ᠡᠬᠢᠯᠡᠯ ᠭᠤᠴᠢᠨ ᠵᠢᠷᠭᠤᠭ᠎ᠠ
ᠡᠰᠠᠦ᠋ ᠶᠢᠨ ᠦᠷ᠎ᠡ ᠤᠳᠤᠮ
1 ᠡᠰᠡᠦ᠋ ᠪᠤᠶᠤ ᠡᠳᠣᠮ ᠤᠨ ᠭᠡᠷ ᠦᠨ ᠴᠠᠳᠢᠭ᠄ 2 ᠡᠰᠠᠦ᠋ ᠺᠠᠨᠠᠨᠴᠤᠳ ᠠᠴᠠ᠂ ᠾᠢᠲ ᠬᠥᠮᠦᠨ ᠡᠯᠣᠨ ᠤ ᠥᠬᠢᠨ ᠠᠳᠠ᠂ ᠾᠢᠸᠢ ᠬᠥᠮᠦᠨ ᠽᠢᠪᠧᠶᠣᠨ ᠤ ᠠᠴᠢ ᠥᠬᠢᠨ ᠪᠤᠶᠤ ᠠᠨ᠎ᠠ ᠶᠢᠨ ᠥᠬᠢᠨ ᠣᠬᠣᠯᠢᠪᠠᠮᠠ ᠶᠢ ᠡᠬᠡᠨᠡᠷ ᠪᠣᠯᠭᠠᠨ ᠠᠪᠤᠪᠠ᠃ 3 ᠢᠱᠮᠠᠶᠧᠯ ᠤᠨ ᠥᠬᠢᠨ᠂ ᠨᠧᠪᠠᠢᠶᠣᠲ ᠤᠨ ᠥᠬᠢᠨ ᠳᠡᠭᠦᠦ ᠪᠠᠰᠧᠮᠠᠲ ᠴᠤ ᠲᠡᠭᠦᠨ ᠦ ᠡᠬᠡᠨᠡᠷ ᠪᠠᠢᠪᠠ᠃ 4 ᠠᠳᠠ ᠨᠢ ᠡᠰᠠᠦ᠋ ᠳᠤ ᠡᠯᠢᠹᠠᠽ ᠢ ᠲᠥᠷᠥᠭᠦᠯᠵᠦ᠂ ᠪᠠᠰᠧᠮᠠᠲ ᠨᠢ ᠷᠧᠣᠶᠧᠯ ᠢ ᠲᠥᠷᠥᠭᠦᠯᠵᠦ᠂ 5 ᠣᠬᠣᠯᠢᠪᠠᠮᠠ ᠨᠢ ᠶᠧᠶᠦ᠋ᠱ᠂ ᠶᠠᠯᠠᠮ᠂ ᠺᠣᠷᠠ ᠶᠢ ᠲᠥᠷᠥᠭᠦᠯᠵᠡᠢ᠃ ᠡᠳᠡ ᠨᠠᠷ ᠪᠣᠯ ᠺᠠᠨᠠᠨ ᠨᠤᠲᠤᠭ ᠲᠤ ᠲᠥᠷᠥᠭᠰᠡᠨ ᠡᠰᠡᠦ᠋ ᠶᠢᠨ ᠬᠥᠪᠡᠭᠦᠳ ᠶᠤᠮ᠃
6 ᠡᠰᠠᠦ᠋ ᠡᠬᠡᠨᠡᠷ ᠤᠳ᠂ ᠬᠥᠪᠡᠭᠦᠳ ᠥᠬᠢᠳ᠂ ᠭᠡᠷ ᠦᠨ ᠪᠦᠬᠦ ᠬᠥᠮᠦᠨ᠂ ᠥᠪᠡᠷ ᠦᠨ ᠢᠶᠠᠨ ᠮᠠᠯ ᠰᠦᠷᠦᠭ᠂ ᠥᠭᠡᠷ᠎ᠡ ᠠᠮᠢᠲᠠᠨ ᠪᠣᠯᠣᠨ ᠺᠠᠨᠠᠨ ᠠᠴᠠ ᠣᠯᠵᠤ ᠬᠥᠯᠵᠢᠭᠰᠡᠨ ᠬᠠᠮᠤᠭ ᠡᠳ᠋ ᠬᠥᠷᠥᠩᠭᠡ ᠪᠡᠨ ᠠᠪᠤᠭᠠᠳ ᠳᠡᠭᠦᠦ ᠶᠠᠺᠣᠪ ᠠᠴᠠ ᠪᠠᠨ ᠰᠠᠯᠵᠤ᠂ ᠥᠭᠡᠷ᠎ᠡ ᠭᠠᠵᠠᠷ ᠤᠷᠤᠭᠤ ᠣᠳᠣᠭᠰᠠᠨ ᠶᠤᠮ᠃ 7 ᠲᠡᠷᠡ ᠬᠣᠶᠠᠷ ᠤᠨ ᠡᠳ᠋ ᠬᠥᠷᠥᠩᠭᠡ ᠦᠯᠡᠮᠵᠢ ᠶᠡᠬᠡ ᠪᠣᠯᠬᠣᠷ ᠬᠠᠮᠲᠤ ᠠᠮᠢᠳᠤᠷᠠᠨ ᠰᠠᠭᠤᠵᠤ ᠴᠢᠳᠠᠬᠤ ᠦᠭᠡᠢ ᠪᠣᠯᠵᠠᠢ᠃ ᠲᠡᠳᠡᠨ ᠦ ᠮᠠᠯ ᠰᠦᠷᠦᠭ ᠡᠴᠡ ᠪᠣᠯᠵᠤ ᠰᠠᠭᠤᠵᠤ ᠪᠠᠢᠭ᠎ᠠ ᠭᠠᠵᠠᠷ ᠨᠢ ᠲᠡᠳᠡᠨ ᠳᠦ ᠬᠦᠷᠦᠯᠴᠡᠬᠦ ᠦᠭᠡᠢ ᠪᠣᠯᠣᠯ᠎ᠠ᠃ 8 ᠡᠢᠮᠦ ᠡᠴᠡ ᠡᠰᠠᠦ᠋ ᠪᠤᠶᠤ ᠡᠳᠣᠮ ᠨᠢ ᠰᠧᠷ ᠤᠨ ᠠᠭᠤᠯᠠᠷᠬᠠᠭ ᠨᠤᠲᠤᠭ ᠲᠤ ᠰᠠᠭᠤᠷᠢᠰᠢᠪᠠ᠃
9 ᠰᠧᠷ ᠤᠨ ᠠᠭᠤᠯᠠᠷᠬᠠᠭ ᠨᠤᠲᠤᠭ ᠲᠤ ᠰᠠᠭᠤᠷᠢᠰᠢᠭᠰᠠᠨ ᠡᠳᠣᠮᠴᠤᠳ ᠤᠨ ᠡᠪᠦᠭᠡ ᠡᠰᠡᠦ᠋ ᠶᠢᠨ ᠭᠡᠷ ᠦᠨ ᠴᠠᠳᠢᠭ᠄ 10 ᠡᠰᠡᠦ᠋ ᠶᠢᠨ ᠬᠥᠪᠡᠭᠦᠳ ᠦᠨ ᠨᠡᠷ᠎ᠡ ᠭᠡᠪᠡᠯ᠂ ᠡᠰᠡᠦ᠋ ᠶᠢᠨ ᠡᠬᠡᠨᠡᠷ ᠠᠳᠠ ᠶᠢᠨ ᠬᠦᠦ ᠡᠯᠢᠹᠠᠽ᠂ ᠡᠰᠡᠦ᠋ ᠶᠢᠨ ᠡᠬᠡᠨᠡᠷ ᠪᠠᠰᠧᠮᠠᠲ ᠤᠨ ᠬᠦᠦ ᠷᠧᠣᠶᠧᠯ᠃ 11 ᠡᠯᠢᠹᠠᠽ ᠤᠨ ᠬᠥᠪᠡᠭᠦᠳ᠄ ᠲᠧᠮᠠᠨ᠂ ᠣᠮᠠᠷ᠂ ᠽᠧᠹᠣ᠂ ᠭᠠᠲ᠋ᠠᠮ᠂ ᠺᠧᠨᠠᠽ᠃ 12 ᠡᠰᠡᠦ᠋ ᠶᠢᠨ ᠬᠦᠦ ᠡᠯᠢᠹᠠᠽ ᠤᠨ ᠲᠠᠲᠠᠪᠤᠷᠢ ᠡᠮ᠎ᠡ ᠲᠢᠮᠨᠠ ᠨᠢ ᠡᠯᠢᠹᠠᠽ ᠲᠤ ᠠᠮᠠᠯᠧᠺ ᠢ ᠲᠥᠷᠥᠭᠦᠯᠵᠦ ᠥᠭᠴᠡᠢ᠃ ᠡᠳᠡ ᠨᠠᠷ ᠪᠣᠯ ᠡᠰᠡᠦ᠋ ᠶᠢᠨ ᠡᠬᠡᠨᠡᠷ ᠠᠳᠠ ᠶᠢᠨ ᠠᠴᠢ ᠬᠥᠪᠡᠭᠦᠳ ᠶᠤᠮ᠃ 13 ᠷᠧᠣᠶᠧᠯ ᠤᠨ ᠬᠥᠪᠡᠭᠦᠳ᠄ ᠨᠠᠬᠠᠲ᠂ ᠽᠧᠷᠠ᠂ ᠱᠠᠮᠠ᠂ ᠮᠢᠽᠠ᠃ ᠡᠳᠡ ᠨᠠᠷ ᠪᠣᠯ ᠡᠰᠡᠦ᠋ ᠶᠢᠨ ᠡᠬᠡᠨᠡᠷ ᠪᠠᠰᠧᠮᠠᠲ ᠤᠨ ᠠᠴᠢ ᠬᠥᠪᠡᠭᠦᠳ ᠶᠤᠮ᠃ 14 ᠽᠢᠪᠧᠶᠣᠨ ᠤ ᠠᠴᠢ ᠥᠬᠢᠨ᠂ ᠠᠨ᠎ᠠ ᠶᠢᠨ ᠥᠬᠢᠨ ᠪᠤᠶᠤ ᠡᠰᠡᠦ᠋ ᠶᠢᠨ ᠡᠬᠡᠨᠡᠷ ᠣᠬᠣᠯᠢᠪᠠᠮᠠ ᠶᠢᠨ ᠡᠰᠠᠦ᠋ ᠳᠤ ᠲᠥᠷᠥᠭᠦᠯᠦᠭᠰᠡᠨ ᠬᠥᠪᠡᠭᠦᠳ᠄ ᠶᠧᠶᠦ᠋ᠱ᠂ ᠶᠠᠯᠠᠮ᠂ ᠺᠣᠷᠠ᠃
15 ᠡᠰᠡᠦ᠋ ᠶᠢᠨ ᠦᠷ᠎ᠡ ᠤᠳᠤᠮ ᠤᠨ ᠳᠤᠮᠳᠠ ᠠᠴᠠ ᠠᠬᠠᠯᠠᠭᠴᠢᠳ ᠨᠢ ᠭᠡᠪᠡᠯ᠂ ᠡᠰᠡᠦ᠋ ᠶᠢᠨ ᠤᠤᠭᠠᠨ ᠬᠦᠦ ᠡᠯᠢᠹᠠᠽ ᠤᠨ ᠬᠥᠪᠡᠭᠦᠳ᠄ ᠠᠬᠠᠯᠠᠭᠴᠢ ᠲᠧᠮᠠᠨ᠂ ᠠᠬᠠᠯᠠᠭᠴᠢ ᠣᠮᠠᠷ᠂ ᠠᠬᠠᠯᠠᠭᠴᠢ ᠽᠧᠹᠣ᠂ ᠠᠬᠠᠯᠠᠭᠴᠢ ᠺᠧᠨᠠᠽ᠂ 16 ᠠᠬᠠᠯᠠᠭᠴᠢ ᠺᠣᠷᠠ᠂ ᠠᠬᠠᠯᠠᠭᠴᠢ ᠭᠠᠲ᠋ᠠᠮ᠂ ᠠᠬᠠᠯᠠᠭᠴᠢ ᠠᠮᠠᠯᠧᠺ᠃ ᠡᠳᠡ ᠨᠠᠷ ᠪᠣᠯ ᠡᠳᠣᠮ ᠤᠨ ᠨᠤᠲᠤᠭ ᠲᠤ ᠡᠯᠢᠹᠠᠽ ᠠᠴᠠ ᠭᠠᠷᠤᠭᠰᠠᠨ ᠠᠬᠠᠯᠠᠭᠴᠢᠳ ᠪᠥᠭᠡᠳ ᠠᠳᠠ ᠶᠢᠨ ᠠᠴᠢ ᠬᠥᠪᠡᠭᠦᠳ ᠶᠤᠮ᠃ 17 ᠡᠰᠡᠦ᠋ ᠶᠢᠨ ᠬᠦᠦ ᠷᠧᠣᠶᠧᠯ ᠤᠨ ᠬᠥᠪᠡᠭᠦᠳ᠄ ᠠᠬᠠᠯᠠᠭᠴᠢ ᠨᠠᠬᠠᠲ᠂ ᠠᠬᠠᠯᠠᠭᠴᠢ ᠽᠧᠷᠠ᠂ ᠠᠬᠠᠯᠠᠭᠴᠢ ᠱᠠᠮᠠ᠂ ᠠᠬᠠᠯᠠᠭᠴᠢ ᠮᠢᠽᠠ᠃ ᠡᠳᠡ ᠨᠠᠷ ᠪᠣᠯ ᠡᠳᠣᠮ ᠤᠨ ᠨᠤᠲᠤᠭ ᠲᠤ ᠷᠧᠣᠶᠧᠯ ᠡᠴᠡ ᠭᠠᠷᠤᠭᠰᠠᠨ ᠠᠬᠠᠯᠠᠭᠴᠢᠳ ᠪᠥᠭᠡᠳ ᠡᠰᠡᠦ᠋ ᠶᠢᠨ ᠡᠬᠡᠨᠡᠷ ᠪᠠᠰᠧᠮᠠᠲ ᠤᠨ ᠠᠴᠢ ᠬᠥᠪᠡᠭᠦᠳ ᠶᠤᠮ᠃ 18 ᠡᠰᠡᠦ᠋ ᠶᠢᠨ ᠡᠬᠡᠨᠡᠷ ᠣᠬᠣᠯᠢᠪᠠᠮᠠ ᠶᠢᠨ ᠬᠥᠪᠡᠭᠦᠳ᠄ ᠠᠬᠠᠯᠠᠭᠴᠢ ᠶᠧᠶᠦ᠋ᠱ᠂ ᠠᠬᠠᠯᠠᠭᠴᠢ ᠶᠠᠯᠠᠮ᠂ ᠠᠬᠠᠯᠠᠭᠴᠢ ᠺᠣᠷᠠ᠃ ᠡᠳᠡ ᠨᠠᠷ ᠪᠣᠯ ᠠᠨ᠎ᠠ ᠶᠢᠨ ᠥᠬᠢᠨ᠂ ᠡᠰᠡᠦ᠋ ᠶᠢᠨ ᠡᠬᠡᠨᠡᠷ ᠣᠬᠣᠯᠢᠪᠠᠮᠠ ᠠᠴᠠ ᠭᠠᠷᠤᠭᠰᠠᠨ ᠠᠬᠠᠯᠠᠭᠴᠢᠳ ᠶᠤᠮ᠃ 19 ᠡᠳᠡ ᠨᠠᠷ ᠪᠣᠯ ᠡᠰᠠᠦ᠋ ᠶᠢᠨ ᠬᠥᠪᠡᠭᠦᠳ ᠪᠤᠶᠤ ᠡᠳᠣᠮᠴᠤᠳ ᠤᠨ ᠠᠬᠠᠯᠠᠭᠴᠢᠳ ᠪᠢᠯᠡ᠃
