷ ᠠᠬ᠎ᠠ ᠳᠡᠭᠦᠦ ᠪᠡᠨ ᠭᠤᠨᠢᠭᠯᠠᠭᠤᠯᠤᠭᠰᠠᠨ ᠪᠣᠯ᠂ ᠲᠠ ᠬᠠᠢᠷ᠎ᠠ ᠪᠠᠷ ᠬᠠᠨᠳᠤᠭᠰᠠᠨ ᠪᠢᠰᠢ᠃ ᠲᠡᠭᠦᠨ ᠢ ᠬᠣᠭᠣᠯᠠᠨ ᠤ ᠠᠰᠠᠭᠤᠳᠠᠯ ᠢᠶᠠᠷ ᠪᠦᠦ ᠰᠦᠢᠷᠡᠭᠦᠯ᠂ ᠾᠷᠢᠰᠲ᠋ᠣᠰ ᠲᠡᠭᠦᠨ ᠦ ᠡᠮᠦᠨ᠎ᠡ ᠡᠴᠡ ᠨᠠᠰᠤ ᠪᠠᠷᠠᠭᠰᠠᠨ ᠶᠤᠮ᠃ 16 ᠰᠠᠢᠰᠢᠶᠠᠳᠠᠭ ᠵᠦᠢᠯ ᠴᠢᠨᠢ ᠮᠠᠭᠤᠰᠢᠶᠠᠭᠳᠠᠬᠤ ᠦᠭᠡᠢ ᠪᠠᠢᠬᠤ ᠪᠣᠯᠲᠤᠭᠠᠢ᠃ 17 ᠤᠴᠢᠷ ᠨᠢ᠂ ᠪᠤᠷᠬᠠᠨ ᠤ ᠬᠠᠭᠠᠨᠴᠢᠯᠠᠯ ᠪᠣᠯ ᠬᠣᠭᠣᠯᠠ ᠤᠮᠳᠠ ᠪᠤᠰᠤ᠂ ᠬᠠᠷᠢᠨ ᠵᠥᠪ᠂ ᠠᠮᠤᠭᠤᠯᠠᠩ ᠪᠠ ᠠᠷᠢᠭᠤᠨ ᠰᠦᠨᠡᠰᠦᠨ ᠦ ᠳᠣᠲᠣᠷᠠᠬᠢ ᠪᠠᠶᠠᠰᠬᠤᠯᠠᠩ ᠮᠥᠨ᠃ 18 ᠾᠷᠢᠰᠲ᠋ᠣᠰ ᠲᠤ ᠡᠢᠨ ᠬᠦ ᠦᠢᠯᠡᠴᠢᠯᠡᠭᠴᠢ ᠨᠢ ᠪᠤᠷᠬᠠᠨ ᠤ ᠲᠠᠭᠠᠰᠢᠶᠠᠯ ᠪᠠ ᠬᠥᠮᠦᠨ ᠦ ᠰᠠᠢᠰᠢᠶᠠᠯ ᠢ ᠣᠯᠣᠨ᠎ᠠ᠃ 19 ᠲᠡᠢᠮᠦ ᠶᠢᠨ ᠲᠤᠯᠠ ᠪᠢᠳᠡ ᠠᠮᠤᠭᠤᠯᠠᠩ ᠪᠠ ᠪᠡᠶ᠎ᠡ ᠪᠡᠶ᠎ᠡ ᠪᠡᠨ ᠪᠣᠰᠬᠠᠨ ᠪᠠᠢᠭᠤᠯᠬᠤ ᠶᠢ ᠬᠥᠭᠡᠭᠡᠴᠡᠯᠳᠦᠵᠡᠭᠡᠶ᠎ᠡ᠃ 20 ᠬᠣᠭᠣᠯᠠᠨ ᠤ ᠠᠰᠠᠭᠤᠳᠠᠯ ᠢᠶᠠᠷ ᠪᠤᠷᠬᠠᠨ ᠤ ᠠᠵᠢᠯ ᠢ ᠪᠦᠦ ᠰᠦᠢᠷᠡᠭᠦᠯ᠃ ᠬᠠᠮᠤᠭ ᠶᠠᠭᠤᠮ᠎ᠠ ᠴᠡᠪᠡᠷ ᠪᠣᠯᠪᠠᠴᠤ ᠪᠦᠳᠦᠷᠢᠭᠦᠯᠬᠦ ᠠᠶᠤᠯ ᠲᠠᠢ ᠪᠣᠯ ᠢᠳᠡᠬᠦ ᠬᠥᠮᠦᠨ ᠳᠦᠨᠢ ᠰᠠᠢᠨ ᠪᠢᠰᠢ᠃ 21 ᠮᠢᠬ᠎ᠠ ᠢᠳᠡᠭᠰᠡᠨ ᠴᠤ᠂ ᠠᠷᠢᠬᠢ ᠤᠤᠭᠤᠭᠰᠠᠨ ᠴᠤ᠂ ᠠᠬ᠎ᠠ ᠳᠡᠭᠦᠦ ᠪᠡᠨ ᠪᠦᠳᠦᠷᠢᠭᠦᠯᠬᠦ ᠶᠤᠮ ᠪᠣᠯ ᠶᠠᠭᠤ ᠶᠢ ᠨᠢ ᠴᠤ ᠦᠢᠯᠡᠳᠬᠦ ᠦᠭᠡᠢ ᠨᠢ ᠳᠡᠭᠡᠷ᠎ᠡ᠃ 22 ᠪᠤᠷᠬᠠᠨ ᠤ ᠡᠮᠦᠨ᠎ᠡ ᠲᠠ ᠪᠠᠢᠭ᠎ᠠ ᠢᠲᠡᠭᠡᠯ ᠢᠶᠡᠨ ᠪᠠᠷᠢᠮᠲᠠᠯᠠᠵᠤ ᠪᠠᠢ᠃ ᠵᠥᠪᠰᠢᠶᠡᠷᠡᠳᠡᠭ᠌ ᠵᠦᠢᠯ ᠳᠡᠭᠡᠨ ᠥᠪᠡᠷ ᠢ ᠪᠠᠨ ᠦᠯᠦ ᠪᠤᠷᠤᠭᠤᠳᠬᠠᠭᠴᠢ ᠨᠢ ᠪᠤᠶᠠᠨ ᠲᠠᠢ᠃ 23 ᠭᠡᠪᠡᠴᠦ ᠡᠷᠡᠭᠡᠯᠵᠡᠨ ᠢᠳᠡᠭᠴᠢ ᠨᠢ ᠪᠤᠷᠤᠭᠤ ᠭᠡᠳᠡᠭ ᠢᠶᠡᠨ ᠲᠣᠭᠲᠠᠭᠠᠵᠠᠢ᠃ ᠤᠴᠢᠷ ᠨᠢ᠂ ᠲᠡᠷᠡ ᠢᠲᠡᠭᠡᠯ ᠢᠶᠡᠷ ᠢᠳᠡᠭᠰᠡᠨ ᠪᠢᠰᠢ᠂ ᠢᠲᠡᠭᠡᠯ ᠢᠶᠡᠷ ᠬᠢᠭᠰᠡᠨ ᠪᠢᠰᠢ ᠪᠣᠯ ᠶᠠᠭᠤ ᠴᠤ ᠭᠡᠰᠡᠨ ᠭᠡᠮ ᠨᠢᠭᠦᠯ ᠶᠤᠮ᠃