1 2 3 4 5 6 7 8 9 10 11 12 13 14 15 16


ᠷᠣᠮᠠ ᠠᠷᠪᠠᠨ ᠨᠢᠭᠡ
 ᠢᠰᠷᠧᠯ ᠤᠨ ᠢᠷᠡᠭᠡᠳᠦᠢ

1 ᠡᠢᠮᠦ ᠳᠦ ᠪᠢ ᠠᠰᠠᠭᠤᠶ᠎ᠠ᠂ ᠪᠤᠷᠬᠠᠨ ᠥᠪᠡᠷ ᠦᠨ ᠢᠶᠠᠨ ᠠᠷᠠᠳ ᠲᠦᠮᠡᠨ ᠢ ᠬᠠᠶᠠᠭᠰᠠᠨ ᠤᠤ︖ ᠣᠭᠲᠣ ᠲᠡᠢᠮᠦ ᠪᠢᠰᠢ᠃ ᠪᠢ ᠴᠤ ᠢᠰᠷᠧᠯ ᠬᠥᠮᠦᠨ ᠪᠥᠭᠡᠳ ᠠᠪᠷᠠᠬᠠᠮ ᠤᠨ ᠦᠷ᠎ᠡ᠂ ᠪᠢᠨᠶᠠᠮᠢᠨ ᠣᠪᠣᠭ ᠤᠨ ᠬᠢ ᠪᠢᠯᠡ᠃ 2 ᠪᠤᠷᠬᠠᠨ ᠤᠷᠢᠳᠴᠢᠯᠠᠨ ᠲᠠᠨᠢᠵᠤ ᠮᠡᠳᠡᠭᠰᠡᠨ ᠠᠷᠠᠳ ᠲᠦᠮᠡᠨ ᠢᠶᠡᠨ ᠬᠠᠶᠠᠭ᠎ᠠ ᠦᠭᠡᠢ᠂ ᠧᠯᠢᠶ᠎ᠠ ᠶᠢᠨ ᠲᠤᠬᠠᠢ ᠠᠷᠢᠭᠤᠨ ᠨᠣᠮ ᠶᠠᠭᠤ ᠬᠡᠯᠡᠵᠦ ᠪᠤᠢ ᠶᠢ ᠲᠠ ᠨᠠᠷ ᠮᠡᠳᠡᠳᠡᠭ ᠦᠭᠡᠢ ᠤᠤ︖ ᠲᠡᠷᠡ ᠢᠰᠷᠧᠯ ᠢ ᠪᠤᠷᠬᠠᠨ ᠳᠤ ᠵᠠᠭᠠᠯᠳᠤᠨ᠄ 3 《ᠡᠵᠡᠨ ᠡ︕ ᠲᠡᠳᠡ ᠲᠠᠨ ᠤ ᠡᠰᠢ ᠦᠵᠡᠭᠦᠯᠦᠭᠴᠢᠳ ᠢ ᠠᠯᠠᠵᠤ᠂ ᠲᠠᠨ ᠤ ᠲᠠᠬᠢᠯ ᠤᠨ ᠰᠢᠷᠡᠭᠡ ᠨᠦᠭᠦᠳ ᠢ ᠨᠤᠷᠠᠭᠠᠵᠠᠢ᠂ ᠭᠠᠭᠴᠠᠬᠠᠨ ᠪᠢ ᠦᠯᠡᠳᠡᠭᠰᠡᠨ᠂ ᠲᠡᠳᠡ ᠮᠢᠨᠦ ᠠᠮᠢ ᠶᠢ ᠴᠤ ᠠᠪᠬᠤ ᠭᠡᠵᠦ ᠪᠠᠢᠭ᠎ᠠ》 ᠭᠡᠰᠡᠨ ᠳᠦ᠂ 4 ᠪᠤᠷᠬᠠᠨ ᠶᠠᠭᠤ ᠭᠡᠵᠦ ᠬᠠᠷᠢᠭᠤᠯᠪᠠ︖ ᠲᠡᠷᠡ᠄ 《ᠪᠠᠯ 10  ᠳᠤ ᠰᠥᠭᠥᠳᠥᠭᠡ ᠦᠭᠡᠢ ᠳᠣᠯᠣᠭᠠᠨ ᠮᠢᠩ᠋ᠭᠠᠨ ᠬᠥᠮᠦᠨ ᠢ ᠪᠢ ᠥᠪᠡᠷ ᠦᠨ ᠢᠶᠠᠨ ᠲᠥᠯᠥᠭᠡ ᠦᠯᠡᠳᠡᠭᠡᠭᠰᠡᠨ ᠶᠤᠮ》 ᠭᠡᠵᠡᠢ᠃ 5 ᠡᠢᠨ ᠬᠦ ᠥᠨᠥ ᠦᠶ᠎ᠡ ᠳᠦ ᠴᠤ ᠢᠪᠡᠭᠡᠯ ᠢᠶᠡᠷ ᠰᠣᠩ᠋ᠭᠣᠭᠳᠠᠭᠰᠠᠨ ᠦᠯᠡᠳᠡᠭᠰᠡᠳ ᠪᠠᠢᠭ᠎ᠠ ᠶᠤᠮ᠃ 6 ᠢᠪᠡᠭᠡᠯ ᠢᠶᠡᠷ ᠶᠤᠮ ᠪᠣᠯ ᠦᠢᠯᠡᠰ ᠢᠶᠡᠷ ᠪᠢᠰᠢ᠂ ᠡᠰᠡ ᠲᠡᠭᠡᠪᠡᠯ ᠢᠪᠡᠭᠡᠯ ᠨᠢ ᠢᠪᠡᠭᠡᠯ ᠪᠢᠰᠢ ᠪᠣᠯᠣᠨ᠎ᠠ᠃

7 ᠬᠣᠵᠢᠮ ᠨᠢ ᠶᠠᠭᠤ ᠪᠣᠯᠪᠠ︖ ᠢᠰᠷᠧᠯ ᠡᠷᠢᠭᠰᠡᠨ ᠢᠶᠡᠨ ᠣᠯᠣᠭᠰᠠᠨ ᠦᠭᠡᠢ ᠪᠠᠢᠬᠤ ᠳᠤ᠂ ᠰᠣᠩ᠋ᠭᠣᠭᠳᠠᠭᠰᠠᠳ ᠨᠢ ᠣᠯᠪᠠ᠃ ᠪᠤᠰᠤᠳ ᠨᠢ ᠬᠠᠲᠠᠭᠤᠷᠠᠵᠠᠢ᠃ 8 ᠡᠨᠡ ᠨᠢ 《ᠪᠤᠷᠬᠠᠨ ᠲᠡᠳᠡᠨ ᠳᠦ ᠮᠢᠨᠴᠦᠭᠦᠷᠡᠮᠡᠯ ᠰᠦᠨᠡᠰᠦ᠂ ᠬᠠᠷᠠᠴᠢᠬᠠᠬᠤ ᠪᠠᠷ ᠦᠭᠡᠢ ᠨᠢᠳᠦ᠂ ᠰᠣᠨᠣᠰᠴᠢᠬᠠᠬᠤ ᠪᠠᠷ ᠦᠭᠡᠢ ᠴᠢᠬᠢ ᠶᠢ ᠥᠭᠭᠥᠭᠰᠡᠨ ᠳᠦ᠂ ᠲᠡᠳᠡ ᠥᠨᠥᠳᠥᠷ ᠲᠦ ᠬᠦᠷᠲᠡᠯ᠎ᠡ ᠲᠡᠢᠮᠦ ᠪᠠᠢᠭᠰᠠᠭᠠᠷ》 ᠭᠡᠵᠦ ᠪᠢᠴᠢᠭᠳᠡᠭᠰᠡᠨ ᠲᠡᠢ ᠠᠳᠠᠯᠢ ᠪᠥᠭᠡᠳ 9 《ᠬᠣᠭᠣᠯᠠᠨ ᠤ ᠰᠢᠷᠡᠭᠡ ᠨᠢ ᠥᠪᠡᠷᠰᠡᠳ ᠲᠤᠨᠢ ᠤᠶᠠᠭᠠᠰᠤ᠂ ᠤᠷᠠᠬ᠎ᠠ ᠪᠣᠯᠵᠤ᠂ ᠲᠡᠳᠡ ᠬᠠᠪᠬᠠᠨ ᠳᠤ ᠣᠷᠣᠵᠤ ᠬᠠᠷᠢᠭᠤ ᠪᠠᠨ ᠠᠪᠤᠭ᠂ 10 ᠨᠢᠳᠦ ᠨᠢ ᠬᠠᠷᠠᠩ᠋ᠭᠤᠢᠯᠠᠨ ᠬᠠᠷᠠᠭ᠎ᠠ ᠦᠭᠡᠢ ᠪᠣᠯᠵᠤ᠂ ᠨᠢᠷᠤᠭᠤ ᠨᠢ ᠡᠭᠦᠷᠢᠳᠡ ᠪᠥᠭᠲᠥᠷ ᠪᠠᠢᠭ》 ᠭᠡᠵᠦ ᠳ᠋ᠠᠸᠢᠳ᠋ ᠤᠨ ᠬᠡᠯᠡᠭᠰᠡᠨ ᠲᠡᠢ ᠠᠳᠠᠯᠢ ᠶᠤᠮ᠃

11 ᠡᠢᠮᠦ ᠳᠦ ᠪᠢ ᠠᠰᠠᠭᠤᠶ᠎ᠠ᠃ ᠲᠡᠳᠡ ᠪᠦᠳᠦᠷᠢᠭᠡᠳ ᠤᠨᠠᠴᠢᠬᠠᠭᠰᠠᠨ ᠶᠤᠮ ᠤᠤ︖ ᠣᠭᠲᠣ ᠲᠡᠢᠮᠦ ᠪᠢᠰᠢ᠃ ᠬᠠᠷᠢᠨ ᠲᠡᠳᠡ ᠬᠠᠯᠲᠤᠷᠢᠭᠰᠠᠨ ᠢᠶᠠᠷ ᠬᠠᠷᠢᠴᠤᠳ ᠠᠪᠤᠷᠠᠭᠳᠠᠵᠤ ᠲᠡᠳᠡ ᠠᠲᠠᠭᠠᠷᠬᠠᠬᠤ ᠪᠣᠯᠣᠯ᠎ᠠ᠃ 12 ᠲᠡᠳᠡ ᠬᠠᠯᠲᠤᠷᠢᠭᠰᠠᠨ ᠳᠤ᠂ ᠶᠢᠷᠲᠢᠨᠴᠦ ᠪᠠᠶᠠᠵᠢᠵᠤ ᠲᠡᠳᠡ ᠠᠯᠳᠠᠭᠰᠠᠨ ᠳᠤ᠂ ᠬᠠᠷᠢᠴᠤᠳ ᠪᠠᠶᠠᠵᠢᠭᠰᠠᠨ ᠶᠤᠮ ᠪᠣᠯ᠂ ᠲᠡᠳᠡ ᠲᠡᠭᠦᠯᠳᠡᠷᠵᠢᠪᠡᠯ ᠬᠡᠴᠢᠨᠡᠨ ᠨᠡᠮᠡᠷᠢ ᠪᠣᠯᠬᠤ ᠪᠢᠯᠡ︖