20 ᠲᠡᠷᠡ ᠭᠠᠵᠠᠷ ᠤᠨ ᠤᠤᠭᠠᠯ ᠢᠷᠭᠡᠳ ᠾᠣᠷᠴᠤᠳ ᠪᠤᠶᠤ ᠰᠧᠷ ᠤᠨ ᠬᠥᠪᠡᠭᠦᠳ᠄ ᠯᠣᠲ᠋ᠠᠨ᠂ ᠱᠣᠪᠠᠯ᠂ ᠽᠢᠪᠧᠶᠣᠨ᠂ ᠠᠨ᠎ᠠ᠂ 21 ᠳ᠋ᠢᠱᠣᠨ᠂ ᠡᠽᠧᠷ᠂ ᠳ᠋ᠢᠱᠠᠨ᠃ ᠡᠳᠡ ᠨᠠᠷ ᠪᠣᠯ ᠡᠳᠣᠮ ᠤᠨ ᠨᠤᠲᠤᠭ ᠲᠤ ᠪᠠᠢᠭ᠎ᠠ ᠰᠧᠷ ᠤᠨ ᠬᠥᠪᠡᠭᠦᠳ ᠪᠤᠶᠤ ᠾᠣᠷᠴᠤᠳ ᠤᠨ ᠠᠬᠠᠯᠠᠭᠴᠢᠳ ᠶᠤᠮ᠃ 22 ᠯᠣᠲ᠋ᠠᠨ ᠤ ᠬᠥᠪᠡᠭᠦᠳ᠄ ᠾᠣᠷᠢ ᠪᠣᠯᠣᠨ ᠾᠧᠮᠠᠮ᠃ ᠯᠣᠲ᠋ᠠᠨ ᠤ ᠡᠭᠡᠴᠢ᠄ ᠲᠢᠮᠨᠠ᠃ 23 ᠱᠣᠪᠠᠯ ᠤᠨ ᠬᠥᠪᠡᠭᠦᠳ᠄ ᠠᠯᠸᠠᠨ᠂ ᠮᠠᠨᠠᠬᠠᠲ᠂ ᠡᠪᠠᠯ᠂ ᠱᠧᠹᠣ᠂ ᠣᠨᠠᠮ᠃ 24 ᠽᠢᠪᠧᠶᠣᠨ ᠤ ᠬᠥᠪᠡᠭᠦᠳ᠄ ᠠᠶ᠎ᠠ ᠪᠣᠯᠣᠨ ᠠᠨ᠎ᠠ᠃ ᠠᠨ᠎ᠠ ᠪᠣᠯ ᠡᠴᠢᠭᠡ ᠽᠢᠪᠧᠶᠣᠨ ᠤ ᠪᠠᠨ ᠡᠯᠵᠢᠭᠡ ᠶᠢ ᠬᠠᠷᠢᠭᠤᠯᠵᠤ ᠶᠠᠪᠤᠬᠤ ᠳᠠᠭᠠᠨ ᠡᠯᠡᠰᠦᠨ ᠴᠥᠯ ᠡᠴᠡ ᠬᠠᠯᠠᠭᠤᠨ ᠷᠠᠰᠢᠶᠠᠨ ᠣᠯᠣᠭᠰᠠᠨ ᠬᠥᠮᠦᠨ ᠶᠤᠮ᠃ 25 ᠠᠨ᠎ᠠ ᠶᠢᠨ ᠬᠡᠦᠬᠡᠳ ᠤᠳ᠄ ᠳ᠋ᠢᠱᠣᠨ ᠪᠣᠯᠣᠨ ᠣᠬᠣᠯᠢᠪᠠᠮᠠ᠃ ᠣᠬᠣᠯᠢᠪᠠᠮᠠ ᠪᠣᠯ ᠠᠨ᠎ᠠ ᠶᠢᠨ ᠥᠬᠢᠨ ᠶᠤᠮ᠃ 26 ᠳ᠋ᠢᠱᠣᠨ ᠤ ᠬᠥᠪᠡᠭᠦᠳ᠄ ᠾᠧᠮᠳᠠᠨ᠂ ᠡᠱᠪᠠᠨ᠂ ᠢᠲ᠋ᠷᠠᠨ᠂ ᠺᠧᠷᠠᠨ᠃ 27 ᠡᠽᠧᠷ ᠤᠨ ᠬᠥᠪᠡᠭᠦᠳ᠄ ᠪᠢᠯᠾᠠᠨ᠂ ᠽᠠᠸᠠᠨ᠂ ᠠᠺᠠᠨ᠃ 28 ᠳ᠋ᠢᠱᠠᠨ ᠤ ᠬᠥᠪᠡᠭᠦᠳ᠄ ᠦᠽ ᠪᠣᠯᠣᠨ ᠠᠷᠠᠨ᠃ 29 ᠾᠣᠷᠴᠤᠳ ᠤᠨ ᠠᠬᠠᠯᠠᠭᠴᠢᠳ᠄ ᠠᠬᠠᠯᠠᠭᠴᠢ ᠯᠣᠲ᠋ᠠᠨ᠂ ᠠᠬᠠᠯᠠᠭᠴᠢ ᠱᠣᠪᠠᠯ᠂ ᠠᠬᠠᠯᠠᠭᠴᠢ ᠽᠢᠪᠧᠶᠣᠨ᠂ ᠠᠬᠠᠯᠠᠭᠴᠢ ᠠᠨ᠎ᠠ᠂ 30 ᠠᠬᠠᠯᠠᠭᠴᠢ ᠳ᠋ᠢᠱᠣᠨ᠂ ᠠᠬᠠᠯᠠᠭᠴᠢ ᠡᠽᠧᠷ᠂ ᠠᠬᠠᠯᠠᠭᠴᠢ ᠳ᠋ᠢᠱᠠᠨ᠃ ᠡᠳᠡ ᠨᠠᠷ ᠪᠣᠯ ᠰᠧᠷ ᠤᠨ ᠨᠤᠲᠤᠭ ᠲᠤ ᠠᠬᠠᠯᠠᠭᠴᠢ ᠶᠢᠨ ᠢᠶᠠᠨ ᠳᠠᠭᠠᠤ ᠬᠤᠪᠢᠶᠠᠭᠳᠠᠭᠰᠠᠨ ᠬᠠᠷᠢᠴᠤᠳ ᠤᠨ ᠠᠬᠠᠯᠠᠭᠴᠢᠳ ᠶᠤᠮ᠃
ᠡᠳᠣᠮ ᠤᠨ ᠬᠠᠭᠠᠳ
31 ᠢᠰᠷᠧᠯᠴᠦᠳ ᠬᠠᠭᠠᠨ ᠢᠶᠠᠷ ᠵᠠᠬᠢᠷᠤᠭᠤᠯᠬᠤ ᠠᠴᠠ ᠡᠮᠦᠨ᠎ᠡ ᠡᠳᠣᠮ ᠨᠤᠲᠤᠭ ᠢ ᠡᠳᠡᠭᠡᠷ ᠬᠠᠭᠠᠨ ᠵᠠᠬᠢᠷᠴᠤ ᠪᠠᠢᠵᠠᠢ᠄ 32 ᠪᠧᠶᠣᠷ ᠤᠨ ᠬᠦᠦ ᠪᠧᠯᠠ ᠡᠳᠣᠮ ᠤᠨ ᠬᠠᠭᠠᠨ ᠪᠣᠯᠵᠠᠢ᠃ ᠬᠣᠲᠠ ᠶᠢᠨ ᠬᠢᠨᠢ ᠨᠡᠷ᠎ᠡ ᠳ᠋ᠢᠩ᠋ᠬᠠᠪᠠ ᠭᠡᠳᠡᠭ᠃ 33 ᠪᠧᠯᠠ ᠦᠬᠦᠭᠰᠡᠨ ᠳᠦ᠂ ᠪᠣᠽᠷᠠ ᠶᠢᠨ ᠬᠥᠮᠦᠨ ᠽᠧᠷᠠ ᠶᠢᠨ ᠬᠦᠦ ᠶᠣᠪᠠᠪ ᠲᠡᠭᠦᠨ ᠦ ᠣᠷᠣᠨ ᠳᠤ ᠬᠠᠭᠠᠨ ᠪᠣᠯᠵᠠᠢ᠃ 34 ᠶᠣᠪᠠᠪ ᠦᠬᠦᠭᠰᠡᠨ ᠳᠦ᠂ ᠲᠧᠮᠠᠨᠴᠤᠳ ᠤᠨ ᠨᠤᠲᠤᠭ ᠤᠨ ᠾᠦᠱᠠᠮ ᠲᠡᠭᠦᠨ ᠦ ᠣᠷᠣᠨ ᠳᠤ ᠬᠠᠭᠠᠨ ᠪᠣᠯᠪᠠ᠃ 35 ᠾᠦᠱᠠᠮ ᠦᠬᠦᠭᠰᠡᠨ ᠳᠦ᠂ ᠪᠧᠳᠠᠳ᠋ ᠤᠨ ᠬᠦᠦ ᠪᠤᠶᠤ ᠮᠣᠶᠠᠪ ᠤᠨ ᠲᠠᠯ᠎ᠠ ᠳᠤ ᠮᠢᠳᠢᠶᠠᠨᠴᠤᠳ ᠢ ᠪᠤᠲᠠ ᠴᠣᠬᠢᠭᠰᠠᠨ ᠬᠠᠳᠠᠳ᠋ ᠲᠡᠭᠦᠨ ᠦ ᠣᠷᠣᠨ ᠳᠤ ᠬᠠᠭᠠᠨ ᠪᠣᠯᠵᠠᠢ᠃ ᠬᠣᠲᠠ ᠶᠢᠨ ᠨᠡᠷ᠎ᠡ ᠨᠢ ᠠᠸᠢᠲ ᠭᠡᠳᠡᠭ᠃ 36 ᠬᠠᠳᠠᠳ᠋ ᠦᠬᠦᠭᠰᠡᠨ ᠳᠦ᠂ ᠮᠠᠰᠷᠧᠺᠠ ᠶᠢᠨ ᠬᠥᠮᠦᠨ ᠰᠠᠮᠯᠠ ᠲᠡᠭᠦᠨ ᠦ ᠣᠷᠣᠨ ᠳᠤ ᠬᠠᠭᠠᠨ ᠪᠣᠯᠵᠠᠢ᠃ 37 ᠰᠠᠮᠯᠠ ᠦᠬᠦᠭᠰᠡᠨ ᠳᠦ᠂ ᠡᠶᠦ᠋ᠹᠷᠠᠲ᠋ᠧᠰ ᠮᠥᠷᠡᠨ ᠦ ᠡᠷᠭᠢ ᠳᠠᠬᠢ ᠷᠧᠬᠣᠪᠣᠲ ᠤᠨ ᠱᠠᠦ᠋ᠯ ᠲᠡᠭᠦᠨ ᠦ ᠣᠷᠣᠨ ᠳᠤ ᠬᠠᠭᠠᠨ ᠪᠣᠯᠵᠠᠢ᠃ 38 ᠱᠠᠦ᠋ᠯ ᠦᠬᠦᠭᠰᠡᠨ ᠳᠦ᠂ ᠠᠺᠪᠣᠷ ᠤᠨ ᠬᠦᠦ ᠪᠠᠯ ᠬᠠᠨᠠᠨ ᠣᠷᠣᠨ ᠳᠤᠨᠢ ᠬᠠᠭᠠᠨ ᠪᠣᠯᠪᠠ᠃ 39 ᠠᠺᠪᠣᠷ ᠤᠨ ᠬᠦᠦ ᠪᠠᠯ ᠬᠠᠨᠠᠨ ᠦᠬᠦᠭᠰᠡᠨ ᠳᠦ᠂ ᠬᠠᠳᠠᠷ ᠲᠡᠭᠦᠨ ᠦ ᠣᠷᠣᠨ ᠳᠤ ᠬᠠᠭᠠᠨ ᠪᠣᠯᠵᠠᠢ᠃ ᠬᠣᠲᠠ ᠶᠢᠨ ᠨᠡᠷ᠎ᠡ ᠨᠢ ᠫᠠᠦ᠋ ᠭᠡᠳᠡᠭ᠃ ᠲᠡᠭᠦᠨ ᠦ ᠡᠬᠡᠨᠡᠷ ᠢ ᠮᠧᠾᠧᠲ᠋ᠠᠪᠧᠯ ᠭᠡᠳᠡᠭ ᠪᠥᠭᠡᠳ ᠲᠡᠷᠡ ᠨᠢ ᠮᠧᠽᠠᠬᠠᠪ ᠤᠨ ᠠᠴᠢ ᠥᠬᠢᠨ᠂ ᠮᠠᠲ᠋ᠷᠧᠳ᠋ ᠤᠨ ᠥᠬᠢᠨ ᠶᠤᠮ᠃
40 ᠡᠳᠡᠭᠡᠷ ᠪᠣᠯ ᠣᠪᠣᠭ ᠪᠣᠯᠣᠨ ᠨᠤᠲᠤᠭ ᠢᠶᠠᠷ ᠢᠶᠠᠨ ᠬᠤᠪᠢᠶᠠᠭᠳᠠᠭᠰᠠᠨ ᠡᠰᠠᠦ᠋ ᠶᠢᠨ ᠦᠷ᠎ᠡ ᠤᠳᠤᠮ ᠤᠨ ᠠᠬᠠᠯᠠᠭᠴᠢᠳ ᠤᠨ ᠨᠡᠷᠡᠰ᠄ ᠠᠬᠠᠯᠠᠭᠴᠢ ᠲᠢᠮᠨᠠ᠂ ᠠᠬᠠᠯᠠᠭᠴᠢ ᠠᠯᠸᠠ᠂ ᠠᠬᠠᠯᠠᠭᠴᠢ ᠶᠧᠲ᠋ᠧᠲ᠂ 41 ᠠᠬᠠᠯᠠᠭᠴᠢ ᠣᠬᠣᠯᠢᠪᠠᠮᠠ᠂ ᠠᠬᠠᠯᠠᠭᠴᠢ ᠡᠯ᠎ᠠ᠂ ᠠᠬᠠᠯᠠᠭᠴᠢ ᠫᠢᠨᠣᠨ᠂ 42 ᠠᠬᠠᠯᠠᠭᠴᠢ ᠺᠧᠨᠠᠽ᠂ ᠠᠬᠠᠯᠠᠭᠴᠢ ᠲᠧᠮᠠᠨ᠂ ᠠᠬᠠᠯᠠᠭᠴᠢ ᠮᠢᠪᠽᠠᠷ᠂ 43 ᠠᠬᠠᠯᠠᠭᠴᠢ ᠮᠠᠭᠳᠢᠶᠧᠯ᠂ ᠠᠬᠠᠯᠠᠭᠴᠢ ᠢᠷᠠᠮ ᠨᠠᠷ᠃ ᠡᠳᠡ ᠨᠠᠷ ᠪᠣᠯ ᠡᠵᠡᠮᠰᠢᠵᠦ ᠰᠠᠭᠤᠷᠢᠰᠢᠭᠰᠠᠨ ᠭᠠᠵᠠᠷ ᠢᠶᠠᠷ ᠢᠶᠠᠨ ᠬᠤᠪᠢᠶᠠᠭᠳᠠᠭᠰᠠᠨ ᠡᠳᠣᠮᠴᠤᠳ ᠤᠨ ᠠᠬᠠᠯᠠᠭᠴᠢᠳ ᠶᠤᠮ᠃ ᠡᠳᠣᠮᠴᠤᠳ ᠤᠨ ᠡᠪᠦᠭᠡ ᠨᠢ ᠡᠰᠠᠦ᠋ ᠪᠢᠯᠡ᠃