ᠷᠣᠮᠠ ᠭᠤᠷᠪᠠ
ᠦᠬᠦᠯ ᠦᠨ ᠶᠠᠯ᠎ᠠ
1 ᠲᠡᠢᠮᠦ ᠪᠣᠯ ᠶᠦᠳᠠᠢ ᠬᠥᠮᠦᠨ ᠦ ᠳᠠᠪᠠᠭᠤᠯᠢᠭ ᠲᠠᠯ᠎ᠠ ᠨᠢ ᠶᠠᠭᠤ ᠪᠤᠢ︖ ᠬᠥᠪᠴᠢᠷᠬᠡᠢ ᠬᠥᠨᠳᠡᠯᠲᠡ ᠨᠢ ᠮᠥᠨ ᠶᠠᠮᠠᠷ ᠲᠤᠰᠠ ᠲᠠᠢ ᠶᠤᠮ ᠪᠤᠢ︖ 2 ᠪᠦᠬᠦ ᠲᠠᠯ᠎ᠠ ᠪᠠᠷ ᠣᠯᠠᠨ ᠪᠠᠢᠨ᠎ᠠ᠃ ᠨᠢᠭᠡᠳᠦᠭᠡᠷ ᠲᠦ᠂ ᠪᠤᠷᠬᠠᠨ ᠤ ᠦᠭᠡ ᠲᠡᠳᠡᠨ ᠳᠦ ᠳᠠᠭᠠᠭᠠᠯᠭᠠᠭᠳᠠᠭᠰᠠᠨ᠃ 3 ᠲᠡᠳᠡᠨ ᠦ ᠵᠠᠷᠢᠮ ᠨᠢ ᠢᠲᠡᠭᠡᠮᠵᠢ ᠦᠭᠡᠢ ᠪᠠᠢᠭᠰᠠᠨ ᠴᠤ ᠶᠠᠭᠠᠬᠢᠬᠤ ᠪᠤᠢ︖ ᠲᠡᠳᠡᠨ ᠦ ᠢᠲᠡᠭᠡᠮᠵᠢ ᠦᠭᠡᠢ ᠡᠴᠡ ᠪᠣᠯᠵᠤ ᠪᠤᠷᠬᠠᠨ ᠢᠲᠡᠭᠡᠮᠵᠢᠲᠠᠢ ᠪᠠᠢᠬᠤ ᠪᠠᠨ ᠪᠣᠯᠢᠬᠤ ᠶᠤᠮ ᠤᠤ︖ 4 ᠣᠭᠲᠣ ᠲᠡᠢᠮᠦ ᠪᠢᠰᠢ᠂ ᠬᠠᠮᠤᠭ ᠬᠥᠮᠦᠨ ᠬᠤᠳᠠᠯᠴᠢ ᠪᠠᠢᠭᠰᠠᠨ ᠴᠤ ᠪᠤᠷᠬᠠᠨ ᠦᠨᠡᠨᠴᠢ ᠪᠠᠢᠳᠠᠭ᠃ ᠡᠨᠡ ᠨᠢ 《ᠲᠠ ᠠᠢᠯᠠᠳᠤᠪᠠᠯ ᠵᠥᠪ᠂ ᠰᠢᠭᠦᠭᠳᠡᠪᠡᠯ ᠢᠯᠠᠨ᠎ᠠ》 ᠭᠡᠵᠦ ᠪᠢᠴᠢᠭᠳᠡᠭᠰᠡᠨ ᠲᠡᠢ ᠠᠳᠠᠯᠢ᠃ 5 ᠬᠠᠷᠢᠨ ᠪᠢᠳᠡᠨ ᠦ ᠵᠥᠪ ᠪᠤᠰᠤ ᠨᠢ ᠪᠤᠷᠬᠠᠨ ᠤ ᠵᠥᠪ ᠢ ᠲᠣᠳᠣᠷᠠᠭᠤᠯᠳᠠᠭ ᠭᠡᠪᠡᠯ ᠪᠢᠳᠡ ᠶᠠᠭᠤ ᠬᠡᠯᠡᠬᠦ ᠪᠤᠢ︖ ᠪᠤᠷᠬᠠᠨ ᠠᠭᠤᠷ ᠬᠢᠯᠢᠩ ᠢᠶᠠᠨ ᠪᠢᠳᠡᠨ ᠦ ᠳᠡᠭᠡᠷ᠎ᠡ ᠪᠠᠭᠤᠯᠭᠠᠬᠤ ᠨᠢ ᠵᠥᠪ ᠪᠤᠰᠤ ᠭᠡᠬᠦ ᠤᠤ︖ (ᠪᠢ ᠬᠥᠮᠦᠨ ᠦ ᠶᠣᠰᠣᠭᠠᠷ ᠶᠠᠷᠢᠵᠤ ᠪᠠᠢᠨ᠎ᠠ᠃) 6 ᠣᠭᠲᠣ ᠲᠡᠢᠮᠦ ᠪᠢᠰᠢ᠃ ᠪᠤᠷᠬᠠᠨ ᠵᠥᠪ ᠪᠤᠰᠤ ᠪᠣᠯ ᠶᠢᠷᠲᠢᠨᠴᠦ ᠶᠢ ᠶᠠᠭᠠᠬᠢᠵᠤ ᠰᠢᠭᠦᠬᠦ ᠪᠤᠢ︖ 7 ᠵᠠᠷᠢᠮ ᠨᠢ᠄ 《ᠮᠢᠨᠦ ᠬᠤᠳᠠᠯ ᠪᠤᠷᠬᠠᠨ ᠤ ᠦᠨᠡᠨ ᠢ ᠲᠣᠳᠣᠷᠠᠭᠤᠯᠤᠨ ᠲᠡᠭᠦᠨ ᠦ ᠠᠯᠳᠠᠷ ᠲᠤ ᠨᠡᠮᠡᠷᠢ ᠪᠣᠯᠵᠤ ᠪᠠᠢᠬᠤ ᠳᠤ ᠶᠠᠭᠤᠨ ᠳᠤ ᠨᠠᠮᠠᠶᠢ ᠨᠢᠭᠦᠯᠲᠡᠨ ᠮᠡᠲᠦ ᠰᠢᠭᠦᠭᠡᠳ ᠪᠠᠢᠬᠤ ᠪᠤᠢ︖》 ᠭᠡᠬᠦ ᠪᠣᠯᠣᠨ᠎ᠠ᠃ 8 ᠬᠠᠷᠢᠨ᠄ 《ᠰᠠᠢᠨ ᠢ ᠪᠡᠶᠡᠯᠡᠭᠦᠯᠬᠦ ᠶᠢᠨ ᠲᠤᠯᠠᠳᠠ ᠮᠠᠭᠤ ᠶᠢ ᠦᠢᠯᠡᠳᠴᠡᠭᠡ》 ᠭᠡᠬᠦ ᠤᠤ︖ ᠵᠠᠷᠢᠮ ᠨᠢ ᠪᠢᠳᠡᠨ ᠢ ᠢᠩᠭᠢᠵᠦ ᠬᠡᠯᠡᠯ᠎ᠡ ᠭᠡᠵᠦ ᠭᠦᠳᠬᠡᠳᠡᠭ᠃ ᠡᠳᠡᠭᠡᠷ ᠬᠥᠮᠦᠨ ᠰᠢᠳᠬᠡᠭᠳᠡᠬᠦ ᠶᠣᠰᠣᠲᠠᠢ᠃
9 ᠲᠡᠢᠮᠦ ᠪᠣᠯᠬᠣᠷ ᠪᠢᠳᠡ ᠲᠡᠳᠡᠨ ᠡᠴᠡ ᠳᠠᠪᠠᠭᠤᠯᠢᠭ ᠭᠡᠵᠢ ᠤᠤ︖ ᠶᠡᠷᠦ ᠲᠡᠢᠮᠦ ᠪᠢᠰᠢ᠂ ᠪᠢᠳᠡᠨ ᠦ ᠡᠮᠦᠨ᠎ᠡ ᠳᠤᠷᠠᠳᠤᠭᠰᠠᠨᠴᠢᠯᠠᠨ ᠶᠦᠳᠠᠢᠴᠤᠳ ᠴᠤ᠂ ᠭᠷᠧᠭᠴᠦᠳ ᠴᠤ ᠴᠥᠮ ᠢᠶᠡᠷ ᠢᠶᠠᠨ ᠨᠢᠭᠦᠯ ᠦᠨ ᠳᠣᠣᠷ᠎ᠠ 1 ᠪᠠᠢᠳᠠᠭ᠃ 10 ᠡᠨᠡ ᠲᠤᠬᠠᠢ᠄ 《ᠵᠥᠪᠲᠦ ᠬᠥᠮᠦᠨ ᠠᠯᠠᠭ᠎ᠠ᠂ ᠭᠠᠭᠴᠠ ᠴᠤ ᠠᠯᠠᠭ᠎ᠠ᠃
11 ᠤᠬᠠᠭᠠᠷᠠᠳᠠᠭ ᠬᠥᠮᠦᠨ ᠠᠯᠠᠭ᠎ᠠ᠂ ᠪᠤᠷᠬᠠᠨ ᠢ ᠬᠠᠢᠳᠠᠭ ᠬᠥᠮᠦᠨ ᠠᠯᠠᠭ᠎ᠠ᠃
12 ᠪᠦᠭᠦᠳᠡᠭᠡᠷ ᠢᠶᠡᠨ ᠭᠠᠵᠢᠭᠰᠠᠨ᠂ ᠴᠥᠮ ᠢᠶᠡᠷ ᠢᠶᠠᠨ ᠳᠡᠮᠡᠢᠷᠡᠭᠰᠡᠨ ᠰᠠᠢᠨ ᠢ ᠦᠢᠯᠡᠳᠦᠭᠴᠢ ᠠᠯᠠᠭ᠎ᠠ᠂ ᠶᠡᠷᠦ ᠭᠠᠭᠴᠠ ᠴᠤ ᠠᠯᠠᠭ᠎ᠠ᠃》
13 《ᠲᠡᠳᠡᠨ ᠦ ᠬᠣᠭᠣᠯᠠᠢ ᠣᠩ᠋ᠭᠣᠷᠬᠠᠢ ᠪᠤᠯᠠᠰᠢ ᠬᠡᠯᠡᠨ ᠳᠦᠨᠢ ᠣᠪ ᠮᠡᠬᠡ ᠪᠤᠢ᠃》 《ᠣᠷᠣᠭᠤᠯ ᠳᠣᠣᠷ᠎ᠠ ᠨᠢ ᠮᠣᠭᠠᠢ ᠶᠢᠨ ᠬᠣᠣᠷ ᠪᠤᠢ᠃》
14 《ᠠᠮᠠ ᠨᠢ ᠬᠠᠷᠢᠶᠠᠯ ᠪᠠ ᠭᠠᠰᠢᠭᠤᠨ ᠢᠶᠠᠷ ᠳᠦᠭᠦᠷᠡᠩ᠃》
15 《ᠬᠥᠯ ᠨᠢ ᠴᠢᠰᠤ ᠤᠷᠤᠰᠬᠠᠬᠤ ᠳᠤ ᠬᠤᠷᠳᠤᠨ
16 ᠵᠠᠮ ᠳᠤᠨᠢ ᠬᠥᠨᠥᠭᠡᠯ ᠪᠠ ᠵᠣᠪᠠᠯᠠᠩ ᠪᠤᠢ᠃
17 ᠲᠡᠳᠡ ᠠᠮᠤᠷ ᠠᠮᠤᠭᠤᠯᠠᠩ ᠤᠨ ᠵᠠᠮ ᠢ ᠮᠡᠳᠡᠳᠡᠭ ᠦᠭᠡᠢ᠃》
