1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50


ᠡᠬᠢᠯᠡᠯ ᠠᠷᠪᠠᠨ ᠭᠤᠷᠪᠠ
 ᠠᠪᠷᠠᠮ ᠯᠣᠲ ᠰᠠᠯᠤᠯᠴᠠᠪᠠ

1 ᠡᠢᠨ ᠬᠦ ᠠᠪᠷᠠᠮ ᠡᠬᠡᠨᠡᠷ ᠪᠣᠯᠣᠨ ᠬᠠᠮᠤᠭ ᠶᠠᠭᠤᠮᠠᠰ ᠢᠶᠠᠨ ᠠᠪᠤᠭᠠᠳ ᠶᠧᠵᠢᠫᠲ ᠡᠴᠡ ᠭᠠᠷᠴᠤ ᠨᠧᠭᠧᠪ ᠥᠭᠡᠳᠡ ᠣᠳᠴᠠᠢ᠃ ᠯᠣᠲ ᠴᠤ ᠲᠡᠭᠦᠨ ᠲᠡᠢ ᠬᠠᠮᠲᠤ ᠶᠠᠪᠤᠪᠠ᠃

2 ᠠᠪᠷᠠᠮ ᠮᠠᠯ ᠰᠦᠷᠦᠭ᠂ ᠠᠯᠲᠠ ᠮᠥᠩᠭᠥ ᠶᠡᠬᠡ ᠲᠡᠢ᠂ ᠮᠠᠰᠢ ᠪᠠᠶᠠᠨ ᠪᠠᠢᠭᠰᠠᠨ ᠶᠤᠮ᠃ 3 ᠲᠡᠷᠡ ᠪᠡᠷ ᠨᠧᠭᠧᠪ ᠡᠴᠡ ᠭᠠᠷᠴᠤ ᠪᠧᠲ᠋ᠧᠯ ᠵᠦᠭ ᠨᠡᠭᠦᠵᠦ ᠶᠠᠪᠤᠭᠰᠠᠭᠠᠷ᠂ ᠪᠧᠲ᠋ᠧᠯ᠂ ᠠᠶ ᠬᠣᠶᠠᠷ ᠤᠨ ᠬᠣᠭᠣᠷᠣᠨᠳᠣᠬᠢ ᠭᠠᠵᠠᠷ ᠲᠤ ᠬᠦᠷᠪᠡ᠃ ᠤᠷᠢᠳᠤ ᠨᠢ ᠠᠪᠷᠠᠮ ᠲᠡᠨᠳᠡ ᠮᠠᠢᠬᠠᠨ ᠢᠶᠠᠨ ᠪᠠᠷᠢᠵᠤ᠂ 4 ᠪᠠᠰᠠ ᠲᠠᠬᠢᠯ ᠤᠨ ᠰᠢᠷᠡᠭᠡ ᠪᠣᠰᠬᠠᠭᠰᠠᠨ ᠶᠤᠮ᠃ ᠲᠡᠨᠳᠡ ᠠᠪᠷᠠᠮ ᠶᠣᠬᠣᠸᠠ ᠶᠢᠨ ᠨᠡᠷ᠎ᠡ ᠶᠢ ᠳᠠᠭᠤᠳᠠᠪᠠ᠃ 5 ᠠᠪᠷᠠᠮ ᠲᠠᠢ ᠬᠠᠮᠲᠤ ᠶᠠᠪᠤᠭ᠎ᠠ ᠯᠣᠲ ᠪᠠᠰᠠ ᠮᠠᠯ ᠰᠦᠷᠦᠭ᠂ ᠮᠠᠢᠬᠠᠨ ᠲᠠᠢ ᠪᠣᠯᠬᠣᠷ 6 ᠲᠡᠳᠡ ᠨᠢᠭᠡ ᠳᠣᠣᠷ᠎ᠠ ᠠᠮᠢᠳᠤᠷᠠᠬᠤ ᠳᠤ᠂ ᠲᠡᠷᠡ ᠭᠠᠵᠠᠷ ᠨᠢ ᠬᠦᠷᠦᠯᠴᠡᠬᠦ ᠦᠭᠡᠢ ᠪᠠᠢᠪᠠ᠃ ᠲᠡᠳᠡᠨ ᠦ ᠡᠳ᠋ ᠬᠥᠷᠥᠩᠭᠡ ᠠᠷᠪᠢᠨ ᠪᠣᠯᠬᠣᠷ ᠨᠢᠭᠡ ᠳᠣᠣᠷ᠎ᠠ ᠠᠮᠢᠳᠤᠷᠠᠬᠤ ᠶᠢᠨ ᠠᠷᠭ᠎ᠠ ᠦᠭᠡᠢ ᠪᠣᠯᠵᠠᠢ᠃ 7 ᠲᠡᠢᠮᠦ ᠡᠴᠡ ᠠᠪᠷᠠᠮ ᠤᠨ ᠮᠠᠯᠴᠢᠳ᠂ ᠯᠣᠲ ᠤᠨ ᠮᠠᠯᠴᠢᠳ ᠬᠣᠭᠣᠷᠣᠨᠳᠣ ᠪᠠᠨ ᠬᠡᠷᠡᠭᠦᠯ ᠪᠣᠯᠪᠠ᠃ ᠲᠡᠷᠡ ᠨᠤᠲᠤᠭ ᠲᠤ ᠺᠠᠨᠠᠨᠴᠤᠳ ᠪᠣᠯᠣᠨ ᠫᠧᠷᠢᠽᠴᠦᠳ ᠴᠤ ᠨᠤᠲᠤᠭᠯᠠᠨ ᠰᠠᠭᠤᠳᠠᠭ ᠪᠠᠢᠯ᠎ᠠ᠃

8 ᠠᠪᠷᠠᠮ ᠯᠣᠲ ᠲᠤ᠄ 《ᠪᠢᠳᠡ ᠪᠣᠯ ᠠᠬᠠᠨ ᠳᠡᠭᠦᠦᠰ ᠰᠢᠦ᠃ ᠴᠢ ᠪᠢᠳᠡ ᠬᠣᠶᠠᠷ ᠤᠨ ᠬᠣᠭᠣᠷᠣᠨᠳᠣ᠂ ᠪᠠᠰᠠ ᠲᠠᠨ ᠤ᠂ ᠮᠠᠨ ᠤ ᠮᠠᠯᠴᠢᠳ ᠤᠨ ᠬᠣᠭᠣᠷᠣᠨᠳᠣ ᠬᠡᠷᠡᠭᠦᠯ ᠪᠦᠦ ᠪᠠᠢᠭ︕ 9 ᠪᠦᠬᠦ ᠭᠠᠵᠠᠷ ᠨᠤᠲᠤᠭ ᠴᠢᠨᠦ ᠡᠮᠦᠨ᠎ᠡ ᠪᠠᠢᠭ᠎ᠠ ᠪᠤᠰᠤ ᠤᠤ︖ ᠴᠢ ᠨᠠᠳᠠ ᠠᠴᠠ ᠰᠠᠯᠵᠤ ᠶᠠᠪᠤᠭᠠᠴᠢ᠃ ᠬᠡᠷᠪᠡ ᠴᠢ ᠵᠡᠭᠦᠨᠰᠢ ᠪᠠᠨ ᠶᠠᠪᠤᠪᠠᠯ᠂ ᠪᠢ ᠪᠠᠷᠠᠭᠤᠨᠰᠢ ᠪᠠᠨ ᠶᠠᠪᠤᠶ᠎ᠠ᠃ ᠬᠡᠷᠪᠡ ᠴᠢ ᠪᠠᠷᠠᠭᠤᠨᠰᠢ ᠪᠠᠨ ᠶᠠᠪᠤᠪᠠᠯ ᠪᠢ ᠵᠡᠭᠦᠨᠰᠢ ᠪᠠᠨ ᠶᠠᠪᠤᠶ᠎ᠠ》 ᠭᠡᠪᠡ᠃ 10 ᠯᠣᠲ ᠨᠢᠳᠦ ᠡᠷᠭᠦᠨ᠂ ᠶᠣᠷᠳᠠᠨ ᠤ ᠲᠠᠯ᠎ᠠ ᠬᠥᠨᠳᠡᠢ ᠶᠢ ᠦᠵᠡᠬᠦ ᠳᠦ᠂ ᠽᠣᠶᠠᠷ ᠬᠦᠷᠲᠡᠯᠡᠬᠢ ᠪᠦᠬᠦ ᠭᠠᠵᠠᠷ ᠨᠢ ᠶᠣᠬᠣᠸᠠ ᠶᠢᠨ ᠴᠡᠴᠡᠷᠯᠢᠭ ᠪᠤᠶᠤ ᠶᠧᠵᠢᠫᠲ ᠤᠨ ᠨᠤᠲᠤᠭ ᠮᠡᠲᠦ ᠤᠰᠤ ᠰᠠᠢᠲᠠᠢ ᠪᠠᠢᠯ᠎ᠠ᠃ ᠲᠡᠷᠡ ᠦᠶ᠎ᠡ ᠳᠦ ᠶᠣᠬᠣᠸᠠ ᠰᠣᠳᠣᠮ᠂ ᠭᠣᠮᠣᠷᠠ ᠬᠣᠶᠠᠷ ᠢ ᠬᠠᠷᠠᠬᠠᠨ ᠤᠰᠠᠳᠬᠠᠭ᠎ᠠ ᠦᠭᠡᠢ ᠪᠠᠢᠭᠰᠠᠨ ᠶᠤᠮ᠃ 11 ᠯᠣᠲ ᠶᠣᠷᠳᠠᠨ ᠤ ᠲᠠᠯ᠎ᠠ ᠬᠥᠨᠳᠡᠢ ᠶᠢ ᠪᠦᠬᠦᠯᠢ ᠪᠠᠷ ᠨᠢ ᠰᠣᠩ᠋ᠭᠣᠵᠤ᠂ ᠵᠡᠭᠦᠨ ᠲᠡᠰᠢ ᠨᠡᠭᠦᠵᠡᠢ᠃ ᠡᠢᠨ ᠬᠦ ᠲᠡᠳᠡ ᠪᠡᠶ᠎ᠡ ᠪᠡᠶ᠎ᠡ ᠡᠴᠡ ᠪᠡᠨ ᠰᠠᠯᠵᠠᠭᠠᠪᠠ᠃ 12 ᠠᠪᠷᠠᠮ ᠺᠠᠨᠠᠨ ᠨᠤᠲᠤᠭ ᠲᠤ ᠰᠠᠭᠤᠭᠰᠠᠭᠠᠷ ᠪᠠᠢᠵᠤ᠂ ᠯᠣᠲ ᠲᠠᠯ᠎ᠠ ᠶᠢᠨ ᠬᠣᠲᠠ ᠨᠤᠭᠤᠳ ᠢᠶᠠᠷ ᠰᠠᠭᠤᠵᠤ ᠰᠣᠳᠣᠮ ᠤᠨ ᠣᠢᠷᠠᠯᠴᠠᠭ᠎ᠠ ᠮᠠᠢᠬᠠᠨ ᠢᠶᠠᠨ ᠪᠣᠰᠬᠠᠵᠠᠢ᠃ 13 ᠬᠠᠷᠢᠨ ᠰᠣᠳᠣᠮᠴᠤᠳ ᠶᠣᠬᠣᠸᠠ ᠶᠢᠨ ᠡᠮᠦᠨ᠎ᠡ ᠠᠳᠠᠭ ᠤᠨ ᠮᠠᠭᠤ ᠨᠢᠭᠦᠯᠲᠡᠳ ᠪᠠᠢᠭᠰᠠᠨ ᠶᠤᠮ᠃