13 ᠬᠠᠷᠢᠴᠤᠳ ᠲᠠ ᠨᠠᠷ ᠲᠤ ᠬᠡᠯᠡᠶ᠎ᠡ᠂ ᠪᠢ ᠬᠠᠷᠢᠴᠤᠳ ᠤᠨ ᠰᠢᠳᠠᠷ ᠱᠠᠪᠢ ᠪᠣᠯᠬᠣᠷ ᠡᠭᠦᠷᠭᠡ ᠪᠡᠨ ᠮᠠᠭᠲᠠᠳᠠᠭ᠃ ᠭᠡᠪᠡᠴᠦ 14 ᠠᠯᠢ ᠪᠣᠯᠬᠤ ᠪᠠᠷ ᠤᠭᠰᠠᠭᠠᠳᠠᠨ ᠢᠶᠠᠨ ᠠᠲᠠᠭᠠᠷᠬᠠᠭᠤᠯᠵᠤ᠂ ᠵᠠᠷᠢᠮ ᠢ ᠨᠢ ᠠᠪᠤᠷᠠᠬᠤ ᠶᠤᠮ ᠰᠠᠨ ᠭᠡᠳᠡᠭ᠃ 15 ᠲᠡᠳᠡᠨ ᠢ ᠬᠠᠶᠠᠬᠤ ᠨᠢ ᠶᠢᠷᠲᠢᠨᠴᠦ ᠶᠢ ᠡᠪᠯᠡᠷᠡᠭᠦᠯᠬᠦ ᠶᠤᠮ ᠪᠣᠯ᠂ ᠲᠡᠳᠡᠨ ᠢ ᠬᠦᠯᠢᠶᠡᠨ ᠠᠪᠬᠤ ᠨᠢ ᠦᠬᠦᠭᠰᠡᠳ ᠦᠨ ᠳᠤᠮᠳᠠ ᠠᠴᠠ ᠠᠮᠢᠳᠤᠷᠠᠭᠤᠯᠬᠤ ᠲᠠᠢ ᠠᠳᠠᠯᠢ ᠪᠢᠰᠢ ᠤᠤ︖ 16 ᠡᠷᠭᠦᠭᠰᠡᠨ ᠳᠡᠭᠡᠵᠢ ᠨᠢ ᠠᠷᠢᠭᠤᠨ ᠪᠣᠯ᠂ ᠪᠦᠬᠦᠯᠢ ᠪᠣᠣᠪᠣ ᠨᠢ ᠴᠤ ᠲᠡᠢᠮᠦ ᠪᠠᠢᠳᠠᠭ᠃ ᠦᠨᠳᠦᠰᠦ ᠨᠢ ᠠᠷᠢᠭᠤᠨ ᠪᠣᠯ᠂ ᠮᠥᠴᠢᠷ ᠨᠢ ᠴᠤ ᠲᠡᠢᠮᠦ ᠪᠠᠢᠳᠠᠭ᠃

17 ᠴᠢᠳᠦᠨ ᠮᠣᠳᠣᠨ ᠤ ᠬᠡᠳᠦᠨ ᠮᠥᠴᠢᠷ ᠬᠤᠭᠤᠴᠢᠭᠳᠠᠭᠰᠠᠨ ᠳᠤ᠂ ᠬᠡᠭᠡᠷ᠎ᠡ ᠶᠢᠨ ᠴᠢᠳᠦᠨ ᠪᠠᠢᠲᠠᠯ᠎ᠠ ᠪᠠᠨ ᠲᠡᠳᠡᠨ ᠦ ᠣᠷᠣᠨ ᠳᠤ ᠵᠠᠯᠭᠠᠭᠳᠠᠭᠠᠳ ᠦᠨᠳᠦᠰᠦᠨ ᠦ ᠬᠢᠨᠢ ᠰᠢᠮ᠎ᠡ ᠰᠢᠭᠦᠰᠦ ᠡᠴᠡ ᠬᠤᠪᠢᠶᠠᠯᠴᠠᠬᠤ ᠪᠣᠯᠣᠭᠰᠠᠨ ᠲᠠ 18 ᠲᠡᠳᠡᠭᠡᠷ ᠮᠥᠴᠢᠷ ᠤᠨ ᠡᠮᠦᠨ᠎ᠡ ᠪᠦᠦ ᠰᠠᠢᠷᠬ᠎ᠠ᠃ ᠰᠠᠢᠷᠬᠠᠬᠤ ᠶᠤᠮ ᠪᠣᠯ᠂ ᠦᠨᠳᠦᠰᠦ ᠶᠢ ᠳᠡᠮᠵᠢᠵᠦ ᠪᠠᠢᠭ᠎ᠠ ᠨᠢ ᠲᠠ ᠪᠢᠰᠢ᠂ ᠬᠠᠷᠢᠨ ᠦᠨᠳᠦᠰᠦ ᠴᠢᠮᠠᠶᠢ ᠳᠡᠮᠵᠢᠵᠦ ᠪᠠᠢᠭ᠎ᠠ ᠶᠢ ᠠᠩ᠋ᠬᠠᠷᠤᠭᠲᠤᠨ᠃ 19 《ᠨᠠᠮᠠᠶᠢ ᠵᠠᠯᠭᠠᠭᠤᠯᠬᠤ ᠶᠢᠨ ᠲᠥᠯᠥᠭᠡ ᠲᠡᠷᠡ ᠮᠥᠴᠢᠷ ᠤᠳ ᠢ ᠬᠤᠭᠤᠴᠢᠭᠰᠠᠨ》 ᠭᠡᠵᠦ ᠲᠠ ᠬᠡᠯᠡᠬᠦ ᠪᠣᠯᠣᠨ᠎ᠠ᠃ 20 ᠲᠡᠢᠮᠦ ᠡ᠂ ᠲᠡᠳᠡ ᠢᠲᠡᠭᠡᠯ ᠦᠭᠡᠢ ᠳᠡᠭᠡᠨ ᠬᠤᠭᠤᠯᠤᠭᠳᠠᠭᠰᠠᠨ ᠪᠥᠭᠡᠳ ᠲᠠ ᠢᠲᠡᠭᠡᠯ ᠲᠡᠢ ᠳᠡᠭᠡᠨ ᠦᠯᠡᠳᠡᠵᠡᠢ᠃ ᠪᠦᠦ ᠪᠠᠷᠳᠠᠮᠨᠠ᠂ ᠬᠠᠷᠢᠨ ᠡᠮᠢᠶᠡᠭᠲᠦᠨ᠃ 21 ᠪᠤᠷᠬᠠᠨ ᠤᠤᠯ ᠤᠨ ᠮᠥᠴᠢᠷ ᠤᠳ ᠢ ᠬᠢᠮᠠᠭᠠᠳᠠᠭᠰᠠᠨ ᠦᠭᠡᠢ ᠪᠣᠯ᠂ ᠲᠠᠨ ᠢ ᠴᠤ ᠬᠢᠮᠠᠭᠠᠳᠠᠬᠤ ᠦᠭᠡᠢ᠃ 22 ᠲᠡᠢᠮᠦ ᠡᠴᠡ ᠠᠩ᠋ᠬᠠᠷᠤᠭᠲᠤᠨ᠂ ᠪᠤᠷᠬᠠᠨ ᠪᠣᠯ ᠡᠨᠡᠷᠢᠩᠭᠦᠢ ᠪᠥᠭᠡᠳ ᠬᠠᠲᠠᠭᠤ ᠶᠤᠮ᠃ ᠤᠨᠠᠭᠰᠠᠨ ᠬᠥᠮᠦᠰ ᠲᠦ ᠲᠡᠷᠡ ᠬᠠᠲᠠᠭᠤ ᠬᠠᠨᠳᠤᠳᠠᠭ᠂ ᠬᠠᠷᠢᠨ ᠲᠠ ᠲᠡᠭᠦᠨ ᠦ ᠡᠨᠡᠷᠢᠯ ᠳᠤ ᠪᠠᠢᠭᠰᠠᠭᠠᠷ ᠪᠠᠢ᠃ ᠲᠡᠭᠡᠪᠡᠯ ᠪᠤᠷᠬᠠᠨ ᠲᠠᠨ ᠳᠤ ᠡᠨᠡᠷᠢᠩᠭᠦᠢ ᠬᠠᠨᠳᠤᠬᠤ ᠪᠣᠯᠣᠨ᠎ᠠ᠃ ᠡᠰᠡ ᠲᠡᠭᠡᠪᠡᠯ ᠲᠠ ᠴᠤ ᠴᠠᠪᠴᠢᠭᠳᠠᠨ᠎ᠠ᠃ 23 ᠬᠡᠷᠪᠡ ᠲᠡᠳᠡ ᠴᠤ ᠢᠲᠡᠭᠡᠯ ᠦᠭᠡᠢ ᠪᠠᠢᠬᠤ ᠪᠠᠨ ᠪᠣᠯᠢᠪᠠᠯ ᠮᠥᠨ ᠵᠠᠯᠭᠠᠭᠳᠠᠨ᠎ᠠ᠃ ᠪᠤᠷᠬᠠᠨ ᠲᠡᠳᠡᠨ ᠢ ᠳᠠᠬᠢᠨ ᠵᠠᠯᠭᠠᠬᠤ ᠴᠢᠳᠠᠪᠤᠷᠢ ᠲᠠᠢ᠃ 24 ᠬᠡᠭᠡᠷ᠎ᠡ ᠶᠢᠨ ᠴᠢᠳᠦᠨ ᠮᠣᠳᠣᠨ ᠠᠴᠠ ᠴᠠᠪᠴᠢᠭᠳᠠᠭᠰᠠᠨ ᠲᠠ ᠴᠤ ᠴᠢᠨᠠᠷ ᠢᠶᠠᠷ ᠡᠰᠡᠷᠭᠦ ᠲᠠᠷᠢᠮᠠᠯ ᠴᠢᠳᠦᠨ ᠳᠦ ᠵᠠᠯᠭᠠᠭᠳᠠᠭᠰᠠᠨ ᠪᠣᠯ᠂ ᠤᠤᠯ ᠤᠨ ᠮᠥᠴᠢᠷ ᠤᠳ ᠨᠢ ᠤᠤᠯ ᠮᠣᠳᠣᠨ ᠳᠠᠭᠠᠨ ᠵᠠᠯᠭᠠᠭᠳᠠᠬᠤ ᠨᠢ ᠨᠡᠩ ᠬᠢᠯᠪᠠᠷ ᠪᠢᠰᠢ ᠤᠤ︖

25 ᠠᠬ᠎ᠠ ᠳᠡᠭᠦᠦ ᠨᠠᠷ ᠡ᠂ ᠲᠠ ᠨᠠᠷ ᠢ ᠥᠪᠡᠷᠰᠡᠳ ᠢ ᠪᠠᠨ ᠤᠬᠠᠭᠠᠨ ᠲᠠᠢ ᠬᠡᠮᠡᠨ ᠪᠣᠳᠣᠭᠤᠯᠬᠤ ᠦᠭᠡᠢ ᠶᠢᠨ ᠲᠤᠯᠠᠳᠠ ᠪᠢ ᠲᠠ ᠨᠠᠷ ᠲᠤ ᠨᠢᠭᠡ ᠨᠢᠭᠤᠴᠠ ᠶᠢ ᠮᠡᠳᠡᠭᠳᠡᠶ᠎ᠡ᠂ ᠬᠠᠷᠢᠴᠤᠳ ᠤᠨ ᠲᠣᠭ᠎ᠠ ᠭᠦᠢᠴᠡᠬᠦ ᠪᠣᠯᠲᠠᠯ᠎ᠠ ᠬᠡᠰᠡᠭ ᠢᠰᠷᠧᠯᠴᠦᠳ ᠬᠠᠲᠠᠭᠤ ᠪᠠᠢᠭᠰᠠᠨ ᠢᠶᠠᠨ 26 ᠪᠦᠬᠦ ᠢᠰᠷᠧᠯ ᠠᠪᠤᠷᠠᠭᠳᠠᠬᠤ ᠪᠣᠯᠣᠨ᠎ᠠ᠃ ᠡᠨᠡ ᠲᠤᠬᠠᠢ 《ᠠᠪᠤᠷᠠᠭᠴᠢ ᠽᠢᠶᠣᠨ ᠠᠴᠠ ᠢᠷᠡᠵᠦ᠂ ᠶᠠᠺᠣᠪ ᠤᠨ ᠬᠢ ᠡᠴᠡ ᠰᠦᠰᠦᠭ ᠦᠭᠡᠢ ᠪᠠᠢᠳᠠᠯ ᠢ ᠠᠷᠢᠯᠭᠠᠨ᠎ᠠ᠃ 27 ᠲᠡᠢᠨ ᠬᠦ ᠪᠢ ᠨᠢᠭᠦᠯ ᠤᠳ ᠢ ᠨᠢ ᠵᠠᠢᠯᠠᠭᠤᠯᠬᠤ ᠳᠤ᠂ ᠲᠡᠳᠡᠨ ᠲᠡᠢ ᠪᠠᠢᠭᠤᠯᠤᠭᠰᠠᠨ ᠭᠡᠷ᠎ᠡ ᠮᠢᠨᠢ ᠪᠡᠶᠡᠯᠡᠭᠳᠡᠨ᠎ᠡ》 ᠭᠡᠵᠦ ᠪᠢᠴᠢᠭᠳᠡᠭᠰᠡᠨ ᠪᠠᠢᠳᠠᠭ᠃ 28 ᠪᠠᠶᠠᠷ ᠤᠨ ᠮᠡᠳᠡᠭᠡᠨ ᠦ ᠲᠠᠯ᠎ᠠ ᠠᠴᠠ ᠦᠵᠡᠪᠡᠯ᠂ ᠲᠠ ᠨᠠᠷ ᠤᠨ ᠤᠯᠠᠮ ᠢᠶᠠᠷ ᠲᠡᠳᠡ ᠳᠠᠢᠰᠤᠨ ᠪᠣᠯᠪᠠᠴᠤ ᠰᠣᠩ᠋ᠭᠣᠯᠲᠠ ᠶᠢᠨ ᠲᠠᠯ᠎ᠠ ᠠᠴᠠ ᠦᠵᠡᠬᠦ ᠳᠦ ᠡᠪᠦᠭᠡ ᠳᠡᠭᠡᠳᠦᠰ ᠦᠨ ᠢᠶᠠᠨ ᠤᠯᠠᠮ ᠢᠶᠠᠷ ᠲᠡᠳᠡ ᠪᠣᠯ ᠬᠠᠢᠷᠠᠲᠤ ᠨᠤᠭᠤᠳ ᠮᠥᠨ᠃ 29 ᠤᠴᠢᠷ ᠨᠢ᠂ ᠪᠤᠷᠬᠠᠨ ᠤ ᠰᠣᠶᠣᠷᠬᠠᠯ ᠪᠠ ᠳᠠᠭᠤᠳᠠᠯᠭ᠎ᠠ ᠪᠣᠯ ᠬᠠᠷᠢᠯᠲᠠ ᠦᠭᠡᠢ ᠶᠤᠮ᠃ 30 ᠤᠷᠢᠳᠤ ᠨᠢ ᠪᠤᠷᠬᠠᠨ ᠳᠤ ᠳᠤᠭᠤᠯᠭᠠᠪᠤᠷᠢ ᠦᠭᠡᠢ ᠪᠠᠢᠭᠰᠠᠨ ᠲᠠ ᠨᠠᠷ ᠢᠰᠷᠧᠯᠴᠦᠳ ᠦᠨ ᠳᠤᠭᠤᠯᠭᠠᠪᠤᠷᠢ ᠦᠭᠡᠢ ᠪᠠᠢᠳᠠᠯ ᠠᠴᠠ ᠪᠣᠯᠵᠤ ᠡᠳᠦᠭᠡ ᠡᠨᠡᠷᠢᠭᠳᠡᠭᠰᠡᠨ ᠦ ᠶᠣᠰᠣᠭᠠᠷ 31 ᠡᠳᠦᠭᠡ ᠳᠤᠭᠤᠯᠭᠠᠪᠤᠷᠢ ᠦᠭᠡᠢ ᠪᠠᠢᠭ᠎ᠠ ᠲᠡᠳᠡ ᠴᠤ ᠲᠠ ᠨᠠᠷ ᠳᠠᠬᠢ ᠡᠨᠡᠷᠢᠯ ᠡᠴᠡ ᠪᠣᠯᠵᠤ ᠡᠳᠦᠭᠡ ᠡᠨᠡᠷᠢᠭᠳᠡᠬᠦ ᠪᠣᠯᠵᠠᠢ᠃ 32 ᠪᠤᠷᠬᠠᠨ ᠪᠦᠬᠦᠨ ᠢ ᠳᠤᠭᠤᠯᠭᠠᠪᠤᠷᠢ ᠦᠭᠡᠢ ᠪᠠᠢᠳᠠᠯ ᠳᠤ ᠬᠣᠷᠢᠭᠰᠠᠨ ᠨᠢ ᠪᠦᠬᠦᠨ ᠢ ᠡᠨᠡᠷᠢᠬᠦ ᠶᠢᠨ ᠲᠤᠯᠠᠳᠠ ᠶᠤᠮ᠃

33 ᠥ᠂ ᠪᠤᠷᠬᠠᠨ ᠤ ᠤᠬᠠᠭᠠᠨ ᠪᠠ ᠮᠡᠳᠡᠯᠭᠡ ᠶᠢᠨ ᠪᠠᠶᠠᠯᠢᠭ ᠨᠢ ᠶᠠᠭᠤᠲᠠᠢ ᠭᠦᠨ ᠪᠤᠢ︕ ᠲᠡᠭᠦᠨ ᠦ ᠰᠢᠢᠳᠪᠦᠷᠢ ᠶᠠᠭᠤᠲᠠᠢ ᠤᠯᠳᠠᠰᠢ ᠦᠭᠡᠢ ᠪᠤᠢ︕ ᠲᠡᠭᠦᠨ ᠦ ᠵᠠᠮ ᠶᠠᠭᠤᠲᠠᠢ ᠣᠢᠯᠠᠭᠠᠭᠳᠠᠰᠢ ᠦᠭᠡᠢ ᠪᠤᠢ︕ 34 《ᠬᠡᠨ ᠡᠵᠡᠨ ᠦ ᠪᠣᠳᠣᠯ ᠢ ᠮᠡᠳᠡᠭᠰᠡᠨ ᠪᠤᠢ︖ ᠬᠡᠨ ᠲᠡᠭᠦᠨ ᠦ ᠵᠥᠪᠯᠡᠭᠴᠢ ᠪᠠᠢᠭᠰᠠᠨ ᠪᠤᠢ︖ 35 ᠲᠡᠭᠦᠨ ᠳᠦ ᠥᠭᠴᠢᠬᠡᠭᠡᠳ ᠪᠤᠴᠠᠭᠠᠵᠤ ᠠᠪᠤᠭᠴᠢ ᠨᠢ ᠬᠡᠨ ᠪᠢᠯᠡ︖》 36 ᠬᠠᠮᠤᠭ ᠶᠠᠭᠤᠮ᠎ᠠ ᠲᠡᠭᠦᠨ ᠡᠴᠡ᠂ ᠲᠡᠭᠦᠨ ᠢᠶᠡᠷ᠂ ᠲᠡᠭᠦᠨ ᠳᠦ ᠪᠢᠯᠡ᠃ ᠠᠯᠳᠠᠷ ᠰᠤᠤ ᠮᠥᠩᠬᠡᠳᠡ ᠲᠡᠭᠦᠨ ᠦ ᠬᠢ ᠪᠠᠢᠬᠤ ᠪᠣᠯᠲᠤᠭᠠᠢ᠂ ᠠᠮᠧᠨ︕