18 《ᠲᠡᠳᠡᠨ ᠦ ᠨᠢᠳᠦᠨ ᠳᠦ ᠪᠤᠷᠬᠠᠨ ᠠᠴᠠ ᠡᠮᠢᠶᠡᠬᠦᠢ ᠨᠢ ᠦᠭᠡᠢ》 ᠭᠡᠰᠡᠨ᠃
19 ᠬᠠᠤᠯᠢ ᠶᠢᠨ ᠬᠡᠯᠡᠳᠡᠭ ᠦᠭᠡ ᠪᠦᠷᠢ ᠬᠠᠤᠯᠢ ᠶᠢᠨ ᠳᠣᠣᠷᠠᠬᠢ ᠬᠥᠮᠦᠨ ᠳᠦ ᠬᠡᠯᠡᠳᠡᠭ ᠢ ᠪᠢᠳᠡ ᠮᠡᠳᠡᠨ᠎ᠡ᠃ ᠡᠢᠨ ᠬᠦ ᠠᠮᠠ ᠪᠣᠯᠭᠠᠨ ᠲᠠᠭᠯᠠᠭᠳᠠᠵᠤ ᠶᠢᠷᠲᠢᠨᠴᠦ ᠶᠢᠨ ᠬᠠᠮᠤᠭ ᠬᠥᠮᠦᠨ ᠪᠤᠷᠬᠠᠨ ᠤ ᠰᠢᠭᠦᠯᠲᠡ ᠶᠢ ᠬᠦᠯᠢᠶᠡᠬᠦ ᠪᠣᠯᠣᠯ᠎ᠠ᠃ 20 ᠲᠡᠢᠮᠦ ᠡᠴᠡ ᠬᠠᠤᠯᠢ ᠶᠢ ᠳᠠᠭᠠᠳᠠᠭ ᠢᠶᠠᠷ ᠢᠶᠠᠨ ᠪᠤᠷᠬᠠᠨ ᠤ ᠮᠡᠯᠮᠡᠢ ᠶᠢᠨ ᠡᠮᠦᠨ᠎ᠡ ᠵᠥᠪᠲᠥᠭᠡᠭᠳᠡᠬᠦ ᠮᠢᠬᠠᠨ ᠪᠡᠶᠡᠲᠦ ᠬᠥᠮᠦᠨ ᠭᠡᠵᠦ ᠦᠭᠡᠢ᠃ ᠬᠠᠤᠯᠢ ᠪᠠᠷ ᠬᠥᠮᠦᠨ ᠨᠢᠭᠦᠯ ᠢᠶᠡᠨ ᠯᠠ ᠤᠬᠠᠭᠠᠷᠠᠳᠠᠭ ᠶᠤᠮ᠃
ᠪᠤᠷᠬᠠᠨ ᠳᠤ ᠵᠥᠪᠲᠥᠭᠡᠭᠳᠡᠬᠦ ᠵᠠᠮ
21 ᠬᠠᠷᠢᠨ ᠡᠳᠦᠭᠡ ᠬᠠᠤᠯᠢ ᠡᠴᠡ ᠠᠩᠭᠢᠳᠠ ᠪᠤᠷᠬᠠᠨ ᠳᠤ ᠵᠥᠪᠲᠥᠭᠡᠭᠳᠡᠬᠦ ᠵᠠᠮ ᠢᠯᠡᠷᠬᠡᠶᠢᠯᠡᠭᠳᠡᠵᠡᠢ᠂ ᠡᠭᠦᠨ ᠢ ᠬᠠᠤᠯᠢ ᠪᠠ ᠡᠰᠢ ᠦᠵᠡᠭᠦᠯᠦᠭᠴᠢᠳ ᠤᠨ ᠦᠭᠡ ᠭᠡᠷᠡᠴᠢᠯᠡᠵᠦ ᠪᠠᠢᠨ᠎ᠠ᠃ 