ᠷᠣᠮᠠ ᠠᠷᠪᠠᠨ ᠲᠠᠪᠤ
ᠪᠠᠶᠠᠰᠬᠤᠯᠠᠩ ᠪᠠ ᠠᠮᠤᠭᠤᠯᠠᠩ ᠢᠶᠠᠷ ᠳᠦᠭᠦᠷᠡᠩ ᠠᠮᠢᠳᠤᠷᠠᠯ
1 ᠲᠡᠢᠮᠦ ᠡᠴᠡ ᠬᠦᠴᠦᠲᠡᠢ ᠪᠢᠳᠡ ᠬᠦᠴᠦ ᠦᠭᠡᠢ ᠬᠥᠮᠦᠰ ᠦᠨ ᠰᠤᠯᠠ ᠲᠠᠯ᠎ᠠ ᠶᠢ ᠬᠦᠯᠢᠴᠡᠬᠦ ᠶᠣᠰᠣᠲᠠᠢ᠂ ᠥᠪᠡᠷ ᠦᠨ ᠢᠶᠠᠨ ᠲᠠᠭᠠᠰᠢᠶᠠᠯ ᠳᠤ ᠯᠠ ᠨᠡᠢᠴᠡᠭᠦᠯᠦᠭᠡᠳ ᠪᠠᠢᠵᠤ ᠪᠣᠯᠬᠤ ᠦᠭᠡᠢ᠃ 2 ᠪᠢᠳᠡᠨ ᠦ ᠬᠥᠮᠦᠨ ᠪᠦᠷᠢ ᠬᠥᠷᠰᠢ ᠶᠢᠨ ᠢᠶᠠᠨ ᠰᠠᠢᠨ ᠤ ᠲᠥᠯᠥᠭᠡ᠂ ᠲᠡᠳᠡᠨ ᠢ ᠪᠣᠰᠬᠠᠨ ᠪᠠᠢᠭᠤᠯᠬᠤ ᠶᠢᠨ ᠲᠥᠯᠥᠭᠡ ᠲᠠᠭᠠᠰᠢᠶᠠᠯ ᠳᠤᠨᠢ ᠨᠡᠢᠴᠡᠭᠦᠯᠬᠦ ᠪᠣᠯᠲᠤᠭᠠᠢ᠃ 3 ᠾᠷᠢᠰᠲ᠋ᠣᠰ ᠴᠤ ᠥᠪᠡᠷ ᠦᠨ ᠢᠶᠠᠨ ᠲᠠᠭᠠᠰᠢᠶᠠᠯ ᠳᠤ ᠨᠡᠢᠴᠡᠭᠦᠯᠬᠦ ᠭᠡᠰᠡᠨ ᠦᠭᠡᠢ᠂ ᠡᠭᠦᠨ ᠦ ᠲᠤᠬᠠᠢ 《ᠲᠠᠨ ᠢ ᠳᠣᠷᠣᠮᠵᠢᠯᠠᠭᠴᠢᠳ ᠤᠨ ᠳᠣᠷᠣᠮᠵᠢᠯᠠᠯ ᠮᠢᠨᠦ ᠳᠡᠭᠡᠷ᠎ᠡ ᠪᠠᠭᠤᠵᠠᠢ》 ᠭᠡᠵᠦ ᠪᠢᠴᠢᠭᠳᠡᠭᠰᠡᠨ ᠪᠠᠢᠳᠠᠭ᠃ 4 ᠤᠷᠢᠳᠤ ᠶᠢᠨ ᠪᠢᠴᠢᠭᠳᠡᠭᠰᠡᠨ ᠪᠣᠯᠭᠠᠨ ᠨᠢ ᠪᠢᠳᠡᠨ ᠢ ᠰᠤᠷᠭᠠᠬᠤ ᠶᠢᠨ ᠲᠤᠯᠠᠳᠠ ᠪᠠᠢᠭᠰᠠᠨ ᠶᠤᠮ᠃ ᠡᠢᠨ ᠬᠦ ᠪᠢᠳᠡ ᠠᠷᠢᠭᠤᠨ ᠨᠣᠮ ᠤᠨ ᠥᠭᠬᠦ ᠲᠡᠪᠴᠢᠶᠡᠷᠢ ᠪᠠ ᠲᠠᠢᠳᠬᠤᠷᠠᠯ ᠢᠶᠠᠷ ᠡᠷᠡᠮᠡᠯᠵᠡᠯ ᠤᠯᠳᠠᠭ᠃ 5 ᠲᠡᠪᠴᠢᠶᠡᠷᠢ ᠪᠠ ᠲᠠᠢᠳᠬᠤᠷᠠᠯ ᠤᠨ ᠪᠤᠷᠬᠠᠨ ᠠᠴᠠ ᠢᠰᠦ᠋ᠰ ᠾᠷᠢᠰᠲ᠋ᠣᠰ ᠲᠠᠢ ᠨᠡᠢᠴᠡᠭᠦᠯᠬᠦ ᠨᠢᠭᠡ ᠰᠠᠨᠠᠭ᠎ᠠ ᠶᠢ ᠲᠠ ᠨᠠᠷ ᠲᠤ ᠰᠣᠶᠣᠷᠬᠠᠬᠤ ᠪᠣᠯᠲᠤᠭᠠᠢ᠂ 6 ᠲᠡᠢᠨ ᠬᠦ ᠲᠠ ᠨᠠᠷ ᠨᠢᠭᠡ ᠰᠡᠳᠬᠢᠯ᠂ ᠨᠢᠭᠡ ᠳᠠᠭᠤᠨ ᠢᠶᠠᠷ ᠪᠢᠳᠡᠨ ᠦ ᠡᠵᠡᠨ ᠢᠰᠦ᠋ᠰ ᠾᠷᠢᠰᠲ᠋ᠣᠰ ᠤᠨ ᠡᠴᠢᠭᠡ ᠪᠤᠷᠬᠠᠨ ᠢ ᠠᠯᠳᠠᠷᠰᠢᠭᠤᠯᠬᠤ ᠪᠣᠯᠣᠨ᠎ᠠ᠃
7 ᠪᠤᠷᠬᠠᠨ ᠤ ᠠᠯᠳᠠᠷ ᠰᠤᠤ ᠶᠢᠨ ᠲᠥᠯᠥᠭᠡ ᠾᠷᠢᠰᠲ᠋ᠣᠰ ᠲᠠ ᠨᠠᠷ ᠢ ᠬᠦᠯᠢᠶᠡᠨ ᠠᠪᠤᠭᠰᠠᠨᠴᠢᠯᠠᠨ ᠲᠠ ᠨᠠᠷ ᠴᠤ ᠪᠡᠶ᠎ᠡ ᠪᠡᠶ᠎ᠡ ᠪᠡᠨ ᠬᠦᠯᠢᠶᠡᠨ ᠠᠪᠴᠠᠭ᠎ᠠ᠃ 8 ᠪᠢ ᠾᠷᠢᠰᠲ᠋ᠣᠰ ᠢ ᠳᠤᠷᠠᠳᠴᠤ ᠪᠠᠢᠨ᠎ᠠ᠃ ᠲᠡᠷᠡ ᠪᠤᠷᠬᠠᠨ ᠤ ᠦᠨᠡᠨ ᠦ ᠲᠥᠯᠥᠭᠡ ᠬᠥᠪᠴᠢᠷᠬᠡᠢ ᠪᠡᠨ ᠬᠥᠨᠳᠡᠭᠦᠯᠦᠭᠴᠢᠳ ᠤᠨ ᠵᠠᠷᠤᠴᠠ ᠪᠣᠯᠵᠤ ᠮᠠᠨ ᠤ ᠡᠪᠦᠭᠡ ᠳᠡᠭᠡᠳᠦᠰ ᠦᠨ ᠠᠮᠠᠯᠠᠯᠲᠠ ᠨᠤᠭᠤᠳ ᠢ ᠪᠠᠲᠤᠯᠠᠭᠰᠠᠨ ᠪᠥᠭᠡᠳ 9 ᠡᠢᠨ ᠬᠦ ᠬᠠᠷᠢᠴᠤᠳ ᠪᠤᠷᠬᠠᠨ ᠤ ᠡᠨᠡᠷᠢᠯ ᠢ ᠮᠠᠭᠲᠠᠬᠤ ᠪᠣᠯᠣᠭᠰᠠᠨ᠃ ᠡᠭᠦᠨ ᠦ ᠲᠤᠬᠠᠢ 《ᠲᠡᠢᠮᠦ ᠡᠴᠡ ᠬᠠᠷᠢᠴᠤᠳ ᠤᠨ ᠳᠤᠮᠳᠠ ᠪᠢ ᠲᠠᠨ ᠳᠤ ᠲᠠᠯᠠᠷᠬᠠᠨ᠂ ᠲᠠᠨ ᠤ ᠨᠡᠷ᠎ᠡ ᠳᠦ ᠮᠠᠭᠲᠠᠭᠠᠯ ᠢ ᠡᠷᠭᠦᠨ᠎ᠡ》 ᠭᠡᠵᠦ ᠪᠢᠴᠢᠭᠳᠡᠭᠰᠡᠨ ᠪᠥᠭᠡᠳ 10 ᠪᠠᠰᠠ 《ᠬᠠᠷᠢᠴᠤᠳ ᠡ︕ ᠲᠡᠭᠦᠨ ᠦ ᠠᠷᠠᠳ ᠲᠠᠢ ᠬᠠᠮᠲᠤ ᠪᠠᠶᠠᠰᠴᠠᠭᠠ》 ᠬᠡᠮᠡᠨ᠂ 11 ᠳᠠᠬᠢᠨ 《ᠪᠦᠬᠦ ᠬᠠᠷᠢᠴᠤᠳ ᠡ᠂ ᠡᠵᠡᠨ ᠢ ᠳᠡᠭᠡᠳᠦᠯᠡᠭᠲᠦᠨ᠂ ᠬᠠᠮᠤᠭ ᠶᠠᠰᠤᠲᠠᠨ ᠨᠤᠭᠤᠳ ᠡ᠂ ᠲᠡᠭᠦᠨ ᠢ ᠠᠯᠳᠠᠷᠰᠢᠭᠤᠯᠤᠭᠲᠤᠨ》 ᠭᠡᠰᠡᠨ᠂ 12 ᠢᠰᠠᠢᠶ᠎ᠠ ᠴᠤ 《ᠢᠱᠠᠢ 15 ᠶᠢᠨ ᠦᠨᠳᠦᠰᠦ ᠡᠭᠦᠰᠴᠦ᠂ ᠦᠨᠳᠦᠰᠦᠲᠡᠨ ᠨᠦᠭᠦᠳ ᠢ ᠵᠠᠬᠢᠷᠬᠤ ᠪᠠᠷ ᠪᠣᠰᠣᠭᠴᠢ ᠭᠠᠷᠤᠨ᠎ᠠ᠂ ᠬᠠᠷᠢᠴᠤᠳ ᠲᠡᠭᠦᠨ ᠳᠦ ᠨᠠᠢᠳᠠᠬᠤ ᠪᠣᠯᠣᠨ᠎ᠠ》 ᠭᠡᠵᠦ ᠬᠡᠯᠡᠭᠰᠡᠨ ᠪᠠᠢᠳᠠᠭ᠃ 13 ᠡᠷᠡᠮᠡᠯᠵᠡᠯ ᠦᠨ ᠪᠤᠷᠬᠠᠨ ᠲᠠ ᠨᠠᠷ ᠢ ᠢᠲᠡᠭᠡᠯ ᠦᠨ ᠴᠢᠨᠢ ᠳᠣᠲᠣᠷᠠᠬᠢ ᠠᠯᠢᠪᠠ ᠪᠠᠶᠠᠰᠬᠤᠯᠠᠩ᠂ ᠠᠮᠤᠭᠤᠯᠠᠩ ᠢᠶᠠᠷ ᠳᠦᠭᠦᠷᠭᠡᠵᠦ᠂ ᠠᠷᠢᠭᠤᠨ ᠰᠦᠨᠡᠰᠦᠨ ᠦ ᠬᠦᠴᠦ ᠪᠡᠷ ᠦᠯᠡᠮᠵᠢ ᠶᠡᠬᠡ ᠡᠷᠡᠮᠡᠯᠵᠡᠯ ᠲᠡᠢ ᠪᠣᠯᠭᠠᠬᠤ ᠪᠣᠯᠲᠤᠭᠠᠢ᠃