14 ᠯᠣᠲ ᠰᠠᠯᠵᠤ ᠶᠠᠪᠤᠭᠰᠠᠨ ᠤ ᠳᠠᠷᠠᠭ᠎ᠠ ᠶᠣᠬᠣᠸᠠ ᠠᠪᠷᠠᠮ ᠳᠤ᠄ 《ᠴᠢ ᠨᠢᠳᠦ ᠪᠡᠨ ᠡᠷᠭᠦᠨ᠂ ᠪᠠᠢᠭ᠎ᠠ ᠭᠠᠵᠠᠷ ᠠᠴᠠ ᠪᠠᠨ ᠬᠣᠢᠨ᠎ᠠ᠂ ᠡᠮᠦᠨ᠎ᠡ᠂ ᠪᠠᠷᠠᠭᠤᠨ᠂ ᠵᠡᠭᠦᠨ ᠵᠦᠭ ᠲᠦ ᠬᠠᠷᠠᠭᠲᠤᠨ᠃ 15 ᠴᠢᠨᠦ ᠬᠠᠷᠠᠵᠤ ᠪᠠᠢᠭ᠎ᠠ ᠲᠡᠷᠡ ᠪᠦᠬᠦ ᠭᠠᠵᠠᠷ ᠨᠤᠲᠤᠭ ᠢ ᠪᠢ ᠴᠢᠮ᠎ᠠ ᠳᠤ ᠪᠣᠯᠣᠨ ᠴᠢᠨᠦ ᠦᠷ᠎ᠡ ᠤᠳᠤᠮ ᠳᠤ ᠡᠭᠦᠷᠢᠳᠡ ᠥᠭᠭᠥᠨ᠎ᠡ᠃ 16 ᠪᠢ ᠪᠠᠰᠠ ᠦᠷ᠎ᠡ ᠤᠳᠤᠮ ᠢ ᠴᠢᠨᠢ ᠭᠠᠵᠠᠷ ᠤᠨ ᠲᠣᠭᠣᠰᠣ ᠮᠡᠲᠦ ᠣᠯᠠᠰᠢᠷᠠᠭᠤᠯᠤᠨ᠎ᠠ᠃ ᠬᠡᠷᠪᠡ ᠬᠥᠮᠦᠨ ᠭᠠᠵᠠᠷ ᠤᠨ ᠲᠣᠭᠣᠰᠣ ᠶᠢ ᠲᠣᠭᠠᠯᠠᠵᠤ ᠴᠢᠳᠠᠳᠠᠭ ᠪᠣᠯ᠂ ᠴᠢᠨᠦ ᠦᠷ᠎ᠡ ᠤᠳᠤᠮ ᠢ ᠴᠤ ᠲᠣᠭᠠᠯᠠᠵᠤ ᠴᠢᠳᠠᠨ᠎ᠠ᠃ 17 ᠪᠢ ᠲᠡᠭᠦᠨ ᠢ ᠴᠢᠮ᠎ᠠ ᠳᠤ ᠥᠭᠭᠥᠶ᠎ᠡ᠂ ᠴᠢ ᠲᠡᠭᠦᠨ ᠦ ᠳᠡᠭᠡᠭᠦᠷ ᠬᠥᠨᠳᠡᠯᠡᠨ ᠢᠶᠡᠷ᠂ ᠭᠤᠯᠳᠤ ᠢᠶᠠᠷ ᠶᠠᠪᠤᠭᠠᠳ ᠦᠵᠡ》 ᠭᠡᠪᠡ᠃ 18 ᠡᠢᠮᠦ ᠡᠴᠡ ᠠᠪᠷᠠᠮ ᠮᠠᠢᠬᠠᠨ ᠢᠶᠠᠨ ᠨᠡᠭᠦᠯᠭᠡᠵᠦ᠂ ᠾᠧᠪᠷᠣᠨ ᠳᠠᠬᠢ ᠮᠠᠮᠷᠧ ᠭᠡᠳᠡᠭ ᠬᠥᠮᠦᠨ ᠦ ᠴᠠᠷᠠᠰᠤᠨ ᠮᠣᠳᠣ ᠲᠠᠢ ᠭᠠᠵᠠᠷ ᠲᠤ ᠣᠴᠢᠨ ᠰᠠᠭᠤᠷᠢᠰᠢᠵᠤ᠂ ᠲᠡᠨᠳᠡ ᠶᠣᠬᠣᠸᠠ ᠳᠤ ᠲᠠᠬᠢᠯ ᠤᠨ ᠰᠢᠷᠡᠭᠡ ᠪᠣᠰᠬᠠᠵᠠᠢ᠃