1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50


ᠡᠬᠢᠯᠡᠯ ᠶᠢᠰᠦ
 ᠰᠣᠯᠣᠩ᠋ᠭᠠᠨ ᠭᠡᠷ᠎ᠡ

1 ᠪᠤᠷᠬᠠᠨ ᠨᠣᠶᠠ ᠪᠣᠯᠣᠨ ᠲᠡᠭᠦᠨ ᠦ ᠬᠥᠪᠡᠭᠦᠳ ᠢ ᠢᠷᠥᠭᠡᠨ᠂ ᠲᠡᠳᠡᠨ ᠳᠦ᠄ 《ᠦᠷᠡᠵᠢᠨ ᠣᠯᠠᠰᠢᠷᠠᠵᠤ᠂ ᠭᠠᠵᠠᠷ ᠳᠡᠯᠡᠬᠡᠢ ᠶᠢ ᠳᠦᠭᠦᠷᠭᠡᠭᠲᠦᠨ᠃ 2 ᠭᠠᠵᠠᠷ ᠳᠡᠭᠡᠷᠡᠬᠢ ᠬᠠᠮᠤᠭ ᠠᠮᠢᠲᠠᠨ᠂ ᠣᠭᠲᠠᠷᠭᠤᠢ ᠶᠢᠨ ᠬᠠᠮᠤᠭ ᠰᠢᠪᠠᠭᠤ᠂ ᠭᠠᠵᠠᠷ ᠤᠨ ᠬᠠᠮᠤᠭ ᠮᠥᠯᠬᠥᠭᠴᠢ᠂ ᠳᠠᠯᠠᠢ ᠶᠢᠨ ᠬᠠᠮᠤᠭ ᠵᠢᠭᠠᠰᠤ ᠲᠠ ᠨᠠᠷ ᠠᠴᠠ ᠠᠶᠤᠵᠤ ᠡᠮᠢᠶᠡᠨ᠎ᠡ᠃ ᠲᠡᠳᠡ ᠪᠦᠭᠦᠳᠡ ᠶᠢ ᠪᠢ ᠲᠠ ᠨᠠᠷ ᠤᠨ ᠭᠠᠷ ᠲᠤ ᠲᠤᠰᠢᠶᠠᠶ᠎ᠠ᠃ 3 ᠠᠯᠢᠪᠠ ᠠᠮᠢᠳᠤ᠂ ᠬᠥᠳᠡᠯᠵᠦ ᠪᠠᠢᠭ᠎ᠠ ᠪᠦᠬᠦᠨ ᠨᠢ ᠲᠠ ᠨᠠᠷ ᠤᠨ ᠢᠳᠡᠬᠦ ᠬᠣᠭᠣᠯᠠ ᠪᠣᠯᠣᠨ᠎ᠠ᠃ ᠪᠢ ᠲᠠ ᠨᠠᠷ ᠲᠤ ᠡᠪᠡᠰᠦ ᠨᠣᠭᠣᠭ᠎ᠠ ᠶᠢ ᠥᠭᠭᠥᠭᠰᠡᠨ ᠰᠢᠭ ᠢᠶᠠᠨ ᠡᠨᠡ ᠪᠦᠬᠦᠨ ᠢ ᠲᠠ ᠨᠠᠷ ᠲᠤ ᠥᠭᠭᠥᠶ᠎ᠡ᠃ 4 ᠭᠠᠭᠴᠠ ᠬᠦ ᠮᠢᠬ᠎ᠠ ᠶᠢ ᠠᠮᠢ ᠲᠠᠢ᠂ ᠴᠢᠰᠤ ᠲᠠᠢ ᠨᠢ ᠪᠦᠦ ᠢᠳᠡ᠃ 5 ᠲᠠ ᠨᠠᠷ ᠤᠨ ᠠᠮᠢ ᠪᠣᠯᠬᠤ ᠴᠢᠰᠤᠨ ᠤ ᠲᠥᠯᠥᠭᠡ ᠪᠢ ᠵᠠᠪᠠᠯ ᠨᠡᠬᠡᠮᠵᠢᠯᠡᠨ᠎ᠡ᠃ ᠪᠢ ᠴᠢᠨᠦ ᠥᠰᠢᠶ᠎ᠡ ᠶᠢ ᠶᠠᠮᠠᠷ ᠴᠤ ᠠᠮᠢᠲᠠᠨ ᠠᠴᠠ ᠠᠪᠤᠨ᠎ᠠ᠃ ᠪᠢ ᠬᠥᠮᠦᠨ ᠦ ᠠᠮᠢ ᠶᠢᠨ ᠥᠰᠢᠶ᠎ᠡ ᠶᠢ ᠶᠠᠮᠠᠷ ᠴᠤ ᠠᠬ᠎ᠠ ᠳᠡᠭᠦᠦ ᠡᠴᠡ ᠨᠢ ᠠᠪᠤᠨ᠎ᠠ᠃
6 ᠬᠡᠨ ᠬᠥᠮᠦᠨ ᠦ ᠴᠢᠰᠤ ᠶᠢ ᠤᠷᠤᠰᠬᠠᠪᠠᠯ ᠬᠥᠮᠦᠨ ᠲᠡᠭᠦᠨ ᠦ ᠴᠢᠰᠤ ᠶᠢ ᠤᠷᠤᠰᠬᠠᠨ᠎ᠠ ᠪᠤᠷᠬᠠᠨ ᠬᠥᠮᠦᠨ ᠢ ᠥᠪᠡᠷ ᠦᠨ ᠢᠶᠠᠨ ᠲᠥᠷᠬᠥ ᠪᠡᠷ ᠵᠣᠬᠢᠶᠠᠪᠠ᠃
7 ᠬᠠᠷᠢᠨ ᠲᠠ ᠨᠠᠷ ᠦᠷᠡᠵᠢᠨ ᠣᠯᠠᠰᠢᠷᠠᠲᠤᠭᠠᠢ ᠭᠠᠵᠠᠷ ᠳᠡᠯᠡᠬᠡᠢ ᠶᠢ ᠪᠢᠯᠬᠠᠭᠤᠯᠤᠨ᠂ ᠲᠡᠭᠦᠨ ᠳᠡᠭᠡᠷ᠎ᠡ ᠣᠯᠠᠰᠢᠷᠠᠲᠤᠭᠠᠢ》 ᠭᠡᠵᠡᠢ᠃

8 ᠪᠤᠷᠬᠠᠨ ᠨᠣᠶᠠ ᠪᠣᠯᠣᠨ ᠲᠡᠭᠦᠨ ᠲᠡᠢ ᠬᠠᠮᠲᠤ ᠪᠠᠢᠭ᠎ᠠ ᠬᠥᠪᠡᠭᠦᠳ ᠲᠤᠨᠢ᠄ 9 《ᠠᠩ᠋ᠬᠠᠷᠤᠭᠲᠤᠨ᠂ ᠪᠢ ᠲᠠ ᠨᠠᠷ ᠪᠣᠯᠣᠨ ᠲᠠ ᠨᠠᠷ ᠠᠴᠠ ᠬᠣᠢᠰᠢᠬᠢ ᠦᠷ᠎ᠡ ᠤᠳᠤᠮ ᠲᠠᠢ ᠴᠢᠨᠢ ᠬᠠᠮᠲᠤ 10 ᠮᠥᠨ ᠲᠠ ᠨᠠᠷ ᠲᠠᠢ ᠬᠠᠮᠲᠤ ᠪᠠᠢᠭ᠎ᠠ ᠬᠠᠮᠤᠭ ᠠᠮᠢᠲᠠᠨ᠂ ᠰᠢᠪᠠᠭᠤᠳ᠂ ᠮᠠᠯ ᠠᠳᠤᠭᠤᠰᠤ᠂ ᠭᠠᠵᠠᠷ ᠤᠨ ᠬᠠᠮᠤᠭ ᠵᠡᠷᠯᠢᠭ ᠠᠮᠢᠲᠠᠨ᠂ ᠲᠤᠬᠠᠢᠯᠠᠪᠠᠯ ᠣᠩ᠋ᠭᠣᠴᠠᠨ ᠠᠴᠠ ᠭᠠᠷᠴᠤ ᠢᠷᠡᠭᠰᠡᠨ ᠭᠠᠵᠠᠷ ᠳᠡᠯᠡᠬᠡᠢ ᠶᠢᠨ ᠬᠠᠮᠤᠭ ᠠᠮᠢᠲᠠᠨ ᠲᠠᠢ ᠭᠡᠷ᠎ᠡ ᠪᠡᠨ ᠪᠠᠢᠭᠤᠯᠬᠤ ᠪᠠᠷ ᠪᠠᠢᠨ᠎ᠠ᠃ 11 ᠪᠢ ᠲᠠ ᠨᠠᠷ ᠲᠠᠢ ᠭᠡᠷ᠎ᠡ ᠪᠡᠨ ᠪᠠᠢᠭᠤᠯᠤᠶ᠎ᠠ᠃ ᠬᠠᠮᠤᠭ ᠮᠢᠬᠠᠨ ᠪᠡᠶᠡᠲᠡᠨ ᠳᠠᠬᠢᠭᠠᠳ ᠦᠶᠡᠷ ᠦᠨ ᠤᠰᠤᠨ ᠳᠤ ᠤᠰᠠᠳᠬᠤ ᠦᠭᠡᠢ᠂ ᠭᠠᠵᠠᠷ ᠳᠡᠯᠡᠬᠡᠢ ᠶᠢ ᠰᠦᠢᠷᠡᠭᠦᠯᠬᠦ ᠦᠶᠡᠷ ᠳᠠᠬᠢᠨ ᠲᠣᠬᠢᠶᠠᠯᠳᠤᠬᠤ ᠦᠭᠡᠢ》 ᠭᠡᠪᠡ᠃ 12 ᠪᠤᠷᠬᠠᠨ᠄ 《ᠲᠠ ᠨᠠᠷ ᠪᠣᠯᠣᠨ ᠲᠠ ᠨᠠᠷ ᠲᠠᠢ ᠬᠠᠮᠲᠤ ᠪᠠᠢᠭ᠎ᠠ ᠬᠠᠮᠤᠭ ᠠᠮᠢᠲᠠᠨ᠂ ᠮᠥᠨ ᠬᠣᠢᠴᠢ ᠶᠢᠨ ᠪᠦᠬᠦ ᠦᠶ᠎ᠡ ᠶᠢᠨ ᠬᠢᠨ ᠲᠠᠢ ᠪᠠᠢᠭᠤᠯᠬᠤ ᠮᠢᠨᠦ ᠭᠡᠷ᠎ᠡ ᠶᠢᠨ ᠲᠡᠮᠳᠡᠭ ᠨᠢ ᠡᠨᠡ᠄ 13 ᠪᠢ ᠡᠭᠦᠯᠡᠨ ᠳᠦ ᠰᠣᠯᠣᠩ᠋ᠭ᠎ᠠ ᠪᠠᠨ ᠲᠠᠲᠠᠭᠤᠯᠤᠶ᠎ᠠ᠃ ᠡᠨᠡ ᠨᠢ ᠮᠢᠨᠦ ᠭᠠᠵᠠᠷ ᠳᠡᠯᠡᠬᠡᠢ ᠯᠦᠭᠡ ᠲᠣᠭᠲᠠᠭᠠᠭᠰᠠᠨ ᠭᠡᠷ᠎ᠡ ᠶᠢᠨ ᠲᠡᠮᠳᠡᠭ ᠪᠣᠯᠣᠨ᠎ᠠ᠃ 14 ᠡᠢᠮᠦ ᠡᠴᠡ ᠭᠠᠵᠠᠷ ᠤᠨ ᠳᠡᠭᠡᠭᠦᠷ ᠡᠭᠦᠯᠡ ᠭᠠᠷᠭᠠᠬᠤ ᠳᠤ ᠮᠢᠨᠢ ᠲᠡᠷᠡ ᠡᠭᠦᠯᠡᠨ ᠳᠡᠭᠡᠷ᠎ᠡ ᠰᠣᠯᠣᠩ᠋ᠭ᠎ᠠ ᠬᠠᠷᠠᠭᠳᠠᠪᠠᠯ 15 ᠪᠢ ᠲᠠ ᠨᠠᠷ ᠬᠢᠭᠡᠳ ᠮᠢᠬᠠᠨ ᠪᠡᠶᠡᠲᠦ ᠲᠥᠷᠥᠯ ᠪᠦᠷᠢ ᠶᠢᠨ ᠬᠠᠮᠤᠭ ᠠᠮᠢᠲᠠᠨ ᠯᠤᠭ᠎ᠠ ᠪᠠᠢᠭᠤᠯᠤᠭᠰᠠᠨ ᠭᠡᠷ᠎ᠡ ᠶᠢ ᠪᠢ ᠳᠤᠷᠠᠰᠤᠨ ᠰᠠᠨᠠᠬᠤ ᠪᠣᠯᠣᠨ᠎ᠠ᠃ ᠡᠢᠮᠦ ᠡᠴᠡ ᠤᠰᠤ ᠳᠠᠬᠢᠭᠠᠳ ᠮᠢᠬᠠᠨ ᠪᠡᠶ᠎ᠡ ᠲᠡᠢ ᠪᠦᠬᠦᠨ ᠢ ᠤᠰᠠᠳᠬᠠᠬᠤ ᠦᠶᠡᠷ ᠪᠣᠯᠬᠤ ᠦᠭᠡᠢ᠃ 16 ᠡᠭᠦᠯᠡᠨ ᠳᠦ ᠰᠣᠯᠣᠩ᠋ᠭ᠎ᠠ ᠲᠠᠲᠠᠬᠤ ᠪᠣᠯᠭᠠᠨ ᠳᠤ᠂ ᠲᠡᠭᠦᠨ ᠢ ᠬᠠᠷᠠᠭᠠᠳ ᠪᠤᠷᠬᠠᠨ ᠤ ᠳᠡᠯᠡᠬᠡᠢ ᠳᠡᠭᠡᠷᠡᠬᠢ ᠮᠢᠬᠠᠨ ᠪᠡᠶᠡᠲᠦ ᠬᠠᠮᠤᠭ ᠠᠮᠢᠲᠠᠨ ᠯᠤᠭ᠎ᠠ ᠪᠠᠢᠭᠤᠯᠤᠭᠰᠠᠨ ᠮᠥᠩᠬᠡ ᠶᠢᠨ ᠭᠡᠷ᠎ᠡ ᠶᠢ ᠳᠤᠷᠠᠰᠤᠨ ᠰᠠᠨᠠᠬᠤ ᠪᠣᠯᠣᠨ᠎ᠠ》 ᠭᠡᠪᠡ᠃ 17 ᠪᠤᠷᠬᠠᠨ ᠨᠣᠶᠠ ᠳᠤ᠄ 《ᠡᠨᠡ ᠪᠣᠯ ᠮᠢᠨᠦ ᠳᠡᠯᠡᠬᠡᠢ ᠳᠡᠭᠡᠷᠡᠬᠢ ᠬᠠᠮᠤᠭ ᠮᠢᠬᠠᠨ ᠪᠡᠶᠡᠲᠡᠨ ᠲᠡᠢ ᠪᠠᠢᠭᠤᠯᠤᠭᠰᠠᠨ ᠭᠡᠷ᠎ᠡ ᠶᠢᠨ ᠲᠡᠮᠳᠡᠭ ᠪᠣᠯᠣᠨ᠎ᠠ》 ᠭᠡᠪᠡ᠃
 ᠨᠣᠶᠠ ᠶᠢᠨ ᠬᠥᠪᠡᠭᠦᠳ