22 ᠪᠤᠷᠬᠠᠨ ᠢᠰᠦ᠋ᠰ ᠾᠷᠢᠰᠲ᠋ᠣᠰ ᠲᠤ ᠢᠲᠡᠭᠡᠭᠴᠢ ᠪᠦᠬᠦᠨ ᠢ ᠢᠲᠡᠭᠡᠯ ᠢᠶᠡᠷ ᠨᠢ ᠵᠥᠪᠲᠥᠭᠡᠳᠡᠭ᠃ ᠡᠭᠦᠨ ᠳᠦ ᠢᠯᠭᠠᠭ᠎ᠠ ᠭᠡᠵᠦ ᠦᠭᠡᠢ᠃ 23 ᠪᠦᠭᠦᠳᠡᠭᠡᠷ ᠨᠢᠭᠦᠯ ᠦᠢᠯᠡᠳᠦᠭᠰᠡᠨ ᠢᠶᠡᠷ ᠢᠶᠠᠨ ᠪᠤᠷᠬᠠᠨ ᠤ ᠠᠯᠳᠠᠷ ᠰᠤᠤ ᠳᠤ ᠬᠦᠷᠦᠰᠢ ᠦᠭᠡᠢ ᠪᠣᠯᠪᠠᠴᠤ 24 ᠾᠷᠢᠰᠲ᠋ᠣᠰ ᠢᠰᠦ᠋ᠰ ᠤᠨ ᠵᠣᠯᠢᠯᠲᠠ ᠶᠢᠨ ᠠᠴᠢ ᠪᠠᠷ ᠪᠤᠷᠬᠠᠨ ᠳᠤ ᠢᠪᠡᠭᠡᠭᠳᠡᠵᠦ ᠦᠨ᠎ᠡ ᠦᠭᠡᠢ ᠵᠥᠪᠲᠥᠭᠡᠭᠳᠡᠵᠡᠢ᠃ 25 ᠪᠤᠷᠬᠠᠨ ᠢᠲᠡᠭᠡᠭᠴᠢᠳ ᠤᠨ ᠲᠥᠯᠥᠭᠡ ᠢᠰᠦ᠋ᠰ ᠤᠨ ᠴᠢᠰᠤ ᠶᠢ ᠵᠣᠯᠢᠶᠠᠰᠤ ᠪᠣᠯᠭᠠᠬᠤ ᠪᠠᠷ ᠰᠢᠢᠳᠦᠭᠡᠳ ᠲᠡᠳᠡᠨ ᠦ ᠤᠷᠢᠳᠤ ᠶᠢᠨ ᠭᠡᠮ ᠨᠢᠭᠦᠯ ᠢ ᠬᠦᠯᠢᠴᠡᠨ ᠥᠩᠭᠡᠷᠡᠭᠦᠯᠦᠭᠰᠡᠨ ᠢᠶᠡᠷ ᠢᠶᠠᠨ ᠥᠪᠡᠷ ᠦᠨ ᠵᠥᠪ ᠢ ᠢᠯᠡᠷᠡᠭᠦᠯᠦᠭᠰᠡᠨ ᠪᠥᠭᠡᠳ 26 ᠥᠪᠡᠷ ᠦᠨ ᠵᠥᠪ ᠭᠡᠳᠡᠭ ᠢᠶᠡᠨ᠂ ᠮᠥᠨ ᠢᠰᠦ᠋ᠰ ᠲᠤ ᠢᠲᠡᠭᠡᠭᠴᠢᠳ ᠢ ᠵᠥᠪᠲᠥᠭᠡᠳᠡᠭ ᠢᠶᠡᠨ ᠥᠨᠥ ᠦᠶ᠎ᠡ ᠳᠦ ᠪᠠᠲᠤᠯᠠᠵᠠᠢ᠃
