1 2 3 4 5 6 7 8 9 10 11 12 13 14 15 16


ᠷᠣᠮᠠ ᠵᠢᠷᠭᠤᠭ᠎ᠠ
 ᠰᠢᠨ᠎ᠡ ᠠᠮᠢ᠂ ᠰᠢᠨ᠎ᠡ ᠠᠮᠢᠳᠤᠷᠠᠯ

1 ᠡᠳᠡᠭᠡᠷ ᠦᠨ ᠲᠤᠬᠠᠢ ᠪᠢᠳᠡ ᠶᠠᠭᠤ ᠬᠡᠯᠡᠬᠦ ᠪᠤᠢ︖ ᠢᠪᠡᠭᠡᠯ ᠢ ᠶᠡᠬᠡᠰᠭᠡᠬᠦ ᠶᠢᠨ ᠲᠥᠯᠥᠭᠡ ᠨᠢᠭᠦᠯ ᠦᠨ ᠢᠶᠠᠨ ᠳᠣᠲᠣᠷ᠎ᠠ ᠪᠠᠢᠵᠠᠭᠠᠶ᠎ᠠ ᠭᠡᠬᠦ ᠤᠤ︖ 2 ᠣᠭᠲᠣ ᠲᠡᠢᠮᠦ ᠪᠢᠰᠢ᠂ ᠨᠢᠭᠦᠯ ᠳᠦ ᠠᠮᠢ ᠦᠭᠡᠢ ᠪᠣᠯᠣᠭᠰᠠᠨ ᠪᠢᠳᠡ ᠶᠠᠭᠠᠬᠢᠨ ᠨᠢᠭᠦᠯ ᠦᠨ ᠳᠣᠲᠣᠷ᠎ᠠ ᠠᠮᠢᠳᠤᠷᠠᠭᠰᠠᠭᠠᠷ ᠪᠠᠢᠬᠤ ᠪᠤᠢ︖ 3 ᠤᠬᠢᠶᠠᠯ ᠬᠦᠷᠲᠡᠵᠦ ᠾᠷᠢᠰᠲ᠋ᠣᠰ ᠢᠰᠦ᠋ᠰ ᠤᠨ ᠳᠣᠲᠣᠷ᠎ᠠ ᠣᠷᠣᠭᠰᠠᠨ ᠪᠢᠳᠡ ᠪᠦᠭᠦᠳᠡᠭᠡᠷ ᠢᠶᠡᠨ ᠤᠬᠢᠶᠠᠯ ᠬᠦᠷᠲᠡᠵᠦ ᠲᠡᠭᠦᠨ ᠦ ᠦᠬᠦᠯ ᠳᠦ ᠣᠷᠣᠭᠰᠠᠨ ᠢ ᠲᠠ ᠨᠠᠷ ᠮᠡᠳᠡᠬᠦ ᠦᠭᠡᠢ ᠭᠡᠵᠢ ᠤᠤ︖ 4 ᠪᠢᠳᠡ ᠢᠩᠭᠢᠵᠦ ᠦᠬᠦᠯ ᠳᠦ ᠣᠷᠣᠬᠤ ᠤᠬᠢᠶᠠᠯ ᠬᠦᠷᠲᠡᠭᠰᠡᠨ ᠢᠶᠡᠷ ᠢᠶᠠᠨ ᠲᠡᠭᠦᠨ ᠲᠡᠢ ᠬᠠᠮᠲᠤ ᠪᠤᠯᠠᠰᠢᠯᠠᠭᠳᠠᠭᠰᠠᠨ ᠪᠥᠭᠡᠳ ᠡᠢᠨ ᠬᠦ ᠾᠷᠢᠰᠲ᠋ᠣᠰ ᠡᠴᠢᠭᠡ ᠶᠢᠨ ᠢᠶᠠᠨ ᠠᠯᠳᠠᠷ ᠰᠤᠤᠲᠤ ᠬᠦᠴᠦ ᠪᠡᠷ ᠦᠬᠦᠭᠰᠡᠳ ᠦᠨ ᠳᠤᠮᠳᠠ ᠠᠴᠠ ᠠᠮᠢᠯᠠᠭᠤᠯᠤᠭᠳᠠᠭᠰᠠᠨ ᠮᠡᠲᠦ ᠪᠢᠳᠡ ᠴᠤ ᠰᠢᠨ᠎ᠡ ᠠᠮᠢ ᠳᠤ ᠣᠷᠣᠵᠤ ᠠᠮᠢᠳᠤᠷᠠᠬᠤ ᠪᠣᠯᠣᠯ᠎ᠠ᠃

5 ᠬᠡᠷᠪᠡ ᠪᠢᠳᠡ ᠲᠡᠭᠦᠨ ᠲᠡᠢ ᠠᠳᠠᠯᠢ ᠦᠬᠦᠯ ᠢᠶᠡᠷ ᠲᠡᠭᠦᠨ ᠯᠦᠭᠡ ᠨᠢᠭᠡᠳᠦᠭᠰᠡᠨ ᠪᠣᠯ᠂ ᠮᠥᠨ ᠲᠡᠭᠦᠨ ᠲᠡᠢ ᠠᠳᠠᠯᠢ ᠠᠮᠢᠯᠠᠯᠲᠠ ᠯᠤᠭ᠎ᠠ ᠯᠠᠪ ᠨᠢᠭᠡᠳᠬᠦ ᠪᠣᠯᠣᠨ᠎ᠠ᠃ 6 ᠪᠢᠳᠡᠨ ᠦ ᠮᠡᠳᠡᠳᠡᠭᠴᠢᠯᠡᠨ ᠬᠠᠭᠤᠴᠢᠨ ᠬᠥᠮᠦᠨ ᠮᠠᠨᠢ ᠲᠡᠭᠦᠨ ᠲᠡᠢ ᠬᠠᠮᠲᠤ ᠵᠠᠭᠠᠯᠮᠠᠢ ᠳᠤ ᠴᠣᠪᠳᠣᠯᠠᠭᠳᠠᠭᠰᠠᠨ᠃ ᠲᠡᠢᠮᠦ ᠡᠴᠡ ᠨᠢᠭᠦᠯᠲᠦ ᠪᠡᠶ᠎ᠡ ᠮᠢᠨᠢ ᠬᠦᠴᠦᠨ ᠦᠭᠡᠢ ᠪᠣᠯᠵᠤ 4 ᠂ ᠪᠢᠳᠡ ᠳᠠᠬᠢᠭᠠᠳ ᠨᠢᠭᠦᠯ ᠤᠨ ᠪᠣᠭᠣᠯ ᠪᠢᠰᠢ ᠪᠣᠯᠤᠭᠰᠠᠨ ᠶᠤᠮ᠃ 7 ᠤᠴᠢᠷ ᠨᠢ᠂ ᠦᠬᠦᠭᠰᠡᠨ ᠬᠥᠮᠦᠨ ᠨᠢᠭᠦᠯ ᠡᠴᠡ ᠴᠢᠯᠥᠭᠡᠯᠡᠭᠳᠡᠭᠰᠡᠨ ᠪᠠᠢᠳᠠᠭ᠃ 8 ᠾᠷᠢᠰᠲ᠋ᠣᠰ ᠲᠠᠢ ᠬᠠᠮᠲᠤ ᠦᠬᠦᠭᠰᠡᠨ ᠪᠣᠯ ᠮᠥᠨ ᠲᠡᠭᠦᠨ ᠲᠡᠢ ᠬᠠᠮᠲᠤ ᠠᠮᠢᠳᠤᠷᠠᠨ᠎ᠠ ᠭᠡᠳᠡᠭ ᠢ ᠪᠢᠳᠡ ᠢᠲᠡᠭᠡᠳᠡᠭ᠃ 9 ᠾᠷᠢᠰᠲ᠋ᠣᠰ ᠦᠬᠦᠭᠰᠡᠳ ᠦᠨ ᠳᠤᠮᠳᠠ ᠠᠴᠠ ᠠᠮᠢᠯᠠᠭᠰᠠᠨ ᠲᠤᠯᠠ ᠳᠠᠬᠢᠭᠠᠳ ᠦᠬᠦᠬᠦ ᠦᠭᠡᠢ ᠶᠢ᠂ ᠮᠥᠨ ᠦᠬᠦᠯ ᠲᠡᠭᠦᠨ ᠢ ᠳᠠᠬᠢᠨ ᠡᠵᠡᠮᠳᠡᠬᠦ ᠦᠭᠡᠢ ᠶᠢ ᠪᠢᠳᠡ ᠮᠡᠳᠡᠨ᠎ᠡ᠃ 10 ᠲᠡᠷᠡ ᠦᠬᠦᠬᠦ ᠳᠡᠭᠡᠨ ᠨᠢᠭᠦᠯ ᠳᠦ ᠨᠢᠭᠡᠮᠦᠰᠦᠨ ᠠᠮᠢ ᠦᠭᠡᠢ ᠪᠣᠯᠣᠭᠰᠠᠨ᠂ ᠠᠮᠢᠳᠤᠷᠠᠬᠤ ᠳᠠᠭᠠᠨ ᠪᠤᠷᠬᠠᠨ ᠳᠤ ᠠᠮᠢ ᠲᠠᠢ ᠪᠠᠢᠳᠠᠭ᠃ 11 ᠡᠨᠡ ᠮᠡᠲᠦ ᠪᠡᠷ ᠲᠠ ᠨᠠᠷ ᠴᠤ ᠥᠪᠡᠷᠰᠡᠳ ᠢᠶᠡᠨ ᠨᠢᠭᠦᠯ ᠳᠦ ᠠᠮᠢ ᠦᠭᠡᠢ ᠪᠣᠯᠣᠭᠰᠠᠨ ᠪᠥᠭᠡᠳ ᠪᠤᠷᠬᠠᠨ ᠤ ᠲᠠᠯ᠎ᠠ ᠳᠤ ᠾᠷᠢᠰᠲ᠋ᠣᠰ ᠢᠰᠦ᠋ᠰ ᠤᠨ ᠳᠣᠲᠣᠷ᠎ᠠ ᠠᠮᠢᠳᠤ ᠪᠠᠢᠨ᠎ᠠ ᠭᠡᠵᠦ ᠲᠣᠭᠠᠴᠠ᠃

12 ᠦᠬᠦᠬᠦ ᠮᠢᠬᠠᠨ ᠪᠡᠶ᠎ᠡ ᠪᠡᠨ ᠨᠢᠭᠦᠯ ᠢᠶᠡᠷ ᠪᠦᠦ ᠨᠣᠶᠠᠷᠬᠠᠭᠤᠯ᠂ ᠮᠢᠬᠠᠨ ᠪᠡᠶ᠎ᠡ ᠶᠢᠨ ᠲᠠᠴᠢᠶᠠᠯ ᠳᠤ ᠵᠠᠬᠢᠷᠤᠭᠳᠠᠵᠤ ᠪᠣᠯᠬᠤ ᠦᠭᠡᠢ᠃ 13 ᠪᠡᠶ᠎ᠡ ᠶᠢᠨ ᠡᠷᠬᠡᠲᠡᠨ ᠨᠦᠭᠦᠳ ᠢᠶᠡᠨ ᠵᠥᠪ ᠪᠤᠰᠤ ᠶᠢᠨ ᠬᠡᠷᠡᠭᠰᠡᠯ ᠪᠣᠯᠭᠠᠨ ᠨᠢᠭᠦᠯ ᠳᠦ ᠪᠦᠦ ᠲᠤᠰᠢᠶᠠ᠂ ᠬᠠᠷᠢᠨ ᠦᠬᠦᠭᠰᠡᠳ ᠦᠨ ᠳᠤᠮᠳᠠ ᠠᠴᠠ ᠠᠮᠢᠳᠤᠷᠠᠭᠰᠠᠳ ᠮᠡᠲᠦ ᠪᠡᠷ ᠪᠡᠶ᠎ᠡ ᠪᠡᠨ ᠪᠤᠷᠬᠠᠨ ᠳᠤ ᠡᠷᠭᠦᠭᠡᠷᠡᠢ᠂ ᠡᠷᠬᠡᠲᠡᠨ ᠨᠦᠭᠦᠳ ᠢᠶᠡᠨ ᠵᠥᠪ ᠦᠨ ᠬᠡᠷᠡᠭᠰᠡᠯ ᠪᠣᠯᠭᠠᠨ ᠪᠤᠷᠬᠠᠨ ᠳᠤ ᠲᠤᠰᠢᠶᠠ᠃ 14 ᠨᠢᠭᠦᠯ ᠲᠠ ᠨᠠᠷ ᠢ ᠡᠵᠡᠮᠳᠡᠬᠦ ᠦᠭᠡᠢ᠂ ᠤᠴᠢᠷ ᠨᠢ᠂ ᠲᠠ ᠨᠠᠷ ᠬᠠᠤᠯᠢ ᠶᠢᠨ ᠳᠣᠣᠷ᠎ᠠ ᠪᠢᠰᠢ᠂ ᠬᠠᠷᠢᠨ ᠢᠪᠡᠭᠡᠯ ᠦᠨ ᠳᠣᠣᠷ᠎ᠠ ᠪᠠᠢᠳᠠᠭ᠃