ᠬᠠᠷᠢ ᠦᠨᠳᠦᠰᠦᠲᠡᠨ ᠦ ᠲᠥᠯᠥᠭᠡ
14 ᠠᠬ᠎ᠠ ᠳᠡᠭᠦᠦ ᠨᠠᠷ ᠮᠢᠨᠢ ᠡ᠂ ᠲᠠ ᠨᠠᠷ ᠰᠠᠢᠨ ᠰᠠᠢᠬᠠᠨ ᠢᠶᠠᠷ ᠳᠦᠭᠦᠷᠡᠩ ᠪᠣᠯᠬᠣᠷ ᠠᠯᠢᠪᠠ ᠮᠡᠳᠡᠯᠭᠡ ᠪᠡᠷ ᠭᠦᠢᠴᠡᠳ᠂ ᠮᠥᠨ ᠴᠤ ᠪᠡᠶ᠎ᠡ ᠪᠡᠶ᠎ᠡ ᠪᠡᠨ ᠢᠳᠬᠠᠬᠤ ᠴᠢᠳᠠᠪᠤᠷᠢ ᠲᠠᠢ ᠭᠡᠳᠡᠭ ᠲᠦ ᠪᠢ ᠢᠲᠡᠭᠡᠵᠦ ᠪᠠᠢᠨ᠎ᠠ᠃ 15 ᠭᠡᠪᠡᠴᠦ ᠪᠢ ᠲᠠ ᠨᠠᠷ ᠲᠤ ᠳᠠᠬᠢᠨ ᠰᠠᠨᠠᠭᠤᠯᠤᠶ᠎ᠠ ᠭᠡᠰᠡᠨ ᠳᠡᠭᠡᠨ ᠪᠤᠷᠬᠠᠨ ᠤ ᠰᠣᠶᠣᠷᠬᠠᠭᠰᠠᠨ ᠢᠪᠡᠭᠡᠯ ᠢᠶᠡᠷ ᠵᠠᠷᠢᠮ ᠵᠦᠢᠯ ᠢ ᠨᠡᠩ ᠢᠯᠡᠭᠦᠦ ᠵᠣᠷᠢᠭᠲᠠᠢ ᠪᠢᠴᠢᠭᠰᠡᠨ᠃ 16 ᠲᠡᠷᠡ ᠢᠪᠡᠭᠡᠯ ᠢᠶᠡᠷ ᠬᠠᠷᠢᠴᠤᠳ ᠤᠨ ᠲᠥᠯᠥᠭᠡ ᠾᠷᠢᠰᠲ᠋ᠣᠰ ᠢᠰᠦ᠋ᠰ ᠤᠨ ᠵᠠᠷᠤᠴᠠ ᠪᠣᠯᠣᠭᠰᠠᠨ ᠪᠢ ᠬᠠᠷᠢᠴᠤᠳ ᠢ ᠲᠠᠭᠠᠯᠠᠮᠵᠢᠲᠠᠢ᠂ ᠠᠷᠢᠭᠤᠨ ᠰᠦᠨᠡᠰᠦᠨ ᠦ ᠠᠷᠢᠭᠤᠰᠬᠠᠯ ᠲᠠᠢ ᠡᠷᠭᠦᠯ ᠪᠣᠯᠭᠠᠬᠤ ᠭᠡᠵᠦ ᠪᠤᠷᠬᠠᠨ ᠤ ᠪᠠᠶᠠᠷ ᠤᠨ ᠮᠡᠳᠡᠭᠡ ᠶᠢ ᠳᠡᠯᠭᠡᠷᠡᠭᠦᠯᠳᠡᠭ᠌ ᠡᠭᠦᠷᠭᠡ ᠪᠡᠨ ᠲᠠᠬᠢᠯᠴᠢ ᠮᠡᠲᠦ ᠪᠡᠶᠡᠯᠡᠭᠦᠯᠵᠦ ᠪᠠᠢᠳᠠᠭ᠃ 17 ᠡᠢᠮᠦ ᠳᠦ ᠪᠤᠷᠬᠠᠨ ᠤ ᠲᠤᠬᠠᠢ ᠭᠡᠪᠡᠯ᠂ ᠪᠢ ᠾᠷᠢᠰᠲ᠋ᠣᠰ ᠢᠰᠦ᠋ᠰ ᠤᠨ ᠳᠣᠲᠣᠷ᠎ᠠ ᠰᠠᠢᠷᠬᠠᠬᠤ ᠤᠴᠢᠷᠲᠠᠢ᠃ 18 ᠭᠡᠪᠡᠴᠦ ᠬᠠᠷᠢᠴᠤᠳ ᠢ ᠳᠤᠭᠤᠯᠭᠠᠪᠤᠷᠢᠲᠠᠢ ᠪᠣᠯᠭᠠᠬᠤ ᠶᠢᠨ ᠲᠤᠯᠠᠳᠠ ᠾᠷᠢᠰᠲ᠋ᠣᠰ ᠤᠨ ᠨᠠᠳᠠ ᠪᠠᠷ ᠳᠠᠮᠵᠢᠭᠤᠯᠤᠨ ᠠᠮᠠ ᠪᠠ ᠠᠵᠢᠯ ᠢᠶᠠᠷ ᠮᠢᠨᠢ᠂ 19 ᠲᠤᠬᠠᠢᠯᠠᠪᠠᠯ ᠰᠢᠳᠢ ᠲᠡᠮᠳᠡᠭ ᠦᠨ ᠭᠠᠢᠬᠠᠮᠰᠢᠭᠲᠤ ᠬᠦᠴᠦ᠂ ᠠᠷᠢᠭᠤᠨ ᠰᠦᠨᠡᠰᠦᠨ ᠦ ᠬᠦᠴᠦ ᠪᠡᠷ ᠦᠢᠯᠡᠳᠦᠭᠰᠡᠨ ᠶᠠᠪᠤᠳᠠᠯ ᠤᠳ ᠠᠴᠠ ᠥᠭᠡᠷ᠎ᠡ ᠶᠢ ᠶᠠᠷᠢᠬᠤ ᠵᠣᠷᠢᠭ ᠨᠠᠳᠠ ᠳᠤ ᠪᠠᠢᠬᠤ ᠦᠭᠡᠢ᠃ ᠡᠳᠡᠭᠡᠷ ᠦᠨ ᠠᠴᠢ ᠪᠠᠷ ᠪᠢ ᠶᠧᠷᠦ᠋ᠰᠠᠯᠧᠮ ᠡᠴᠡ ᠢᠯᠦᠷᠢᠺᠤᠨ ᠬᠦᠷᠲᠡᠯ᠎ᠡ ᠡ᠊ᠨᠳᠡ ᠲᠡᠨᠳᠡ ᠦᠭᠡᠢ ᠶᠠᠪᠤᠵᠤ᠂ ᠾᠷᠢᠰᠲ᠋ᠣᠰ ᠤᠨ ᠪᠠᠶᠠᠷ ᠤᠨ ᠮᠡᠳᠡᠭᠡ ᠶᠢ ᠨᠡᠢᠳᠡᠮ ᠳᠡᠯᠭᠡᠷᠡᠭᠦᠯᠦᠭᠰᠡᠨ ᠶᠤᠮ᠃ 20 ᠲᠡᠭᠡᠬᠦ ᠳᠦ ᠪᠢ ᠾᠷᠢᠰᠲ᠋ᠣᠰ ᠤᠨ ᠨᠡᠷ᠎ᠡ ᠳᠠᠭᠤᠷᠢᠰᠤᠭᠠ ᠦᠭᠡᠢ ᠭᠠᠵᠠᠷ ᠲᠤ ᠪᠠᠶᠠᠷ ᠤᠨ ᠮᠡᠳᠡᠭᠡ ᠤᠯᠠᠮᠵᠢᠯᠠᠬᠤ ᠶᠢ ᠬᠢᠴᠢᠶᠡᠭᠰᠡᠨ᠃ ᠡᠢᠨ ᠬᠦ ᠪᠤᠰᠤᠳ ᠬᠥᠮᠦᠨ ᠦ ᠰᠠᠭᠤᠷᠢᠨ ᠳᠡᠭᠡᠷ᠎ᠡ ᠶᠠᠭᠤ ᠴᠤ ᠪᠠᠢᠭᠤᠯᠬᠤ ᠦᠭᠡᠢ᠂ 21 ᠬᠠᠷᠢᠨ 《ᠲᠡᠭᠦᠨ ᠦ ᠲᠤᠬᠠᠢ ᠮᠡᠳᠡᠭᠡ ᠦᠭᠡᠢ ᠬᠥᠮᠦᠰ ᠬᠠᠷᠠᠵᠤ᠂ ᠲᠡᠭᠦᠨ ᠦ ᠲᠤᠬᠠᠢ ᠰᠣᠨᠣᠰᠣᠭ᠎ᠠ ᠦᠭᠡᠢ ᠬᠥᠮᠦᠰ ᠤᠬᠠᠭᠠᠷᠠᠬᠤ ᠪᠣᠯᠣᠨ᠎ᠠ》 ᠭᠡᠵᠦ ᠪᠢᠴᠢᠭᠳᠡᠭᠰᠡᠨ ᠲᠡᠢ ᠨᠡᠢᠴᠡᠭᠦᠯᠬᠦ ᠭᠡᠰᠡᠨ᠃
22 ᠪᠢ ᠲᠠ ᠨᠠᠷ ᠤᠷᠤᠭᠤ ᠣᠴᠢᠬᠤ ᠭᠡᠰᠡᠨ ᠴᠤ᠂ ᠣᠯᠠᠨᠲᠠ ᠰᠠᠭᠠᠲᠠᠭᠠᠭᠳᠠᠭᠰᠠᠨ ᠤ ᠤᠴᠢᠷ ᠨᠢ ᠡᠨᠡ ᠶᠤᠮ᠃ 23 ᠭᠡᠪᠡᠴᠦ ᠡᠳᠦᠭᠡ ᠡᠨᠡ ᠬᠠᠪᠢ ᠪᠠᠷ ᠠᠵᠢᠯᠯᠠᠮᠠᠷ ᠭᠠᠵᠠᠷ ᠦᠭᠡᠢ ᠪᠥᠭᠡᠳ ᠪᠢ ᠲᠠ ᠨᠠᠷ ᠤᠷᠤᠭᠤ ᠣᠴᠢᠬᠤ ᠭᠡᠵᠦ ᠣᠯᠠᠨ ᠵᠢᠯ ᠡᠷᠡᠮᠡᠯᠵᠡᠭᠰᠡᠨ ᠪᠣᠯᠬᠣᠷ 24 ᠢᠰᠫᠠᠨᠢ ᠳᠤ ᠣᠴᠢᠬᠤ ᠵᠠᠮ ᠢᠶᠠᠷ ᠢᠶᠠᠨ ᠲᠠ ᠨᠠᠷ ᠲᠠᠢ ᠠᠭᠤᠯᠵᠠᠭᠰᠠᠨ ᠢᠶᠠᠷ ᠲᠦᠷ ᠵᠠᠭᠤᠷ᠎ᠠ ᠰᠡᠳᠬᠢᠯ ᠬᠠᠨᠤᠭᠰᠠᠨ ᠤ ᠳᠠᠷᠠᠭ᠎ᠠ᠂ ᠲᠠ ᠨᠠᠷ ᠢᠶᠠᠷ ᠲᠤᠰᠠᠯᠠᠭᠤᠯᠵᠤ ᠴᠢᠨᠠᠭᠰᠢ ᠪᠠᠨ ᠶᠠᠪᠤᠬᠤ ᠰᠠᠨᠠᠭ᠎ᠠ ᠲᠠᠢ᠃ 25 ᠬᠠᠷᠢᠨ ᠣᠳᠣ ᠪᠢ ᠠᠷᠢᠭᠤᠨ ᠬᠥᠮᠦᠰ ᠲᠦ ᠲᠤᠰᠠᠯᠠᠮᠵᠢ ᠦᠵᠡᠭᠦᠯᠬᠦ ᠪᠡᠷ ᠶᠧᠷᠦ᠋ᠰᠠᠯᠧᠮ ᠤᠷᠤᠭᠤ ᠶᠠᠪᠤᠵᠤ ᠪᠠᠢᠨ᠎ᠠ᠃ 26 ᠶᠠᠭᠠᠬᠢᠭᠠᠳ ᠭᠡᠪᠡᠯ᠂ ᠮᠠᠺᠧᠳᠣᠨᠢᠴᠤᠳ ᠪᠠ ᠠᠺᠠᠢᠶᠠᠴᠤᠳ ᠶᠧᠷᠦ᠋ᠰᠠᠯᠧᠮ ᠳᠤ ᠪᠠᠢᠭ᠎ᠠ ᠠᠷᠢᠭᠤᠨ ᠬᠥᠮᠦᠰ ᠦᠨ ᠳᠣᠲᠣᠷᠠᠬᠢ ᠶᠠᠳᠠᠭᠤ ᠬᠥᠮᠦᠰ ᠦᠨ ᠲᠥᠯᠥᠭᠡ ᠳᠤᠷᠠᠲᠠᠶ᠎ᠠ ᠬᠠᠨᠳᠢᠪ ᠴᠤᠭᠯᠠᠭᠤᠯᠵᠠᠢ᠃ 27 ᠲᠡᠳᠡ ᠳᠤᠷᠠᠲᠠᠢ ᠬᠢᠭᠰᠡᠨ ᠪᠥᠭᠡᠳ ᠲᠡᠭᠡᠬᠦ ᠥᠭᠴᠡᠭᠡ ᠲᠠᠢ ᠶᠤᠮ᠃ ᠶᠦᠳᠠᠢᠴᠤᠳ ᠤᠨ ᠰᠦᠨᠡᠰᠦᠯᠢᠭ ᠪᠤᠶᠠᠨ ᠤ ᠬᠤᠪᠢᠲᠠᠨ ᠪᠣᠯᠣᠭᠰᠠᠨ ᠬᠠᠷᠢᠴᠤᠳ ᠮᠢᠬᠠᠨ ᠪᠡᠶ᠎ᠡ ᠶᠢᠨ ᠪᠤᠶᠠᠨ ᠢᠶᠠᠷ ᠢᠶᠠᠨ ᠲᠡᠳᠡᠨ ᠳᠦ ᠲᠤᠰᠠᠯᠠᠬᠤ ᠥᠭᠴᠡᠭᠡ ᠲᠠᠢ᠃ 28 ᠲᠡᠢᠮᠦ ᠡᠴᠡ ᠪᠢ ᠡᠭᠦᠨ ᠢ ᠭᠦᠢᠴᠡᠳᠬᠡᠵᠦ᠂ ᠡᠨᠡ ᠬᠠᠨᠳᠢᠪ ᠢ ᠲᠡᠳᠡᠨ ᠳᠦ ᠪᠠᠲᠤᠲᠠᠢ ᠲᠤᠰᠢᠶᠠᠭᠰᠠᠨ ᠤ ᠳᠠᠷᠠᠭ᠎ᠠ᠂ ᠲᠠᠨ ᠤ ᠲᠡᠷᠡᠭᠦᠷ ᠳᠠᠭᠠᠷᠢᠨ ᠢᠰᠫᠠᠨᠢ ᠤᠷᠤᠭᠤ ᠣᠴᠢᠬᠤ ᠪᠠᠢᠬ᠎ᠠ᠃ 29 ᠪᠢ ᠲᠠᠨ ᠤ ᠲᠡᠨᠳᠡ ᠾᠷᠢᠰᠲ᠋ᠣᠰ ᠤᠨ ᠦᠯᠡᠮᠵᠢ ᠢᠷᠥᠭᠡᠯ ᠲᠡᠢ ᠪᠠᠷ ᠣᠴᠢᠨ᠎ᠠ ᠭᠡᠳᠡᠭ ᠢᠶᠡᠨ ᠮᠡᠳᠡᠨ᠎ᠡ᠃
30 ᠠᠬ᠎ᠠ ᠳᠡᠭᠦᠦ ᠨᠠᠷ ᠡ᠂ ᠪᠢᠳᠡᠨ ᠦ ᠡᠵᠡᠨ ᠢᠰᠦ᠋ᠰ ᠾᠷᠢᠰᠲ᠋ᠣᠰ ᠢᠶᠠᠷ ᠪᠠ ᠠᠷᠢᠭᠤᠨ ᠰᠦᠨᠡᠰᠦᠨ ᠦ ᠬᠠᠢᠷ᠎ᠠ ᠪᠠᠷ ᠲᠠ ᠨᠠᠷ ᠢ ᠢᠳᠬᠠᠶ᠎ᠠ᠃ ᠲᠠ ᠨᠠᠷ ᠨᠠᠳᠠ ᠲᠠᠢ ᠬᠠᠮᠲᠤ ᠲᠡᠮᠡᠴᠡᠵᠦ ᠪᠤᠷᠬᠠᠨ ᠤ ᠡᠮᠦᠨ᠎ᠡ ᠮᠢᠨᠦ ᠲᠥᠯᠥᠭᠡ ᠳᠠᠭᠠᠳᠬᠠᠭᠠᠷᠠᠢ᠄ 31 ᠶᠦᠳᠠᠢ ᠳᠤ ᠪᠠᠢᠭ᠎ᠠ ᠦᠯᠦ ᠢᠲᠡᠭᠡᠭᠴᠢᠳ ᠡᠴᠡ ᠪᠢ ᠬᠡᠯᠲᠦᠷᠢᠭᠦᠯᠦᠭᠳᠡᠭᠡᠰᠡᠢ᠂ ᠶᠧᠷᠦ᠋ᠰᠠᠯᠧᠮ ᠳᠤ ᠪᠣᠯᠬᠤ ᠦᠢᠯᠡ ᠶᠠᠪᠤᠳᠠᠯ ᠲᠡᠨᠳᠡᠬᠢ ᠶᠢᠨ ᠠᠷᠢᠭᠤᠨ ᠬᠥᠮᠦᠰ ᠲᠦ ᠲᠠᠭᠠᠯᠠᠭᠳᠠᠭᠠᠰᠠᠢ᠂ 32 ᠲᠡᠭᠡᠭᠡᠳ ᠪᠢ ᠪᠤᠷᠬᠠᠨ ᠤ ᠲᠠᠭᠠᠯᠠᠯ ᠢᠶᠠᠷ ᠲᠠ ᠨᠠᠷ ᠤᠷᠤᠭᠤ ᠪᠠᠶᠠᠷ ᠲᠠᠢ ᠪᠠᠷ ᠣᠴᠢᠵᠤ᠂ ᠲᠠ ᠨᠠᠷ ᠲᠠᠢ ᠬᠠᠮᠲᠤ ᠠᠮᠠᠷᠠᠬᠤ ᠪᠣᠯᠣᠭᠠᠰᠠᠢ᠃ 33 ᠠᠮᠤᠷ ᠠᠮᠤᠭᠤᠯᠠᠩ ᠤᠨ ᠪᠤᠷᠬᠠᠨ ᠲᠠ ᠪᠦᠭᠦᠳᠡ ᠲᠠᠢ ᠬᠠᠮᠲᠤ ᠪᠠᠢᠬᠤ ᠪᠣᠯᠲᠤᠭᠠᠢ᠃ ᠠᠮᠧᠨ︕