27 ᠲᠡᠭᠡᠪᠡᠯ ᠰᠠᠢᠷᠬᠠᠯ ᠭᠡᠵᠦ ᠬᠠᠮᠢᠭ᠎ᠠ ᠪᠠᠢᠨ᠎ᠠ︖ ᠬᠠᠮᠢᠭ᠎ᠠ ᠴᠤ ᠪᠠᠢᠬᠤ ᠦᠭᠡᠢ᠂ ᠶᠠᠮᠠᠷ ᠬᠠᠤᠯᠢ ᠪᠠᠷ ᠵᠥᠪᠲᠥᠭᠡᠭᠳᠡᠬᠦ ᠪᠤᠢ︖ ᠦᠢᠯᠡᠰ ᠦᠨ ᠬᠠᠤᠯᠢ ᠪᠠᠷ ᠤᠤ︖ ᠪᠢᠰᠢ᠂ ᠢᠲᠡᠭᠡᠯ ᠦᠨ ᠬᠠᠤᠯᠢ ᠪᠠᠷ ᠶᠤᠮ᠃ 28 ᠬᠥᠮᠦᠨ ᠬᠠᠤᠯᠢ ᠶᠢ ᠪᠡᠶᠡᠯᠡᠭᠦᠯᠬᠦ ᠪᠡᠷ ᠪᠤᠰᠤ᠂ ᠬᠠᠷᠢᠨ ᠢᠲᠡᠭᠡᠯ ᠢᠶᠡᠷ ᠵᠥᠪᠲᠥᠭᠡᠭᠳᠡᠨᠡ ᠭᠡᠵᠦ ᠪᠢᠳᠡ ᠦᠵᠡᠳᠡᠭ᠃ 29 ᠪᠤᠷᠬᠠᠨ ᠵᠥᠪᠬᠡᠨ ᠶᠦᠳᠠᠢᠴᠤᠳ ᠤᠨ ᠬᠢ ᠭᠡᠵᠢ ᠤᠤ︖ ᠮᠥᠨ ᠬᠠᠷᠢᠴᠤᠳ ᠤᠨ ᠬᠢ ᠪᠢᠰᠢ ᠤᠤ︖ ᠲᠡᠢᠮᠦ ᠡ᠂ ᠲᠡᠷᠡ ᠬᠠᠷᠢᠴᠤᠳ ᠤᠨ ᠬᠢ ᠴᠤ ᠮᠥᠨ᠃ 30 ᠶᠠᠭᠠᠬᠢᠭᠠᠳ ᠭᠡᠪᠡᠯ᠂ ᠪᠤᠷᠬᠠᠨ ᠴᠣᠷ ᠤᠨ ᠭᠠᠭᠴᠠ ᠤᠴᠢᠷ ᠠᠴᠠ ᠬᠥᠪᠴᠢᠷᠬᠡᠢ ᠪᠡᠨ ᠬᠥᠨᠳᠡᠭᠦᠯᠦᠭᠴᠢᠳ ᠢ ᠴᠤ ᠢᠲᠡᠭᠡᠯ ᠢᠶᠡᠷ᠂ ᠦᠯᠦ ᠬᠥᠨᠳᠡᠭᠦᠯᠦᠭᠴᠢᠳ ᠢ ᠴᠤ ᠢᠲᠡᠭᠡᠯ ᠢᠶᠡᠷ ᠵᠥᠪᠲᠥᠭᠡᠨᠡ᠃ 31 ᠡᠢᠨ ᠬᠦ ᠪᠢᠳᠡ ᠬᠠᠤᠯᠢ ᠶᠢ ᠢᠲᠡᠭᠡᠯ ᠢᠶᠡᠷ ᠨᠤᠷᠠᠭᠠᠵᠤ ᠪᠠᠢᠨ᠎ᠠ ᠭᠡᠵᠢ ᠤᠤ︖ ᠣᠭᠲᠣ ᠲᠡᠢᠮᠦ ᠪᠢᠰᠢ᠂ ᠬᠠᠤᠯᠢ ᠶᠢ ᠪᠠᠲᠤᠳᠬᠠᠵᠤ ᠪᠠᠢᠨ᠎ᠠ᠃