15 ᠡᠢᠮᠦ ᠡᠴᠡ ᠪᠢᠳᠡ ᠶᠠᠭᠠᠬᠢᠬᠤ ᠶᠣᠰᠣᠲᠠᠢ ᠪᠤᠢ︖ ᠬᠠᠤᠯᠢ ᠳᠣᠣᠷ᠎ᠠ ᠪᠢᠰᠢ᠂ ᠢᠪᠡᠭᠡᠯ ᠳᠣᠣᠷ᠎ᠠ ᠪᠠᠢᠭ᠎ᠠ ᠲᠤᠯᠠ ᠨᠢᠭᠦᠯ ᠦᠢᠯᠡᠳᠬᠦ ᠤᠤ︖ ᠣᠭᠲᠣ ᠪᠣᠯᠬᠤ ᠦᠭᠡᠢ᠃ 16 ᠲᠠ ᠨᠠᠷ ᠬᠡᠨ ᠨᠢᠭᠡᠨ ᠳᠦ ᠪᠡᠶ᠎ᠡ ᠪᠡᠨ ᠪᠣᠭᠣᠯ ᠪᠣᠯᠭᠠᠨ ᠡᠷᠭᠦᠵᠦ ᠵᠠᠬᠢᠷᠤᠭᠳᠠᠪᠠᠯ ᠵᠠᠬᠢᠷᠤᠭᠰᠠᠨ ᠬᠥᠮᠦᠨ ᠦ ᠪᠠᠨ ᠪᠣᠭᠣᠯ ᠪᠣᠯᠳᠠᠭ ᠢᠶᠠᠨ ᠮᠡᠳᠡᠬᠦ ᠦᠭᠡᠢ ᠤᠤ︖ ᠦᠬᠦᠯ ᠳᠦ ᠬᠦᠷᠬᠦ ᠨᠢᠭᠦᠯ ᠦᠨ ᠪᠣᠭᠣᠯ᠂ ᠡᠰᠡᠪᠡᠯ ᠵᠥᠪ ᠲᠤ ᠬᠦᠷᠬᠦ ᠳᠤᠭᠤᠯᠭᠠᠪᠤᠷᠢ ᠶᠢᠨ ᠪᠣᠭᠣᠯ ᠪᠣᠯᠣᠨ᠎ᠠ ᠭᠡᠰᠡᠨ ᠦᠭᠡ᠃ 17 ᠪᠤᠷᠬᠠᠨ ᠳᠤ ᠲᠠᠯᠠᠷᠬᠠᠶ᠎ᠠ᠃ ᠲᠠ ᠨᠠᠷ ᠨᠢᠭᠦᠯ ᠦᠨ ᠪᠣᠭᠣᠯ ᠪᠠᠢᠭᠰᠠᠨ ᠪᠣᠯᠪᠠᠴᠤ ᠬᠦᠷᠲᠡᠭᠰᠡᠨ ᠰᠤᠷᠭᠠᠯ ᠢᠶᠠᠨ ᠴᠢᠩ ᠰᠡᠳᠬᠢᠯ ᠡᠴᠡ ᠪᠡᠨ ᠳᠠᠭᠠᠵᠤ᠂ 18 ᠨᠢᠭᠦᠯ ᠡᠴᠡ ᠴᠢᠯᠥᠭᠡᠯᠡᠭᠳᠡᠵᠦ ᠵᠥᠪ ᠦᠨ ᠪᠣᠭᠣᠯ ᠪᠣᠯᠣᠯ᠎ᠠ᠃ 19 ᠲᠠ ᠨᠠᠷ ᠤᠨ ᠮᠢᠬᠠᠨ ᠪᠡᠶ᠎ᠡ ᠬᠢᠵᠠᠭᠠᠷ ᠲᠠᠢ ᠪᠣᠯᠬᠣᠷ ᠪᠢ ᠬᠥᠮᠦᠨ ᠦ ᠶᠣᠰᠣᠭᠠᠷ ᠬᠡᠯᠡᠵᠦ ᠪᠠᠢᠨ᠎ᠠ᠃ ᠲᠠ ᠨᠠᠷ ᠡᠷᠬᠡᠲᠡᠨ ᠨᠦᠭᠦᠳ ᠢᠶᠡᠨ ᠴᠡᠪᠡᠷ ᠪᠤᠰᠤ ᠪᠠ ᠬᠠᠤᠯᠢ ᠪᠤᠰᠤ ᠳᠤ ᠲᠤᠰᠢᠶᠠᠨ ᠪᠣᠭᠣᠯᠴᠢᠯᠠᠭᠤᠯᠵᠤ ᠬᠠᠤᠯᠢ ᠪᠤᠰᠤ ᠶᠢᠨ ᠬᠢ ᠪᠣᠯᠭᠠᠭᠰᠠᠨ ᠤ ᠪᠠᠨ ᠶᠣᠰᠣᠭᠠᠷ ᠡᠳᠦᠭᠡ ᠮᠥᠨ ᠡᠷᠬᠡᠲᠡᠨ ᠨᠦᠭᠦᠳ ᠢᠶᠡᠨ ᠵᠥᠪ ᠲᠤ ᠲᠤᠰᠢᠶᠠᠨ ᠪᠣᠭᠣᠯᠴᠢᠯᠠᠭᠤᠯᠵᠤ ᠠᠷᠢᠭᠤᠨ ᠪᠣᠯᠭᠠᠭᠲᠤᠨ︕

20 ᠲᠠ ᠨᠠᠷ ᠨᠢᠭᠦᠯ ᠦᠨ ᠪᠣᠭᠣᠯ ᠪᠠᠢᠬᠤ ᠳᠠᠭᠠᠨ ᠵᠥᠪ ᠡᠴᠡ ᠴᠢᠯᠥᠭᠡᠲᠡᠢ ᠪᠠᠢᠭᠰᠠᠨ᠃ 21 ᠲᠡᠷᠡ ᠦᠶ᠎ᠡ ᠳᠦ ᠶᠠᠮᠠᠷ ᠦᠷ᠎ᠡ ᠵᠢᠮᠢᠰ ᠣᠯᠪᠠ︖ ᠡᠳᠦᠭᠡ ᠲᠡᠳᠡᠭᠡᠷ ᠶᠠᠪᠤᠳᠠᠯ ᠠᠴᠠ ᠪᠠᠨ ᠲᠠ ᠨᠠᠷ ᠢᠴᠢᠵᠦ ᠪᠠᠢᠨ᠎ᠠ᠂ ᠦᠨᠡᠨ ᠳᠡᠭᠡᠨ ᠲᠡᠳᠡᠭᠡᠷ ᠦᠨ ᠲᠡᠭᠦᠰᠬᠡᠯ ᠪᠣᠯ ᠦᠬᠦᠯ ᠪᠢᠯᠡ᠃ 22 ᠭᠡᠪᠡᠴᠦ ᠣᠳᠣ ᠲᠠ ᠨᠠᠷ ᠨᠢᠭᠦᠯ ᠡᠴᠡ ᠴᠢᠯᠥᠭᠡᠯᠡᠭᠳᠡᠵᠦ ᠪᠤᠷᠬᠠᠨ ᠤ ᠪᠣᠭᠣᠯ ᠪᠣᠯᠣᠭᠰᠠᠨ ᠪᠥᠭᠡᠳ ᠦᠷ᠎ᠡ ᠵᠢᠮᠢᠰ ᠣᠯᠣᠨ ᠠᠷᠢᠭᠤᠨ ᠪᠣᠯᠵᠤ ᠪᠠᠢᠨ᠎ᠠ᠂ ᠲᠡᠭᠦᠰᠬᠡᠯ ᠨᠢ ᠮᠥᠩᠬᠡ ᠠᠮᠢ ᠪᠢᠯᠡ᠃ 23 ᠨᠢᠭᠦᠯ ᠦᠨ ᠲᠥᠯᠥᠭᠡᠰᠦ ᠨᠢ ᠦᠬᠦᠯ᠂ ᠪᠤᠷᠬᠠᠨ ᠤ ᠰᠣᠶᠣᠷᠬᠠᠯ ᠨᠢ ᠪᠢᠳᠡᠨ ᠦ ᠡᠵᠡᠨ ᠾᠷᠢᠰᠲ᠋ᠣᠰ ᠢᠰᠦ᠋ᠰ ᠤᠨ ᠳᠣᠲᠣᠷᠠᠬᠢ 5 ᠮᠥᠩᠬᠡ ᠠᠮᠢ ᠮᠥᠨ᠃