18 ᠣᠩ᠋ᠭᠣᠴᠠ ᠠᠴᠠ ᠭᠠᠷᠴᠤ ᠢᠷᠡᠭᠰᠡᠨ ᠨᠣᠶᠠ ᠶᠢᠨ ᠬᠥᠪᠡᠭᠦᠳ ᠪᠣᠯ ᠱᠧᠮ᠂ ᠾᠠᠮ᠂ ᠶᠠᠹᠧᠲ᠃ ᠾᠠᠮ ᠨᠢ ᠺᠠᠨᠠᠨ ᠤ ᠡᠴᠢᠭᠡ ᠶᠤᠮ᠃ 19 ᠨᠣᠶᠠ ᠶᠢᠨ ᠡᠨᠡ ᠭᠤᠷᠪᠠᠨ ᠬᠥᠪᠡᠭᠦᠨ ᠡᠴᠡ ᠳᠡᠯᠡᠬᠡᠢ ᠶᠢᠨ ᠪᠦᠬᠦ ᠬᠥᠮᠦᠨ ᠲᠥᠷᠥᠯᠬᠢᠲᠡᠨ ᠡᠭᠦᠰᠦᠨ ᠲᠠᠷᠬᠠᠵᠠᠢ᠃

20 ᠲᠠᠷᠢᠶᠠᠴᠢᠨ ᠨᠣᠶᠠ ᠦᠵᠦᠮ ᠦᠨ ᠬᠦᠷᠢᠶᠡᠯᠡᠩ ᠪᠠᠢᠭᠤᠯᠵᠤ ᠡᠬᠢᠯᠡᠪᠡ᠃ 21 ᠨᠢᠭᠡᠨ ᠡᠳᠦᠷ ᠲᠡᠷᠡ ᠦᠵᠦᠮ ᠦᠨ ᠳᠠᠷᠠᠰᠤ ᠤᠤᠭᠤᠵᠤ ᠰᠣᠭᠲᠣᠭᠠᠳ ᠮᠠᠢᠬᠠᠨ ᠳᠣᠲᠣᠷ᠎ᠠ ᠪᠠᠨ ᠨᠢᠴᠦᠭᠦᠨ ᠬᠡᠪᠲᠡᠵᠦ ᠪᠠᠢᠪᠠ᠃ 22 ᠺᠠᠨᠠᠨ ᠤ ᠡᠴᠢᠭᠡ ᠾᠠᠮ ᠡᠴᠢᠭᠡ ᠶᠢᠨ ᠢᠶᠠᠨ ᠨᠢᠴᠦᠭᠦᠨ ᠪᠠᠢᠳᠠᠯ ᠢ ᠬᠠᠷᠠᠭᠠᠳ ᠭᠠᠳᠠᠭᠰᠢ ᠭᠠᠷᠴᠤ᠂ ᠠᠬ᠎ᠠ ᠳᠡᠭᠦᠦ ᠳᠡᠭᠡᠨ ᠳᠤᠭᠤᠯᠭᠠᠵᠠᠢ᠃ 23 ᠱᠧᠮ᠂ ᠶᠠᠹᠧᠲ ᠬᠣᠶᠠᠷ ᠨᠥᠮᠥᠷᠭᠡ ᠠᠪᠴᠤ ᠮᠥᠷᠥᠨ ᠳᠡᠭᠡᠷ᠎ᠡ ᠪᠡᠨ ᠲᠠᠯᠪᠢᠨ ᠠᠷᠤ ᠲᠡᠰᠢ ᠪᠠᠨ ᠤᠬᠤᠷᠢᠭᠰᠠᠭᠠᠷ ᠢᠷᠡᠵᠦ ᠡᠴᠢᠭᠡ ᠶᠢᠨ ᠢᠶᠠᠨ ᠨᠢᠴᠦᠭᠦᠨ ᠪᠡᠶ᠎ᠡ ᠳᠡᠭᠡᠷ᠎ᠡ ᠨᠥᠮᠥᠷᠭᠡᠪᠡ᠃ ᠲᠡᠳᠡ ᠨᠢᠭᠤᠷ ᠢᠶᠠᠨ ᠠᠷᠤᠨᠰᠢ ᠪᠠᠨ ᠬᠠᠷᠠᠭᠤᠯᠤᠭ᠎ᠠ ᠦᠭᠡᠢ᠂ ᠡᠴᠢᠭᠡ ᠶᠢᠨ ᠢᠶᠠᠨ ᠨᠢᠴᠦᠭᠦᠨ ᠪᠡᠶ᠎ᠡ ᠶᠢ ᠬᠠᠷᠠᠭᠰᠠᠨ ᠦᠭᠡᠢ᠃ 24 ᠰᠣᠭᠲᠣᠭᠤ ᠠᠴᠠ ᠪᠠᠨ ᠰᠡᠷᠭᠦᠭᠰᠡᠨ ᠨᠣᠶᠠ ᠵᠠᠯᠠᠭᠤ ᠬᠦᠦ ᠶᠢᠨ ᠢᠶᠠᠨ ᠥᠪᠡᠷ ᠲᠤᠨᠢ ᠶᠠᠭᠤ ᠬᠢᠭᠰᠡᠨ ᠢ ᠮᠡᠳᠡᠭᠡᠳ᠄ 25 《ᠺᠠᠨᠠᠨ ᠬᠠᠷᠢᠶᠠᠭᠳᠠᠬᠤ ᠪᠣᠯᠲᠤᠭᠠᠢ ᠲᠡᠷᠡ ᠠᠬ᠎ᠠ ᠳᠡᠭᠦᠦᠰ ᠦᠨ ᠢᠶᠠᠨ ᠪᠣᠭᠣᠯ ᠤᠨ ᠪᠣᠭᠣᠯ ᠪᠣᠯᠣᠨ᠎ᠠ》 ᠭᠡᠵᠡᠢ᠃
26 ᠲᠡᠷᠡ ᠪᠠᠰᠠ᠄ 《ᠱᠧᠮ ᠤᠨ ᠪᠤᠷᠬᠠᠨ ᠶᠣᠬᠣᠸᠠ ᠮᠠᠭᠲᠠᠭᠳᠠᠬᠤ ᠪᠣᠯᠲᠤᠭᠠᠢ ᠺᠠᠨᠠᠨ ᠱᠧᠮ ᠤᠨ ᠪᠣᠭᠣᠯ ᠪᠣᠯᠣᠭ᠃
27 ᠪᠤᠷᠬᠠᠨ ᠶᠠᠹᠧᠲ ᠢ ᠲᠡᠯᠡᠵᠦ ᠶᠠᠹᠧᠲ ᠱᠧᠮ ᠤᠨ ᠮᠠᠢᠬᠠᠨ ᠨᠤᠭᠤᠳ ᠲᠤ ᠰᠠᠭᠤᠬᠤ ᠪᠣᠯᠲᠤᠭᠠᠢ ᠺᠠᠨᠠᠨ ᠲᠡᠭᠦᠨ ᠦ ᠪᠣᠭᠣᠯ ᠪᠣᠯᠣᠭ︕》 ᠭᠡᠵᠡᠢ᠃

28 ᠦᠶᠡᠷ ᠪᠣᠯᠣᠭᠰᠠᠨ ᠠᠴᠠ ᠬᠣᠢᠰᠢ ᠨᠣᠶᠠ ᠭᠤᠷᠪᠠᠨ ᠵᠠᠭᠤ ᠲᠠᠪᠢᠨ ᠵᠢᠯ ᠠᠮᠢᠳᠤᠷᠠᠵᠠᠢ᠃ 29 ᠲᠡᠷᠡ ᠨᠡᠢᠲᠡ ᠶᠢᠰᠦᠨ ᠵᠠᠭᠤ ᠲᠠᠪᠢᠨ ᠵᠢᠯ ᠠᠮᠢᠳᠤᠷᠠᠭᠠᠳ ᠥᠭᠡᠳᠡ ᠪᠣᠯᠪᠠ᠃